ᠵᠠᠬ᠎ᠠ ᠳᠡᠯᠭᠡᠭᠦᠷ ᠲᠤ ᠬᠤᠳᠠᠯᠳᠤᠵᠤ ᠪᠠᠶᠢᠭ᠎ᠠ ᠲᠥᠭᠦᠬᠡᠢ ᠭᠠᠭ᠋ᠠᠢ ᠶᠢᠨ ᠮᠢᠬ᠎ᠠ ᠶᠢᠨ ᠳᠡᠭᠡᠷ᠎ᠠ ᠪᠠᠶᠢᠴᠠᠭᠠᠯᠳᠠ ᠶᠢ | ᠳᠠᠮᠵᠢᠭᠠᠳ ᠳᠠᠷᠤᠭᠰᠠᠨ ᠠᠳᠠᠯᠢ ᠪᠤᠰᠤ ᠳᠠᠮᠠᠭ᠎ᠠ ᠨᠤᠭᠤᠳ ᠥᠷᠭᠦᠯᠵᠢ ᠬᠠᠷᠠᠭᠳᠠᠳᠠᠭ᠃ ᠡᠳᠡᠭᠡᠷ ᠳᠠᠮᠠᠭ᠎ᠠ ᠪᠤᠯ | ᠬᠠᠮᠢᠶ᠎ᠠ ᠪᠥᠬᠦᠢ ᠰᠠᠯᠠᠭ᠎ᠠ ᠮᠥᠴᠢᠷ ᠤᠨ ᠬᠢᠨ ᠤᠯᠤᠰ ᠤᠨ ᠳᠤᠭᠳᠠᠭᠠᠯ ᠢ ᠥᠨᠳᠤᠰᠤᠯᠡᠵᠤ᠂ ᠮᠢᠬᠠᠨ ᠤ ᠭᠡᠮ ᠬᠢᠵᠢᠭ ᠢ | ᠪᠠᠶᠢᠴᠠᠭᠠᠭᠰᠠᠨ ᠳᠡᠮᠳᠡᠭ ᠪᠤᠯᠤᠨ᠎ᠠ᠃ ᠬᠡᠷᠡᠭᠯᠡᠭᠴᠢᠳ ᠡᠳᠡᠭᠡᠷ ᠠᠳᠠᠯᠢ ᠪᠤᠰᠤ ᠶᠢᠨ ᠳᠡᠮᠳᠡᠭ ᠢ ᠮᠡᠳᠡᠨ ᠠᠪᠴᠤ᠂ ᠵᠠᠬ᠎ᠠ | ᠳᠡᠯᠭᠡᠭᠦᠷ ᠲᠤ ᠬᠢ ᠮᠢᠬᠠᠨ ᠤ ᠴᠢᠨᠠᠷ ᠴᠢᠨᠰᠠᠭ᠎ᠠ ᠶᠢ ᠢᠯᠭᠠᠨ ᠳᠠᠨᠢᠵᠤ ᠰᠤᠩᠭᠤᠨ ᠬᠡᠷᠡᠭᠯᠡᠨ᠎ᠠ᠃ ︽X︾ | ᠬᠡᠯᠪᠡᠷᠢ ᠲᠠᠢ ᠳᠠᠮᠠᠭ᠎ᠠ ᠪᠤᠯ ︽ᠤᠰᠠᠳᠬᠠᠬᠤ︾ ᠭᠡᠰᠡᠨ ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬ᠎ᠠ ᠶᠢ | ᠬᠤᠳᠠᠯᠳᠤᠵᠤ ᠪᠤᠯᠬᠤ ᠥᠭᠡᠢ ᠪᠥᠭᠡᠳ ᠢᠳᠡᠵᠤ ᠪᠤᠯᠬᠤ ᠥᠭᠡᠢ᠂ ᠳᠠᠮᠠᠭ᠎ᠠ ᠶᠢᠨ ᠳᠤᠳᠤᠷ᠎ᠠ ᠨᠢ ︽ᠤᠰᠠᠳᠬᠠᠬᠤ︾ | ᠭᠡᠰᠡᠨ ᠥᠰᠥᠭ ᠲᠠᠢ᠃ ᠵᠤᠤᠪᠠᠩ ᠬᠡᠯᠪᠡᠷᠢ ᠲᠠᠢ ᠳᠠᠮᠠᠭ᠎ᠠ ᠪᠤᠯ ︽ᠠᠵᠤ ᠥᠢᠯᠡᠳᠪᠤᠷᠢ ᠶᠢᠨ ᠳᠤᠰᠤ︾ ᠭᠡᠰᠡᠨ | ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬ᠎ᠠ ᠶᠢ ᠬᠤᠳᠠᠯᠳᠤᠵᠤ ᠢᠳᠡᠵᠤ ᠪᠥᠷ ᠪᠤᠯᠬᠤ ᠥᠭᠡᠢ᠂ ᠵᠥᠪᠬᠡᠨ ᠳᠤᠰᠤ | ᠰᠢᠷᠭᠠᠭᠠᠵᠤ᠂ ᠠᠵᠤ ᠥᠢᠯᠡᠳᠪᠤᠷᠢ ᠳᠤ ᠬᠡᠷᠡᠭᠯᠡᠵᠤ ᠪᠤᠯᠤᠨ᠎ᠠ᠃ ᠳᠠᠮᠠᠭ᠎ᠠ ᠶᠢᠨ ᠳᠤᠳᠤᠷ᠎ᠠ ᠨᠢ ︽ᠠᠵᠤ | ᠥᠢᠯᠡᠳᠪᠤᠷᠢ ᠶᠢᠨ ᠳᠤᠰᠤ︾ ᠭᠡᠰᠡᠨ ᠥᠰᠥᠭ ᠲᠠᠢ᠃ ᠭᠤᠷᠪᠠᠯᠵᠢᠨ ᠬᠡᠯᠪᠡᠷᠢ ᠲᠠᠢ ᠳᠠᠮᠠᠭ᠎ᠠ ᠪᠤᠯ ︽ᠥᠨᠳᠤᠷ | ᠳᠤᠯᠠᠭᠠᠨ︾ ᠤ ᠳᠠᠮᠠᠭ᠎ᠠ ᠪᠤᠯᠬᠤ ᠪᠠ ᠡᠶᠢᠮᠤ ᠳᠠᠮᠠᠭ᠎ᠠ ᠲᠠᠢ ᠮᠢᠬ᠎ᠠ ᠶᠢ ᠡᠷᠬᠡᠪᠰᠢ ᠳᠤᠭᠳᠠᠭᠰᠠᠨ ᠴᠠᠭ ᠤᠨ ᠳᠤᠳᠤᠷ᠎ᠠ | ᠥᠨᠳᠤᠷ ᠳᠤᠯᠠᠭᠠᠨ ᠢᠶᠠᠷ ᠰᠢᠢᠳᠪᠤᠷᠢᠯᠡᠭᠰᠡᠨ ᠤ ᠳᠠᠷᠠᠭ᠎ᠠ ᠰᠠᠶ᠋ᠢ ᠬᠤᠳᠠᠯᠳᠤᠵᠤ ᠪᠤᠯᠤᠨ᠎ᠠ᠃ ᠳᠠᠮᠠᠭ᠎ᠠ ᠶᠢᠨ | ᠳᠤᠳᠤᠷ᠎ᠠ ᠨᠢ ︽ᠥᠨᠳᠤᠷ ᠳᠤᠯᠠᠭᠠᠨ︾ ᠭᠡᠰᠡᠨ ᠥᠰᠥᠭ ᠲᠠᠢ᠃ ᠤᠷᠳᠤ ᠲᠥᠷᠪᠡᠯᠵᠢᠨ ᠬᠡᠯᠪᠡᠷᠢ ᠲᠠᠢ ᠳᠠᠮᠠᠭ᠎ᠠ ᠪᠤᠯ | ︽ᠢᠳᠡᠰᠢᠨ ᠳᠤᠰᠤ︾ ᠭᠡᠰᠡᠨ ᠳᠠᠮᠠᠭ᠎ᠠ ᠪᠤᠯᠤᠨ᠎ᠠ᠃ ᠡᠶᠢᠮᠤ ᠳᠠᠮᠠᠭ᠎ᠠ ᠳᠠᠷᠤᠭᠰᠠᠨ ᠮᠢᠬ᠎ᠠ ᠶᠢ ᠰᠢᠭᠤᠳ | ᠬᠤᠳᠠᠯᠳᠤᠬᠤ ᠪᠤᠶᠤ ᠢᠳᠡᠵᠤ ᠪᠤᠯᠬᠤ ᠥᠭᠡᠢ᠂ ᠳᠤᠰ ᠳᠤᠰᠤ ᠶᠢ ᠰᠢᠷᠭᠠᠭᠠᠭᠰᠠᠨ ᠤ ᠰᠡᠭᠦᠯᠡᠷ ᠰᠠᠶ᠋ᠢ ᠬᠤᠳᠠᠯᠳᠤᠵᠤ | ᠪᠤᠯᠤᠨ᠎ᠠ᠃ ᠳᠠᠮᠠᠭ᠎ᠠ ᠶᠢᠨ ᠳᠤᠳᠤᠷ᠎ᠠ ᠨᠢ ︽ᠢᠳᠡᠰᠢᠨ ᠳᠤᠰᠤ︾ ᠭᠡᠰᠡᠨ ᠥᠰᠥᠭ ᠲᠠᠢ᠃ ᠳᠤᠭᠤᠷᠢᠭ ᠬᠡᠯᠪᠡᠷᠢ ᠲᠠᠢ | ᠳᠠᠮᠠᠭ᠎ᠠ ᠪᠤᠯ ︽ᠬᠢᠷᠢ ᠳᠡᠩᠴᠡᠭᠰᠡᠨ︾ ᠭᠡᠰᠡᠨ ᠳᠠᠮᠠᠭ᠎ᠠ ᠮᠥᠨ᠃ ᠡᠶᠢᠮᠤ ᠳᠠᠮᠠᠭ᠎ᠠ ᠲᠠᠢ ᠮᠢᠬᠠᠨ ᠤ ᠴᠢᠨᠠᠷ ᠨᠢ ᠰᠠᠶᠢᠨ | ᠂ ᠢᠳᠡᠵᠤ ᠬᠤᠳᠠᠯᠳᠤᠵᠤ ᠪᠥᠷ ᠪᠤᠯᠤᠨ᠎ᠠ᠃ ᠳᠠᠮᠠᠭ᠎ᠠ ᠶᠢᠨ ᠲᠥᠪ ᠳᠤᠮᠳᠠ ᠨᠢ ︽ᠮᠠᠯ ᠤᠨ ᠡᠮᠴᠢ ᠪᠠᠶᠢᠴᠠᠭᠠᠪᠠ︾ | ᠭᠡᠰᠡᠨ ᠥᠰᠥᠭ ᠲᠠᠢ ᠪᠥᠭᠡᠳ ᠤᠨ ᠰᠠᠷ᠎ᠠ ᠡᠳᠤᠷ ᠪᠤᠯᠤᠨ ᠶᠠᠮᠠᠷ ᠭᠠᠭ᠋ᠠᠢ ᠪᠤᠯᠬᠤ ᠶᠢ ᠨᠢ ᠳᠡᠮᠳᠡᠭᠯᠡᠵᠤ ᠪᠠᠶᠢᠳᠠᠭ᠃ | |