ᠤᠨᠳᠠᠬᠤ ᠠᠴᠠ ᠡᠮᠦᠨᠡᠬᠢ ᠨᠢᠭᠡ ᠴᠠᠭ ᠢ ᠢᠩᠭᠢᠵᠦ ᠠᠰᠢᠭᠯᠠᠭᠠᠷᠠᠢ
ᠨᠡᠶᠢᠲᠡᠯᠡᠭᠰᠡᠨ ᠴᠠᠭ᠄
2021/11/29
     ᠤᠨᠳᠠᠬᠤ ᠠᠴᠠ ᠪᠠᠨ ᠡᠮᠤᠨ᠎ᠡ ᠨᠢᠭᠡ ᠴᠠᠭ ᠨᠢ ᠦᠨᠡᠨᠳᠡᠭᠡᠨ ᠪᠢᠳᠡᠨ ᠤ ᠪᠡᠶ᠎ᠡ ᠰᠤᠪᠢᠯᠠᠯᠲᠠ ᠪᠣᠯᠤᠨ ᠡᠪᠡᠳᠴᠢᠨ ᠡᠮᠬᠡᠭ ᠢ ᠰᠡᠷᠭᠡᠶᠢᠯᠡᠬᠦ ᠰᠢᠵᠢᠷ ᠠᠯᠲᠠᠨ ᠴᠠᠭ ᠪᠣᠯᠤᠨ᠎ᠠ᠃ ᠡᠨᠡ ᠬᠦ᠋‍ ᠨᠢᠭᠡ ᠴᠠᠭ ᠢ ᠰᠠᠶᠢᠳᠤᠷ ᠠᠰᠢᠬᠯᠠᠪᠠᠯ ᠲᠠᠨ ᠤ ᠡᠷᠡᠭᠦᠯ ᠮᠡᠨᠳᠤ ᠳᠤ ᠶᠡᠬᠡᠬᠡᠨ ᠲᠤᠰᠠᠯᠠᠨ᠎ᠠ᠃      1᠂ ᠬᠥᠯ ᠢᠶᠠᠨ ᠤᠬᠢᠶᠠᠬᠤ᠄ ᠬᠥᠯ ᠪᠣᠯ ᠵᠢᠷᠦᠬᠡᠨ ᠠᠴᠠ ᠬᠠᠮᠤᠭ ᠤᠨ ᠬᠤᠯᠠ ᠬᠡᠰᠡᠭ ᠪᠠᠶᠢᠵᠤ᠂ ᠰᠢᠮ᠎ᠡ ᠲᠡᠵᠢᠭᠡᠯ ᠪᠣᠯᠤᠨ ᠴᠢᠰᠤ ᠠᠮᠠᠷᠬᠠᠨ ᠬᠦᠷᠳᠡᠭ ᠦᠭᠡᠢ᠃ ᠤᠨᠳᠠᠬᠤ ᠠᠴᠠ ᠪᠠᠨ ᠡᠮᠦᠨ᠎ᠡ ᠪᠦᠯᠢᠶᠡᠨ ᠤᠰᠤ ᠪᠠᠷ ᠬᠥᠯ  ᠢᠶᠠᠨ ᠳᠡᠪᠲᠦᠭᠡᠬᠦ ᠨᠢ ᠪᠡᠶ᠎ᠡ ᠶᠢᠨ ᠴᠢᠰᠤᠨ ᠡᠷᠬᠢᠯᠳᠡ ᠶᠢ ᠠᠬᠢᠭᠤᠯᠬᠤ᠂ ᠰᠢᠨ᠎ᠠ ᠬᠠᠭᠤᠴᠢᠨ ᠤ ᠰᠣᠯᠢᠯᠴᠠᠭ᠎ᠠ ᠶᠢ ᠲᠦᠷᠭᠡᠳᠭᠡᠬᠦ ᠳᠤ ᠪᠦᠷ ᠠᠰᠢᠭᠳᠠᠢ ᠶᠤᠮ᠃ ᠢᠯᠠᠩᠭᠤᠶ᠎ᠠ ᠬᠠᠬᠢᠷ ᠬᠦᠢᠲᠡᠨ ᠡᠪᠦᠯ ᠳᠤ᠂ ᠬᠡᠷᠪᠡ ᠡᠳᠦᠷ ᠪᠦᠷᠢ ᠤᠨᠳᠠᠬᠤ ᠠᠴᠠ ᠪᠠᠨ ᠡᠮᠦᠨ᠎ᠡ ᠪᠦᠯᠢᠶᠡᠨ ᠤᠰᠤ ︵40 °C 50 °C︶ ᠪᠠᠷ ᠬᠥᠯ ᠢᠶᠠᠨ ᠤᠬᠢᠶᠠᠵᠤ᠂ ᠬᠥᠯ  ᠤᠨ ᠤᠯᠠ ᠪᠠ ᠬᠥᠯ ᠤᠨ ᠬᠤᠷᠤᠭᠤ ᠪᠠᠨ ᠢᠯᠢᠵᠦ ᠨᠤᠬᠤᠯᠠᠬᠤ ᠲᠠᠳᠬᠠᠯ ᠲᠠᠢ ᠪᠣᠯᠪᠠᠯ᠂ ᠬᠡᠢ ᠴᠢᠰᠤᠨ ᠤ ᠡᠷᠬᠢᠯᠳᠡ ᠶᠢ ᠠᠬᠢᠭᠤᠯᠵᠤ᠂ ᠰᠢᠷᠪᠤᠰᠤ ᠶᠢ ᠲᠠᠯᠪᠢᠷᠠᠭᠤᠯᠵᠤ ᠭᠦᠶᠤᠳᠠᠯ ᠢ ᠰᠠᠶᠢᠵᠢᠷᠠᠭᠤᠯᠬᠤ ᠤᠶᠢᠯᠡᠳᠤᠯ ᠲᠠᠢ᠃      2᠂ ᠰᠢᠳᠦ ᠪᠠᠨ ᠤᠬᠢᠶᠠᠬᠤ᠄ ᠤᠨᠲᠠᠬᠤ ᠠᠴᠠ ᠪᠠᠨ ᠡᠮᠦᠨ᠎ᠡ ᠰᠢᠳᠦ ᠪᠠᠨ ᠤᠬᠢᠶᠠᠬᠤ ᠨᠢ ᠥᠷᠯᠥᠭᠡ ᠤᠬᠢᠶᠠᠭᠰᠠᠨ ᠠᠴᠠ ᠨᠡᠩ ᠴᠢᠬᠤᠯᠠ ᠪᠠᠶᠢᠵᠤ᠂ ᠠᠮᠠᠨ ᠬᠥᠨᠳᠡᠢ ᠶᠢ ᠠᠷᠢᠯᠭᠠᠬᠤ ᠲᠡᠳᠦᠢ ᠦᠭᠡᠢ ᠰᠢᠳᠤ ᠪᠠᠨ ᠬᠠᠮᠠᠭᠠᠯᠠᠬᠤ ᠳᠤ ᠠᠰᠢᠭᠳᠠᠢ᠂ ᠠᠮᠤᠷ ᠰᠠᠶᠢᠬᠠᠨ ᠤᠨᠳᠠᠬᠤ ᠳᠤ ᠴᠤ ᠲᠤᠰᠠᠲᠠᠢ ᠪᠠᠶᠢᠳᠠᠭ᠃ ᠬᠠᠮᠤᠭ ᠤᠨ ᠴᠢᠬᠤᠯᠠ ᠨᠢ ᠤᠨᠲᠠᠬᠤ ᠠᠴᠠ ᠪᠠᠨ ᠡᠮᠦᠨ᠎ᠡ ᠰᠢᠳᠤ ᠪᠠᠨ ᠴᠡᠪᠡᠷᠬᠡᠨ ᠤᠬᠢᠶᠠᠬᠤ ᠨᠢ ᠵᠢᠷᠦᠬᠡᠨ ᠤ ᠡᠪᠡᠳᠴᠢᠨ ᠢ ᠰᠡᠷᠭᠡᠶᠢᠯᠡᠬᠦ ᠤᠶᠢᠯᠡᠳᠤᠯ ᠲᠠᠢ᠃ ᠵᠠᠷᠢᠮ ᠰᠤᠳᠤᠯᠭᠠᠳᠠᠳ ᠤᠨ ᠢᠯᠡᠷᠡᠭᠦᠯᠦᠭ᠌ᠰᠡᠨ ᠢᠶᠠᠷ᠂ ᠵᠢᠷᠦᠬᠡᠨ ᠡᠪᠡᠳᠴᠢᠨ ᠪᠠ ᠰᠢᠳᠤᠨ ᠤ ᠡᠷᠡᠭᠦᠯ ᠮᠡᠨᠳᠦ ᠨᠢ ᠰᠢᠭᠤᠳ ᠬᠠᠷᠢᠴᠠᠭ᠎ᠠ ᠲᠠᠢ ᠪᠠᠶᠢᠵᠤ᠂ ᠰᠢᠳᠤᠨ ᠤ ᠬᠠᠮᠢᠶᠠᠳᠠᠢ ᠡᠪᠡᠳᠴᠢᠨ ᠤ ᠪᠠᠺᠲ᠋ᠧᠷᠢ ᠨᠢ ᠠᠳᠠᠯᠢᠬᠠᠨ ᠪᠤᠯᠬᠤᠷ ᠵᠢᠷᠤᠭᠡ ᠶᠢ ᠨᠦᠯᠦᠭᠡᠯᠡᠳᠡᠭ ᠭᠡᠵᠡᠢ᠃      3᠂ ᠭᠡᠵᠢᠭᠡ ᠪᠠᠨ ᠰᠠᠮᠨᠠᠬᠤ᠄ ᠰᠡᠳᠭᠢᠯ ᠰᠠᠨᠠᠭ᠎ᠠ ᠶᠢ ᠠᠮᠤᠷᠵᠢᠭᠤᠯᠵᠤ᠂ ᠵᠢᠷᠤᠭᠡ ᠶᠢ ᠠᠮᠤᠷᠵᠢᠭᠤᠯᠵᠤ᠂ ᠤᠷᠳᠦ ᠨᠠᠰᠤᠯᠠᠬᠤ ᠳᠤ ᠲᠤᠰᠠᠳᠠᠢ᠃ ᠪᠢᠳᠡᠨ ᠤ ᠲᠣᠯᠣᠭᠠᠢ ᠳᠡᠭᠡᠷ᠎ᠡ ᠮᠥᠨ ᠮᠠᠰᠢ ᠣᠯᠠᠨ ᠴᠢᠬᠤᠯᠠ ᠪᠠᠯᠴᠢᠷ ᠪᠠᠶᠢᠳᠠᠭ ᠠᠴᠠ ᠭᠡᠵᠢᠭᠡ ᠪᠠᠨ ᠰᠠᠮᠨᠠᠬᠤ᠂ ᠢᠯᠢᠵᠦ ᠨᠤᠬᠤᠯᠠᠬᠤ ᠪᠠᠷ ᠲᠠᠮᠵᠢᠨ ᠲᠤᠯᠤᠭᠠᠢ ᠶᠢᠨ ᠪᠠᠯᠴᠢᠷ ᠲᠤ ᠰᠡᠳᠡᠯᠲᠡ ᠥᠭᠴᠦ᠂ ᠡᠯᠢᠭᠡ ᠶᠢ ᠲᠡᠭᠰᠢᠯᠡᠬᠦ᠂ ᠬᠡᠢ ᠶᠢ ᠳᠠᠷᠤᠬᠤ᠂ ᠤᠶᠤᠨ ᠢ ᠨᠡᠭᠡᠭᠡᠵᠦ ᠮᠡᠳᠡᠷᠡᠯ ᠢ ᠰᠠᠬᠢᠬᠤ᠂ ᠡᠪᠡᠳᠬᠦ ᠶᠢ ᠵᠤᠭᠰᠤᠭᠠᠵᠤ ᠨᠢᠳᠤ ᠶᠢ ᠭᠡᠷᠡᠯᠲᠦᠭᠦᠯᠬᠦ ᠵᠡᠷᠭᠡ ᠦᠢᠯᠡᠳᠦᠯ ᠲᠠᠢ᠃ ᠤᠨᠲᠠᠬᠤ ᠠᠴᠠ ᠪᠠᠨ ᠡᠮᠦᠨ᠎ᠡ ᠬᠤᠶᠠᠷ ᠬᠤᠷᠤᠭᠤ  ᠪᠠᠷ ᠢᠶᠠᠨ ᠲᠣᠯᠣᠭᠠᠢ ᠶᠢᠨ ᠠᠷᠠᠰᠤ ᠪᠠᠨ ᠰᠠᠮᠨᠠᠵᠤ ᠤᠯᠠᠶᠢᠯᠭᠠᠨ ᠬᠠᠯᠠᠭᠤᠯᠠᠪᠠᠯ᠂ ᠲᠤᠯᠤᠭᠠᠢ ᠶᠢᠨ ᠬᠡᠰᠡᠭ ᠤᠨ ᠴᠢᠰᠤᠨ ᠤ ᠡᠷᠬᠢᠯᠳᠡ ᠶᠢ ᠨᠡᠪᠲᠡᠷᠡᠭᠦᠯᠵᠦ᠂ ᠶᠡᠭᠡ ᠲᠠᠷᠢᠬᠢᠨ ᠤ ᠰᠡᠳᠭᠢᠬᠦᠢ ᠪᠠ ᠴᠡᠭᠡᠵᠢᠯᠡᠬᠦ ᠴᠢᠳᠠᠪᠤᠷᠢ ᠶᠢ ᠲᠡᠭᠡᠭᠰᠢᠯᠡᠬᠦᠯᠤᠨ᠂ ᠦᠰᠦᠨ ᠤ ᠤᠭ ᠤᠨ ᠰᠢᠮ᠎ᠡ ᠲᠡᠵᠢᠭᠡᠯ ᠢ ᠠᠬᠢᠭᠤᠯᠵᠤ᠂ ᠦᠰᠦ ᠤᠨᠠᠬᠤ ᠶᠢ ᠪᠠᠭᠠᠰᠭᠠᠨ᠂ ᠶᠡᠭᠡ ᠲᠠᠷᠢᠬᠢᠨ ᠤ ᠶᠠᠳᠠᠷᠠᠯ ᠢ ᠠᠷᠢᠯᠭᠠᠨ᠎ᠠ᠃      4᠂ ᠤᠰᠤ ᠤᠤᠭᠤᠬᠤ᠄ ᠴᠢᠰᠤᠨ ᠤ ᠨᠢᠯᠴᠠᠭᠠᠢ ᠶᠢ ᠪᠠᠭᠤᠷᠠᠭᠤᠯᠤᠨ᠎ᠠ᠃ ᠬᠥᠮᠦᠨ ᠤᠨᠳᠠᠬᠤ ᠳᠠᠭᠠᠨ ᠠᠮᠠᠷᠬᠠᠨ ᠬᠥᠯᠥᠰᠥ ᠭᠠᠷᠴᠤ᠂ ᠴᠢᠰᠤᠨ ᠲᠤᠳᠤᠷᠠᠬᠢ ᠤᠰᠤ ᠪᠠᠭᠠᠰᠴᠤ᠂ ᠴᠢᠰᠤᠨ ᠤ ᠨᠢᠯᠴᠠᠭᠠᠢ ᠥᠨᠳᠥᠷ ᠪᠤᠯᠳᠠᠭ᠃ ᠵᠢᠷᠦᠬᠡ ᠴᠢᠰᠤᠨ ᠰᠤᠳᠠᠯ ᠤᠨ ᠡᠪᠡᠳᠴᠢᠳᠡᠨ ᠳᠤ ᠠᠪᠴᠤ ᠬᠡᠯᠡᠪᠡᠯ᠂ ᠡᠨᠡ ᠨᠢ ᠮᠠᠰᠢ ᠠᠶᠤᠯ ᠲᠠᠢ᠃ ᠤᠨᠲᠠᠬᠤ  ᠠᠴᠠ ᠪᠠᠨ ᠡᠮᠦᠨ᠎ᠡ ᠤᠰᠤ ᠤᠤᠭᠤᠬᠤ ᠶᠢᠨ ᠬᠠᠮᠤᠭ ᠤᠨ ᠰᠠᠶᠢᠨ ᠲᠠᠯ᠎ᠠ ᠪᠤᠯ ᠨᠢᠯᠴᠠᠭᠠᠶ ᠶᠢᠨ ᠬᠡᠮᠵᠢᠶ᠎ᠡ ᠶᠢ ᠪᠠᠭᠤᠷᠠᠭᠤᠯᠤᠨ᠎ᠠ᠃ ᠡᠶᠢᠮᠤ ᠠᠴᠠ ᠤᠨᠲᠠᠬᠤ ᠠᠴᠠ ᠪᠠᠨ ᠡᠮᠦᠨ᠎ᠡ ᠤᠰᠤ ᠤᠤᠭᠤᠬᠤ ᠨᠢ ᠴᠢᠰᠤᠨ ᠤ ᠦᠳᠭᠡᠴᠡ ᠶᠢ ᠰᠢᠩᠭᠡᠷᠡᠬᠦᠯᠵᠤ᠂ ᠵᠢᠷᠦᠬᠡᠨ ᠪᠤᠯᠴᠢᠩ ᠤᠨ ᠦᠬᠦᠵᠢᠯ᠂ ᠵᠢᠷᠦᠬᠡ ᠪᠠᠵᠠᠯᠠᠵᠤ ᠡᠪᠡᠳᠬᠦ᠂ ᠲᠠᠷᠢᠬᠢᠨ ᠰᠠ ᠵᠡᠷᠭᠡ ᠭᠡᠨᠡᠳᠲᠡ ᠶᠢᠨ ᠡᠪᠡᠳᠴᠢᠨ ᠡᠭᠦᠰᠭᠦ ᠨᠤᠷᠮ᠎ᠡ ᠶᠢ ᠪᠠᠭᠠᠰᠭᠠᠨ᠎ᠡ᠃ ᠰᠢᠬᠢᠷ ᠰᠢᠵᠢᠩ ᠡᠪᠡᠳᠴᠢᠳᠡᠨ ᠳᠤ ᠠᠪᠴᠤ ᠬᠡᠯᠡᠪᠡᠯ᠂ ᠵᠣᠬᠢᠬᠤ ᠬᠡᠮᠵᠢᠶᠡᠨ ᠤ ᠤᠰᠤ ᠤᠤᠭᠤᠬᠤ ᠶᠢ ᠪᠠᠲᠤᠯᠠᠬᠤ ᠨᠢ ᠴᠢᠰᠤᠨ ᠰᠢᠬᠢᠷ ᠢ ᠬᠢᠵᠠᠭᠠᠷᠯᠠᠬᠤ ᠳᠤ ᠠᠰᠢᠭᠳᠠᠢ ᠶᠤᠮ᠃      5᠂ ᠬᠥᠯ ᠢᠶᠠᠨ ᠨᠤᠬᠤᠯᠠᠬᠤ᠄ ᠴᠢᠰᠤᠨ ᠤ ᠡᠷᠬᠢᠯᠳᠡ ᠶᠢ ᠰᠠᠶᠢᠵᠢᠷᠠᠭᠤᠯᠤᠨ᠎ᠠ᠃ ᠤᠨᠲᠠᠬᠤ ᠠᠴᠠ ᠪᠠᠨ ᠡᠮᠦᠨ᠎ᠡ ᠪᠠᠰᠠ ᠵᠢᠭᠠᠬᠠᠨ ᠪᠡᠶ᠎ᠡ ᠰᠤᠪᠢᠯᠠᠬᠤ ᠠᠵᠢᠯ ᠬᠢᠵᠦ ᠪᠣᠯᠤᠨ᠎ᠠ᠂ ᠵᠢᠱᠢᠶᠡᠯᠡᠪᠡᠯ ᠰᠢᠯᠪᠢ ᠪᠠᠨ ᠨᠤᠬᠤᠯᠠᠵᠤ ᠴᠢᠮᠬᠢᠬᠦ᠃ ᠢᠩᠭᠢᠵᠦ ᠬᠢᠬᠦ ᠶᠢᠨ ᠰᠠᠶᠢᠨ ᠲᠠᠢ ᠲᠠᠯ᠎ᠠ ᠨᠢ ᠨᠠᠮᠵᠢᠭᠤᠨ ᠰᠤᠳᠠᠯ ᠤᠨ ᠴᠢᠰᠤᠨ ᠤ ᠡᠷᠬᠢᠯᠳᠡ ᠶᠢ ᠰᠠᠶᠢᠵᠢᠷᠠᠭᠤᠯᠵᠤ᠂ ᠴᠢᠰᠤᠨ ᠥᠭᠡᠬᠦ ᠥᠨᠳᠥᠷ᠂ ᠴᠢᠰᠤᠨ ᠳᠠᠷᠤᠯᠲᠠ ᠥᠨᠳᠥᠷ ᠡᠪᠡᠳᠴᠢᠲᠡᠨ ᠳᠤ ᠲᠤᠰᠠᠯᠠᠬᠤ ᠦᠢᠯᠡᠳᠦᠯ ᠲᠠᠢ ᠪᠥᠭᠡᠳ ᠪᠠᠰᠠ ᠵᠢᠷᠦᠬᠡᠨ ᠡᠪᠡᠳᠴᠢᠨ ᠢ ᠰᠡᠷᠭᠡᠶᠢᠯᠡᠵᠤ ᠴᠢᠳᠠᠨ᠎ᠠ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ