ᠴᠢᠩᠬᠢᠰ ᠬᠠᠭᠠᠨ ᠤ ᠪᠢᠯᠢᠭ ᠰᠤᠷᠭᠠᠯ ︵ᠳᠥᠷᠪᠡ︶
ᠨᠡᠶᠢᠲᠡᠯᠡᠭᠰᠡᠨ ᠴᠠᠭ᠄
2021/11/8
ᠴᠢᠩᠬᠢᠰ ᠬᠠᠭᠠᠨ ᠵᠠᠩᠵᠤᠨ ᠰᠠᠶᠢᠳ ᠢᠶᠠᠨ ᠰᠤᠷᠭᠠᠨ ᠰᠤᠶᠤᠷᠬᠠᠷᠤᠨ᠄      ᠭᠡᠭᠡᠨ ᠡᠳᠦᠷ ᠤᠨ ᠨᠢᠳᠦᠨ ᠪᠤᠯᠵᠤ      ᠬᠠᠷᠠᠩᠭᠤᠢ ᠰᠥᠨᠢ ᠶᠢᠨ ᠴᠢᠬᠢᠨ ᠪᠤᠯᠤᠭᠲᠤᠨ᠃      ᠦᠵᠡᠭᠰᠡᠨ ᠢᠶᠠᠨ ᠥᠯᠥ ᠳᠠᠯᠳᠠᠯᠠᠵᠤ      ᠮᠡᠳᠡᠭᠰᠡᠨ ᠢᠶᠠᠨ ᠪᠢᠲᠡᠭᠡᠢ ᠨᠢᠭᠤᠭᠳᠤᠨ᠃      ᠥᠰᠲᠦ ᠳᠠᠶᠢᠰᠤᠨ ᠢᠷᠡᠭᠦᠢ ᠳᠤᠷ      ᠦᠨᠳᠦᠷ ᠠᠭᠤᠯᠠ ᠥᠨᠳᠡᠯᠵᠡᠨ ᠴᠢᠮᠡᠭᠡᠯᠡᠵᠦ      ᠰᠢᠷᠦᠭᠦᠨ ᠰᠠᠯᠬᠢ ᠱᠤᠤᠭᠢᠨ ᠢᠷᠡᠶᠦ      ᠬᠠᠯᠳᠠᠬᠤ ᠳᠠᠶᠢᠰᠤᠨ ᠵᠢᠭᠤᠳᠠᠬᠤᠢ ᠳᠤᠷ      ᠬᠠᠳᠠᠲᠤ ᠠᠭᠤᠯᠠ ᠠᠴᠠ ᠰᠤᠮᠤ ᠪᠠᠭᠤᠵᠤ      ᠬᠠᠪᠴᠢᠯ ᠡᠷᠭᠢ ᠬᠠᠭᠠᠭᠠᠨ ᠪᠤᠭᠤᠶᠤ᠃      ᠬᠠᠮᠤᠭ ᠤᠯᠠᠨ ᠠᠷᠠᠳ ︽ᠴᠢᠩᠬᠢᠰ ᠬᠠᠭᠠᠨ︾᠂ ︽ᠴᠢᠩᠬᠢᠰ ᠬᠠᠭᠠᠨ︾ ᠭᠡᠵᠦ ᠤᠤᠬᠠᠢ ᠳᠦᠷᠢᠵᠦ ᠪᠠᠶᠢᠬᠤᠢ ᠳᠤ ᠲᠡᠮᠦᠵᠢᠨ ᠠᠷᠠᠳ ᠤᠯᠠᠨ ᠳᠠᠭᠠᠨ ᠠᠩᠬ᠎ᠠ ᠠᠮᠠ ᠨᠡᠭᠡᠭᠡᠵᠦ ᠬᠡᠯᠡᠬᠦ ᠳᠡᠭᠡᠨ᠄      ᠠᠬᠠᠰ ᠵᠠᠬᠠᠰ ᠠᠨᠳᠠ ᠲᠠ ᠨᠠᠷ ᠲᠠᠭᠠᠨ      ᠠᠨᠳᠠᠭᠠᠶᠢᠯᠠᠵᠤ ᠲᠡᠮᠦᠵᠢᠨ ᠮᠢᠨᠤ ᠬᠡᠯᠡᠬᠦ ᠨᠢ      ᠪᠤᠲᠠᠷᠠᠵᠤ ᠰᠠᠯᠤᠭᠰᠠᠨ ᠮᠤᠩᠭᠤᠯᠴᠤᠳ ᠢᠶᠠᠨ ᠨᠢᠭᠡᠳᠬᠡᠵᠦ      ᠪᠤᠯᠲᠤ ᠤᠯᠠᠨ ᠢᠶᠠᠷ ᠢᠶᠠᠨ ᠪᠠᠶᠠᠵᠢᠨ ᠵᠢᠷᠭᠠᠬᠤ ᠶᠢ ᠬᠦᠰᠡᠶᠦ      ᠬᠠᠯᠳᠠᠵᠤ ᠢᠷᠡᠭᠰᠡᠨ ᠳᠠᠶᠢᠰᠤᠨ ᠢ ᠬᠠᠮᠬ᠎ᠠ ᠳᠠᠭᠠᠷᠢᠵᠤ      ᠬᠤᠲᠠᠯᠠ ᠤᠯᠠᠨ ᠢᠶᠠᠨ ᠡᠩᠬᠡ ᠠᠮᠤᠷ ᠪᠤᠯᠭᠠᠶᠤ᠃                ︵ᠰ᠊ · ᠴᠡᠷᠡᠩᠪᠠᠯᠳᠠᠪ᠂ ᠴ᠊ · ᠮᠢᠨᠵᠢᠨ᠄ ︽ᠲᠡᠮᠦᠵᠢᠨ — ᠴᠢᠩᠬᠢᠰ ᠬᠠᠭᠠᠨ ᠤ ᠨᠠᠮᠲᠠᠷ︾ ᠠᠴᠠ︶
 
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号