ᠪᠢᠴᠢᠯ ᠺᠤᠮᠫᠢᠦ᠋ᠲ᠋ᠧᠷ ᠢᠶᠠᠷ ᠳᠠᠯᠪᠢᠭᠤᠷ ᠺᠤᠮᠫᠢᠦ᠋ᠲ᠋ᠧᠷ ᠢ ᠤᠷᠤᠯᠠᠬᠤ ᠳᠠᠯᠪᠢᠭᠤᠷ ᠺᠤᠮᠫᠢᠦ᠋ᠲ᠋ᠧᠷ ᠤᠨ | ᠰᠠᠴᠤᠷᠠᠭ ᠨᠢ ᠪᠢᠴᠢᠯ ᠺᠤᠮᠫᠢᠦ᠋ᠲ᠋ᠧᠷ ᠠᠴᠠ ᠢᠯᠡᠬᠦᠤ ᠪᠠᠶᠢᠳᠠᠭ᠃ ᠤᠷᠳᠤ ᠬᠤᠭᠤᠴᠠᠭ᠎ᠠ ᠪᠠᠷ ᠬᠡᠳᠤ ᠬᠦᠴᠤᠯᠠᠴᠠ | ᠪᠦᠬᠦᠢ ᠺᠤᠮᠫᠢᠦ᠋ᠲ᠋ᠧᠷ ᠤᠨ ᠳᠤᠤᠷ᠎ᠠ ᠳᠠᠪᠳᠠᠮᠵᠢᠳᠤ ᠴᠠᠬᠢᠯᠭᠠᠨ ᠰᠤᠷᠢᠨᠵᠢᠨ ᠤ ᠰᠠᠴᠤᠷᠠᠭ ᠤᠷᠤᠰᠢᠬᠤ ᠤᠷᠴᠢᠨ | ᠳᠤᠭᠤᠷᠢᠨ ᠳᠤ ᠠᠵᠢᠯᠯᠠᠪᠠᠯ᠂ ᠳᠤᠯᠤᠭᠠᠢ ᠡᠷᠬᠢᠬᠦ᠂ ᠳᠤᠯᠤᠭᠠᠢ ᠡᠪᠡᠳᠬᠦ᠂ ᠴᠡᠬᠡᠵᠢᠯᠡᠬᠦ ᠴᠢᠳᠠᠪᠤᠷᠢ ᠳᠤᠷᠤᠭᠰᠢᠯᠠᠬᠤ᠂ | ᠡᠪᠡᠳᠴᠢᠨ ᠢ ᠡᠰᠡᠷᠬᠦᠴᠡᠬᠦ ᠴᠢᠳᠠᠪᠤᠷᠢ ᠳᠤᠷᠤᠭᠰᠢᠯᠠᠬᠤ᠂ ᠵᠠᠷᠢᠮ ᠡᠮᠡᠭᠳᠡᠶᠢᠴᠤᠳ ᠰᠠᠷ᠎ᠠ ᠶᠢᠨ ᠭᠬᠢᠷ ᠳᠡᠭᠰᠢ ᠦᠬᠡᠢ | ᠪᠤᠯᠬᠤ᠂ ᠦᠮᠠᠨ ᠡᠪᠡᠳᠴᠢᠨ ᠵᠡᠷᠬᠡ ᠶᠢ ᠡᠬᠦᠰᠬᠡᠳᠡᠭ᠃ ᠪᠢᠴᠢᠯ ᠺᠤᠮᠫᠢᠦ᠋ᠲ᠋ᠧᠷ ᠢ ᠬᠠᠮᠤᠭ ᠰᠠᠶᠢᠨ ᠨᠢ ᠴᠠᠬᠢᠯᠭᠠᠨ | ᠴᠡᠨᠡᠭᠯᠡᠵᠤ ᠪᠠᠶᠢᠭ᠎ᠠ ᠦᠶ᠎ᠠ ᠳᠤ ᠵᠠᠷᠤᠬᠤ ᠦᠬᠡᠢ᠃ ᠤᠴᠢᠷ ᠨᠢ ᠴᠠᠬᠢᠯᠭᠠᠨ ᠨᠡᠪᠳᠡᠷᠡᠵᠤ ᠪᠠᠶᠢᠭ᠎ᠠ ᠦᠶ᠎ᠠ ᠶᠢᠨ | ᠬᠦᠴᠤᠳᠡᠯ ᠦᠬᠡᠷᠡᠴᠢᠯᠡᠭᠴᠢ ᠪᠤᠯ ᠬᠠᠮᠤᠭ ᠶᠡᠭᠡ ᠰᠠᠴᠤᠷᠠᠭ ᠰᠠᠳᠠᠷᠠᠭᠤᠯᠤᠭᠴᠢ ᠮᠦᠨ᠃ ᠺᠤᠮᠫᠢᠦ᠋ᠲ᠋ᠧᠷ ᠤᠨ | ᠳᠡᠯᠬᠡᠴᠠ ᠶᠢ ᠡᠳᠤᠷ ᠪᠦᠷᠢ ᠠᠷᠴᠢᠵᠤ ᠴᠡᠪᠡᠷᠯᠡᠨ᠎ᠠ ᠺᠤᠮᠫᠢᠦ᠋ᠲ᠋ᠧᠷ ᠤᠨ ᠳᠡᠯᠬᠡᠴᠠ ᠳᠠᠶᠢᠪᠤᠡᠭ ᠴᠠᠬᠢᠯᠭᠠᠨ | ᠡᠬᠦᠰᠦᠭᠰᠡᠨ ᠠᠴᠠ ᠪᠤᠯᠵᠤ ᠳᠤᠭᠤᠰᠤ ᠠᠮᠠᠷᠬᠠᠨ ᠨᠠᠭᠠᠯᠳᠤᠨ᠎ᠠ᠂ ᠡᠳᠡᠬᠡᠷ ᠨᠠᠷᠢᠨ ᠳᠤᠭᠤᠰᠤ ᠨᠢ ᠰᠠᠴᠤᠷᠠᠭ ᠢ | ᠰᠠᠳᠠᠷᠠᠭᠤᠯᠬᠤ ᠶᠢ ᠠᠬᠢᠭᠤᠯᠳᠠᠭ᠃ ᠡᠶᠢᠮᠤ ᠠᠴᠠ ᠡᠳᠤᠷ ᠪᠦᠷᠢ ᠺᠤᠮᠫᠢᠦ᠋ᠲ᠋ᠧᠷ ᠢᠶᠠᠨ ᠨᠡᠬᠡᠬᠡᠬᠦ ᠠᠴᠠ ᠡᠮᠤᠨ᠎ᠠ ᠳᠤᠰᠬᠠᠢ | ᠳᠡᠯᠬᠡᠴᠠ ᠴᠡᠪᠡᠷᠯᠡᠬᠦ ᠡᠳ᠋ ᠢᠶᠠᠷ ᠠᠷᠴᠢᠵᠤ ᠴᠡᠪᠡᠷᠯᠡᠪᠠᠯ ᠵᠤᠬᠢᠨ᠎ᠠ᠃ ᠺᠤᠮᠫᠢᠦ᠋ᠲ᠋ᠧᠷ ᠤᠨ ᠳᠡᠷᠬᠡᠳᠠ ᠨᠢᠬᠡ ᠴᠠᠭ | ᠰᠠᠭᠤᠪᠠᠯ ᠪᠤᠰᠴᠤ ᠠᠷᠪᠠᠨ ᠮᠢᠨᠦ᠋ᠲ ᠬᠦᠳᠡᠯᠬᠡᠬᠡᠨ ᠬᠢᠨ᠎ᠠ ᠤᠷᠳᠤ ᠬᠤᠭᠤᠴᠠᠭ᠎ᠠ ᠪᠠᠷ ᠰᠠᠭᠤᠵᠤ ᠠᠵᠢᠯᠯᠠᠬᠤ ᠨᠢ ᠪᠦᠬᠦ | ᠪᠡᠶ᠎ᠠ ᠶᠢᠨ ᠴᠢᠰᠤᠨ ᠡᠷᠬᠢᠯᠳᠠ ᠪᠠ ᠯᠢᠮᠹᠠ ᠶᠢᠨ ᠡᠷᠬᠢᠯᠳᠠ ᠶᠢ ᠤᠳᠠᠭᠠᠰᠢᠷᠠᠭᠤᠯᠵᠤ᠂ ᠰᠤᠯᠢᠯᠴᠠᠭᠠᠨ ᠤ ᠬᠠᠶᠠᠭᠳᠠᠮᠠᠯ | ᠡᠳ᠋ ᠪᠡᠶ᠎ᠠ ᠳᠤ ᠬᠤᠷᠠᠵᠤ ᠴᠤᠭᠯᠠᠷᠠᠭᠠᠳ ᠳᠦᠷᠪᠠᠨ ᠮᠦᠴᠢ ᠬᠠᠪᠤᠩᠨᠠᠬᠤ ᠨᠢᠳᠤ ᠡᠪᠡᠳᠬᠦ ᠵᠡᠷᠬᠡ ᠪᠠᠶᠢᠳᠠᠯ ᠢ | ᠡᠬᠦᠰᠬᠡᠳᠡᠭ᠃ ᠤᠷᠳᠤ ᠬᠤᠭᠤᠴᠠᠭ᠎ᠠ ᠪᠠᠷ ᠠᠵᠢᠯᠯᠠᠬᠤ ᠨᠢ ᠶᠡᠭᠡ ᠳᠠᠷᠢᠬᠢᠨ ᠤ ᠬᠠᠯᠢᠰᠤᠨ ᠳᠠᠪᠬᠤᠷᠭ᠎ᠠ ᠶᠢᠨ | ᠵᠦᠳᠡᠷᠡᠯ ᠢ ᠡᠬᠦᠰᠬᠡᠵᠤ ᠠᠵᠢᠯ ᠤᠨ ᠪᠦᠳᠤᠮᠵᠢ ᠶᠢ ᠳᠤᠭᠤᠭᠰᠢᠯᠠᠭᠤᠯᠳᠠᠭ᠃ ᠭᠤᠷᠪᠠᠨ ᠴᠠᠭ ᠠᠯᠤᠰᠯᠠᠪᠠᠯ ᠨᠢᠬᠡ | ᠤᠳᠠᠭ᠎ᠠ ᠨᠢᠭᠤᠷ ᠢᠶᠠᠨ ᠤᠬᠢᠶᠠᠨ᠎ᠠ ᠺᠤᠮᠫᠢᠦ᠋ᠲ᠋ᠧᠷ ᠢ ᠬᠡᠷᠡᠭᠯᠡᠬᠦ ᠦᠶᠡᠰ ᠬᠦᠮᠤᠨ ᠤ ᠬᠠᠴᠠᠷ ᠳᠡᠬᠡᠷ᠎ᠠ ᠴᠦᠬᠡᠨ ᠪᠤᠰᠤ | ᠰᠠᠴᠤᠷᠠᠭ ᠮᠦᠬᠦᠯᠢᠭ ᠰᠠᠭᠤᠵᠤ᠂ ᠴᠠᠬᠢᠯᠭᠠᠨ ᠰᠤᠷᠢᠨᠵᠢᠨ ᠤ ᠪᠤᠬᠢᠷᠳᠤᠯ ᠢ ᠡᠬᠦᠰᠬᠡᠵᠤ᠂ ᠨᠢᠭᠤᠷ ᠤᠨ ᠠᠷᠠᠰᠤ ᠶᠢ | ᠬᠡᠮᠳᠤᠬᠡᠳᠡᠭ᠃ ᠢᠶᠢᠮᠤ ᠠᠴᠠ ᠴᠡᠪᠡᠷ ᠤᠰᠤ ᠪᠠᠷ ᠨᠢᠭᠤᠷ ᠢᠶᠠᠨ ᠤᠬᠢᠶᠠᠬᠤ ᠨᠢ 70% ᠠᠴᠠ ᠳᠡᠬᠡᠭᠰᠢᠬᠢ ᠰᠠᠴᠤᠷᠠᠭ | ᠮᠦᠬᠦᠯᠢᠭ ᠢ ᠠᠷᠢᠯᠭᠠᠵᠤ ᠴᠢᠳᠠᠳᠠᠭ᠃ ᠰᠠᠴᠤᠷᠠᠭ ᠢ ᠡᠰᠡᠷᠬᠦᠴᠡᠬᠦ ᠢᠳᠡᠬᠡᠨ ᠤᠮᠳᠠᠭᠠᠨ ᠰᠢᠷ᠎ᠠ ᠯᠤᠤᠪᠠᠨᠭ᠌᠂ | ᠪᠤᠷᠴᠠᠭ ᠤᠨ ᠴᠢᠴᠢᠬᠡᠰᠤ᠂ ᠳᠦᠪᠡᠳ ᠬᠠᠰᠢ᠂ ᠬᠠᠷ᠎ᠠ ᠮᠢᠬ᠎ᠠ᠂ ᠡᠯᠢᠬᠡ ᠵᠡᠷᠬᠡ ᠢᠳᠡᠬᠡᠨ ᠢ ᠢᠳᠡᠵᠤ᠂ ᠨᠤᠭᠤᠭᠠᠨ | ᠴᠠᠢ᠂ ᠤᠳᠪᠠᠯᠠ ᠴᠡᠴᠡᠭ ᠤᠨ ᠴᠠᠢ ᠵᠡᠷᠬᠡ ᠶᠢ ᠤᠤᠭᠤᠪᠠᠯ ᠰᠠᠶᠢᠨ᠃ ᠡᠬᠦᠨ ᠠᠴᠠ ᠭᠠᠳᠠᠨ᠎ᠠ᠂ ᠰᠢᠷᠡᠬᠡᠨ ᠳᠡᠬᠡᠷ᠎ᠠ | ᠬᠡᠳᠤᠨ ᠪᠠᠨᠠᠨᠠ ᠳᠠᠯᠪᠢᠪᠠᠯ᠂ ᠪᠠᠨᠠᠨᠠ ᠶᠢᠨ ᠠᠭᠤᠯᠬᠤ ᠺᠠᠯᠢ ᠨᠢ ᠨᠢᠳᠤ ᠬᠠᠳᠠᠵᠤ ᠡᠪᠡᠳᠬᠦ ᠳᠤ ᠳᠤᠰᠠᠳᠠᠢ ᠪᠠᠶᠢᠳᠠᠭ᠃ | ᠺᠤᠮᠫᠢᠦ᠋ᠲ᠋ᠧᠷ ᠤᠨ ᠬᠠᠵᠠᠭᠤ ᠳᠤ ᠬᠠᠮᠢᠭ᠎ᠠ ᠦᠬᠡᠢ ᠳᠡᠮᠦᠷᠯᠢᠭ ᠪᠤᠳᠠᠰ ᠢ ᠳᠠᠯᠪᠢᠬᠤ ᠦᠬᠡᠢ ᠡᠳᠡᠬᠡᠷ ᠳᠡᠮᠦᠷᠯᠢᠭ | ᠪᠤᠳᠠᠰ ᠨᠢ ᠬᠤᠶᠠᠳᠠᠬᠢ ᠤᠳᠠᠭᠠᠨ ᠤ ᠴᠠᠬᠢᠯᠭᠠᠨ ᠰᠤᠷᠢᠨᠵᠢᠨ ᠰᠠᠴᠤᠷᠠᠭ ᠤᠨ ᠪᠤᠬᠢᠷᠳᠤᠯ ᠢ ᠡᠬᠦᠰᠬᠡᠬᠦ ᠪᠤᠯᠤᠮᠵᠢ ᠲᠠᠢ᠃ | ᠺᠤᠮᠫᠢᠦ᠋ᠲ᠋ᠧᠷ ᠤᠨ ᠳᠡᠯᠬᠡᠴᠠ ᠶᠢᠨ ᠬᠡᠬᠡ ᠶᠢ ᠪᠠᠭᠤᠷᠠᠭᠤᠯᠬᠤ ᠡ᠊ᠡᠭ ᠤᠨ ᠪᠠᠶᠢᠳᠠᠯ ᠳᠤ᠂ ᠳᠡᠯᠬᠡᠴᠠ ᠨᠢ ᠬᠡᠳᠤᠢ | ᠬᠡᠬᠡ ᠲᠠᠢ ᠪᠤᠯ ᠰᠠᠳᠠᠷᠠᠭᠤᠯᠬᠤ ᠰᠠᠴᠤᠷᠠᠭ ᠨᠢ ᠳᠡᠳᠤᠢ ᠶᠡᠭᠡ᠃ ᠦᠷᠬᠦᠯᠵᠢ ᠺᠤᠮᠫᠢᠦ᠋ᠲ᠋ᠧᠷ ᠤᠨ ᠳᠡᠷᠬᠡᠳᠠ | ᠠᠵᠢᠯᠯᠠᠳᠠᠭ ᠬᠦᠮᠤᠰ ᠳᠡᠯᠬᠡᠴᠠ ᠪᠠᠨ ᠨᠤᠭᠤᠭᠠᠨ ᠦᠡᠭᠬᠡ ᠲᠠᠢ ᠪᠤᠯᠭᠠᠪᠠᠯ ᠨᠢᠳᠤ ᠶᠢ ᠬᠠᠮᠠᠭᠠᠯᠠᠬᠤ ᠤᠶᠢᠢᠯᠡᠳᠤᠯ ᠲᠠᠢ᠃ | ᠺᠤᠮᠫᠢᠦ᠋ᠲ᠋ᠧᠷ ᠤᠨ ᠳᠤᠰᠬᠠᠢ ᠦᠡᠭᠬᠡ ᠰᠢᠬᠦᠬᠦ ᠰᠢᠯ ᠢ ᠬᠡᠷᠡᠭᠯᠡᠬᠦ ᠺᠤᠮᠫᠢᠦ᠋ᠲ᠋ᠧᠷ ᠤᠨ ᠳᠡᠯᠬᠡᠴᠠ ᠳᠤ ᠳᠤᠰᠬᠠᠢ ᠦᠡᠭᠬᠡ | ᠰᠢᠬᠦᠬᠦ ᠰᠢᠯ ᠢ ᠳᠠᠭᠠᠷᠠᠭᠤᠯᠪᠠᠯ ᠮᠦᠨ ᠳᠡᠯᠬᠡᠴᠠ ᠠᠴᠠ ᠰᠠᠳᠠᠷᠠᠭᠤᠯᠬᠤ ᠰᠠᠴᠤᠷᠠᠭ ᠢ ᠪᠠᠭᠠᠰᠬᠠᠵᠤ ᠴᠢᠳᠠᠨ᠎ᠠ᠃ | ᠺᠤᠮᠫᠢᠦ᠋ᠲ᠋ᠧᠷ ᠤᠨ ᠳᠠᠯᠪᠢᠬᠤ ᠪᠠᠶᠢᠷᠢᠯᠠᠯ ᠺᠤᠮᠫᠢᠦ᠋ᠲ᠋ᠧᠷ ᠤᠨ ᠠᠷᠤ ᠳᠠᠯ᠎ᠠ ᠪᠠ ᠵᠡᠬᠦᠨ ᠪᠠᠷᠠᠭᠤᠨ ᠳᠠᠯ᠎ᠠ ᠠᠴᠠ ᠡᠬᠦᠰᠬᠦ | ᠰᠠᠴᠤᠷᠠᠭ ᠨᠢ ᠨᠢᠭᠤᠷ ᠳᠠᠯ᠎ᠠ ᠠᠴᠠ ᠢᠯᠡᠬᠦᠤ ᠪᠠᠶᠢᠳᠠᠭ᠂ ᠡᠶᠢᠮᠤ ᠠᠴᠠ ᠠᠯᠢ ᠴᠢᠳᠠᠬᠤ ᠪᠠᠷ ᠺᠤᠮᠫᠢᠦ᠋ᠲ᠋ᠧᠷ ᠤᠨ ᠠᠷᠤ | ᠳᠠᠯ᠎ᠠ ᠶᠢ ᠪᠤᠰᠤᠳ ᠤᠨ ᠵᠦᠭ ᠬᠠᠨᠳᠤᠭᠤᠯᠬᠤ ᠦᠬᠡᠢ᠃ ᠰᠢᠷᠡᠬᠡᠨ ᠳᠡᠬᠡᠷ᠎ᠠ ᠨᠤᠭᠤᠭᠠᠨ ᠤᠷᠭᠤᠮᠠᠯ ᠳᠠᠯᠪᠢᠬᠤ | ᠠᠷᠰᠢ ᠶᠢᠨ ᠠᠯᠠᠭ᠎ᠠ᠂ ᠠᠷᠰᠢ ᠶᠢᠨ ᠪᠦᠮᠪᠦᠭᠡ ᠵᠡᠷᠬᠡ ᠦᠷᠬᠡᠰᠤᠳᠤ ᠤᠷᠭᠤᠮᠠᠯ ᠨᠢ ᠴᠠᠬᠢᠯᠭᠠᠨ ᠰᠤᠷᠢᠨᠵᠢᠨ ᠰᠠᠴᠤᠷᠠᠭ ᠢ | ᠰᠢᠩᠬᠡᠬᠡᠬᠦ ᠤᠨᠴᠠᠭᠠᠢ ᠦᠢᠯᠡᠳᠤᠯ ᠲᠠᠢ᠃ | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ |