ᠨᠢᠬᠡ ᠮᠤ᠋ ᠤᠢ ᠮᠤᠳᠤᠨ ᠤ ᠦᠢᠯᠡᠳᠦᠯ
ᠨᠡᠶᠢᠲᠡᠯᠡᠭᠰᠡᠨ ᠴᠠᠭ᠄
2021/11/9
     ᠨᠢᠬᠡ ᠮᠤ᠋ ᠤᠢ ᠮᠤᠳᠤ ᠨᠢ ᠨᠢᠬᠡ ᠬᠤᠨᠤᠭ ᠲᠤ 67 ᠺᠢᠯᠦᠭᠷᠡᠮ ᠨᠡᠬᠦᠷᠡᠰᠦᠳᠦᠷᠦᠭᠴᠢ ᠶᠢ ᠰᠤᠷᠤᠵᠤ᠂ 49 ᠺᠢᠯᠦᠭᠷᠡᠮ ᠬᠦᠴᠢᠯᠳᠦᠷᠦᠭᠴᠢ ᠶᠢ ᠢᠯᠭᠠᠷᠠᠭᠤᠯᠤᠨ᠎ᠠ᠃ ᠨᠢᠬᠡ ᠮᠤ᠋ ᠤᠢ ᠮᠤᠳᠤ ᠨᠢ ᠵᠢᠯ ᠪᠦᠷᠢ 300---500 ᠲᠤᠨ ᠤᠰᠤ ᠶᠢ ᠠᠭᠤᠷᠰᠢᠭᠤᠯᠤᠨ᠎ᠠ᠃ ᠨᠢᠬᠡ ᠮᠤ᠋ ᠤᠢ ᠮᠤᠳᠤ ᠨᠢ ᠵᠢᠯ ᠪᠦᠷᠢ 22--66 ᠲᠤᠨ ᠬᠤᠭ ᠳᠤᠭᠤᠰᠤ ᠶᠢ ᠰᠤᠷᠤᠳᠠᠭ᠃ ᠨᠢᠬᠡ ᠮᠤ᠋ ᠤᠢ ᠮᠤᠳᠤ ᠨᠢ ᠰᠠᠷ᠎ᠠ ᠪᠦᠷᠢ 4 ᠺᠢᠯᠦᠭᠷᠡᠮ ᠬᠤᠤᠷᠳᠤ ᠪᠤᠳᠠᠰ ᠢ ᠰᠤᠷᠤᠨ᠎ᠠ᠃ ᠨᠢᠬᠡ ᠮᠤ᠋ ᠠᠷᠴᠠ ᠶᠢᠨ ᠮᠤᠳᠤ ᠨᠢ ᠨᠢᠬᠡ ᠰᠦᠨᠢ 2 ᠺᠢᠯᠦᠭᠷᠡᠮ ᠪᠠᠺᠲ᠋ᠧᠷᠢ ᠶᠢ ᠤᠰᠠᠳᠬᠠᠳᠠᠭ᠃ ᠠᠭᠤᠰᠬᠢᠨ ᠦᠷᠪᠢᠰᠦᠯ᠂ ᠳᠤᠮᠤᠭᠤ᠂ ᠶᠤᠯᠬᠤᠳᠠᠰᠤ ᠶᠢᠨ ᠪᠠᠺᠲ᠋ᠧᠷᠢ ᠤᠳ ᠢ ᠪᠠᠭᠲᠠᠭᠠᠨ᠎ᠠ᠃ ᠨᠢᠬᠡ ᠮᠤ᠋ ᠤᠢ ᠰᠢᠭᠤᠢ ᠨᠢ ᠡᠯᠡᠰᠦᠵᠢᠭᠰᠡᠨ ᠭᠠᠵᠠᠷ ᠤᠷᠤᠨ ᠠᠴᠠ 20 ᠲᠤᠨ ᠢᠯᠡᠬᠦᠦ ᠤᠰᠤ ᠬᠠᠳᠠᠭᠠᠯᠠᠨ᠎ᠠ᠃ ᠨᠢᠬᠡ ᠮᠤ᠋ ᠬᠠᠯᠬᠠᠪᠴᠢ ᠤᠢ ᠨᠢ 100 ᠮᠤ᠋ ᠳᠠᠷᠢᠶ᠎ᠠ ᠶᠢ ᠰᠠᠯᠬᠢᠨ ᠤ ᠭᠠᠮᠰᠢᠭ ᠲᠤ ᠦᠷᠲᠦᠭᠳᠡᠬᠦ ᠠᠴᠠ ᠰᠡᠷᠭᠡᠶᠢᠯᠡᠨ᠎ᠡ᠃ ᠨᠢᠬᠡ ᠮᠤ᠋ ᠤᠢ ᠰᠢᠭᠤᠢ ᠨᠢ ᠵᠢᠯ ᠪᠦᠷᠢ ᠨᠢᠬᠡ ᠺᠦᠪ ᠮᠧᠳ᠋ᠷ ᠮᠤᠳᠤᠨ ᠮᠠᠲ᠋ᠧᠷᠢᠶᠠᠯ ᠬᠠᠩᠭᠠᠬᠤ ᠠᠴᠠ ᠭᠠᠳᠠᠨ᠎ᠠ ᠠᠵᠤ ᠦᠢᠯᠡᠳᠪᠦᠷᠢ ᠳᠤ ᠳᠦᠯᠡᠰᠢ᠂ ᠪᠤᠷᠳᠤᠭᠤᠷ᠂ ᠳᠤᠰᠤᠯᠢᠭ ᠡᠳ᠋᠂ ᠵᠢᠮᠢᠰ ᠵᠡᠷᠭᠡ ᠶᠢᠨ ᠳᠦᠬᠦᠬᠡᠢ ᠡᠳ᠋ ᠬᠠᠩᠭᠠᠳᠠᠭ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ