ᠲᠡᠭᠷᠢᠯᠢᠭ ᠪᠤᠰᠤᠭ᠎ᠠ ᠮᠤᠩᠭᠤᠯ ᠰᠤᠶᠤᠯ ᠢᠶᠠᠨ ᠲᠡᠪᠡᠷᠢᠵᠦ ᠪᠤᠰᠤᠭᠰᠠᠨ ᠮᠤᠩᠭᠤᠯ ᠡᠷ᠎ᠡ  ︵ᠬᠤᠶᠠᠷ︶
ᠨᠡᠶᠢᠲᠡᠯᠡᠭᠰᠡᠨ ᠴᠠᠭ᠄
2021/12/15
                ᠮᠤᠩᠳᠠᠰᠢ ᠦᠭᠡᠢ ᠡᠷᠳᠡᠮ ᠢ ᠰᠤᠷᠬᠤ ᠳᠤ                 ᠨᠠᠰᠤ ᠳᠠᠩᠴᠤ ᠤᠬᠤᠷ                 ᠮᠤᠩᠬᠠᠭ ᠤᠳ ᠤᠨ ᠳᠤᠮᠳᠠ ᠪᠠᠶᠢᠬᠤ ᠳᠤ                 ᠴᠠᠭ ᠳᠠᠩᠴᠤ ᠤᠷᠲᠤ                               —ᠡᠷᠳᠡᠮᠲᠡᠨ ᠪ᠊· ᠷᠢᠨᠴᠢᠨ ᠤ ᠡᠨᠡ ᠬᠦ ᠠᠯᠳᠠᠷᠲᠤ ᠦᠭᠡ ᠤᠲᠤᠭ                                   ᠬᠤᠰᠢᠭᠤᠨ ᠤ ᠠᠵᠢᠯ ᠮᠡᠷᠭᠡᠵᠢᠯ ᠤᠨ ᠶᠡᠷᠦᠩᠬᠡᠶᠢᠯᠡᠭᠰᠡᠨ ᠳᠤᠮᠳᠠᠳ᠋᠊                                   ᠤ ᠰᠤᠷᠭᠠᠭᠤᠯᠢ ᠶᠢᠨ ᠬᠦᠷᠢᠶᠡᠨ ᠳᠤᠲᠤᠷ᠎ᠠ ᠰᠡᠶᠢᠯᠦᠭᠡᠰᠦᠲᠡᠢ ᠪᠤᠢ      ᠲᠡᠮᠡᠭᠡ ᠪᠤᠯ ᠲᠠᠪᠤᠨ ᠬᠤᠰᠢᠭᠤ ᠮᠠᠯ ᠤᠨ ᠳᠤᠲᠤᠷᠠᠬᠢ ᠬᠠᠮᠤᠭ ᠪᠤᠵᠠᠭᠠᠢ ᠠᠮᠢᠲᠠᠨ᠃ ᠨᠤᠲᠤᠭ ᠬᠤᠰᠢᠭᠤᠨ ᠳᠤ ᠲᠡᠮᠡᠭᠡᠨ ᠰᠦᠷᠦᠭ ᠤᠨ ᠦᠯᠦᠭᠡᠢ ᠭᠡᠪᠡᠯ ᠤᠳᠤ ᠶᠢᠨ ᠴᠠᠪ ᠰᠤᠮᠤᠨ ᠤ ᠲᠤᠯᠢ ᠭᠠᠴᠠᠭ᠎ᠠ ᠶᠢ ᠳᠤᠷᠠᠳᠤᠭᠤᠰᠢᠲᠠᠢ᠃ ᠡᠨᠡ ᠨᠤᠲᠤᠭ ᠡᠷᠲᠡᠨ ᠤ ᠳᠤᠮᠳᠠ ᠭᠠᠯᠪᠠ ᠤᠨ ᠡᠷᠢᠨ ᠳᠤ ︽ᠠᠪᠤᠷᠭᠤ ᠭᠦᠷᠪᠡᠯ︾ ᠤᠨ ᠡᠬᠡ ᠨᠤᠲᠤᠭ ᠪᠠᠶᠢᠵᠠᠢ᠃ ᠦᠩᠭᠡᠷᠡᠭᠰᠡᠨ ᠵᠠᠭᠤᠨ ᠤ ᠵᠢᠷᠠᠨ ᠭᠤᠷᠪᠠᠨ ᠤᠨ ᠤ ᠡᠪᠦᠯ ᠤᠨ ᠳᠠᠰᠬᠢᠮ᠎ᠠ ᠤᠯᠠᠷᠢᠯ ᠳᠤ ᠡᠨᠡ ᠨᠤᠲᠤᠭ ᠤᠨ ᠴᠠᠭᠠᠨ ᠬᠤᠰᠢᠭᠤ ᠭᠡᠬᠦ ᠭᠠᠵᠠᠷ ᠳᠠᠩᠭᠤᠳ ᠤᠪᠤᠭᠲᠠᠨ ᠲᠡᠮᠡᠭᠡᠴᠢᠨ ᠠᠷᠪᠢᠠᠭᠡᠰᠢᠭ ᠪᠤᠯᠤᠨ ᠵᠡᠭᠡᠥᠬᠡᠨ ᠤ ᠲᠠᠪᠤᠳᠤᠭᠠᠷ ᠠᠯᠠᠭ ᠦᠷ᠎ᠡ ᠨᠢ ᠪᠤᠯᠵᠤ ᠡᠷᠬᠢᠮᠵᠢᠷᠭᠠᠯ ᠭᠤᠸᠠᠢ ᠡᠨᠡ ᠳᠡᠯᠡᠬᠡᠢ ᠳᠤ ᠢᠷᠡᠵᠡᠢ᠃ ᠠᠷᠪᠢᠠᠭᠡᠰᠢᠭ ᠭᠡᠭᠴᠢ ᠨᠤᠲᠤᠭ ᠲᠠᠭᠠᠨ ᠨᠡᠷᠡᠲᠡᠢ ᠦᠨᠳᠦᠷ ᠬᠦᠮᠦᠨ ︵ᠬᠡᠨ ᠲᠡᠭᠦᠨ ᠤ ᠪᠡᠶ᠎ᠡ ᠶᠢ ᠬᠡᠮᠵᠢᠪᠡ ᠳ᠋ᠠ︶᠂ ᠠᠳᠤᠭᠤ᠂ ᠲᠡᠮᠡᠭᠡ ᠲᠠᠢ ᠦᠶ᠎ᠡ ᠶᠢᠨ ᠦᠶ᠎ᠡ ᠪᠠᠷ ᠨᠤᠴᠤᠯᠳᠤᠵᠤ ᠢᠷᠡᠭᠰᠡᠨ ᠮᠠᠯᠴᠢᠨ ᠤ ᠬᠤᠶᠢᠴᠢᠰ᠃ ᠠᠵᠢᠯᠴᠢ ᠬᠦᠳᠡᠯᠮᠦᠷᠢᠴᠢ ᠡᠨᠡ ᠠᠶᠢᠯ ᠬᠡᠳᠦᠶᠢᠪᠡᠷ ᠤᠭ ᠲᠠᠭᠠᠨ ᠰᠢᠷ᠎ᠠ ᠨᠠᠷᠠ ᠶᠢ ᠦᠳᠡᠵᠦ ᠪᠤᠷᠤ ᠬᠤᠨᠤᠭ ᠢ ᠦᠩᠭᠡᠷᠡᠬᠦ ᠳᠤ ᠪᠤᠰᠤᠳ ᠤᠨ ᠴᠢᠷᠠᠢ ᠬᠠᠷᠠᠬᠤ ᠦᠭᠡᠢ ᠠᠮᠢᠳᠤᠷᠠᠯ ᠲᠠᠢ ᠪᠠᠶᠢᠭᠰᠠᠨ ᠴᠤ ᠠᠷᠪᠠᠨ ᠰᠠᠶᠢᠬᠠᠨ ᠠᠯᠠᠭ ᠦᠷ᠎ᠡ ᠨᠢ ᠠᠷᠤ ᠠᠷᠤ ᠠᠴᠠ ᠪᠠᠨ ᠦᠵᠡᠭᠳᠡᠭᠰᠡᠨ ᠢᠶᠠᠷ ᠠᠮᠢᠳᠤᠷᠠᠯ ᠨᠢ ᠬᠠᠷᠠᠨ ᠪᠠᠶᠢᠲᠠᠯ᠎ᠠ ᠬᠦᠴᠢᠷᠳᠡᠬᠦ ᠬᠡᠮᠵᠢᠶᠡᠨ ᠳᠤ ᠬᠦᠷᠴᠡᠢ᠃      1966 ᠤᠨ ᠤ 12 ᠳ᠋ᠤᠭᠠᠷ ᠰᠠᠷ᠎ᠠ ᠳᠤ ᠴᠠᠪ ᠭᠦᠩᠱᠧ ᠶᠢᠨ ᠰᠠᠭᠤᠷᠢᠰᠢᠯ ᠪᠤᠯᠤᠩ ᠤᠨ ᠰᠦᠮ᠎ᠡ ᠳᠡᠭᠡᠷ᠎ᠡ ᠮᠢᠩᠭᠠᠨ ᠬᠦᠮᠦᠨ ᠤ ᠶᠡᠭᠡ ᠬᠤᠷᠠᠯ ᠭᠡᠭᠴᠢ ᠪᠤᠯᠵᠤ ᠤᠯᠠᠭᠠᠨ ᠬᠠᠨᠴᠤᠢ ᠶᠢᠨ ᠲᠡᠮᠳᠡᠭ ᠵᠡᠭᠦᠵᠦ᠂ ᠤᠯᠠᠭᠠᠨ ᠲᠤᠭ ᠡᠷᠭᠦᠨ᠂ ᠮᠠᠥ ᠲᠡᠷᠢᠭᠦᠯᠡᠭᠴᠢ ᠶᠢᠨ ᠬᠦᠷᠦᠭ᠂ ᠰᠤᠷᠭᠠᠯ ᠢ ᠭᠠᠵᠠᠷ ᠪᠤᠯᠭᠠᠨ ᠳᠤ ᠡᠯᠭᠦᠵᠦ ᠡᠷᠢᠶᠡᠴᠢᠨ᠂ ᠰᠠᠶ᠋ᠢᠬᠢ ᠤᠷᠢᠳᠤ ᠭᠠᠷᠤᠭ᠎ᠠ ᠦᠭᠡᠢ ᠮᠦᠷᠲᠡᠭᠡᠨ ᠬᠤᠵᠢᠮ ᠬᠡᠵᠢᠶ᠎ᠡ ᠴᠤ ᠡᠰᠡ ᠭᠠᠷᠴᠤ ᠮᠡᠳᠡᠬᠦ ︽ᠦᠭᠡᠶᠢᠭᠦᠦ ᠠᠩᠭᠢ ᠶᠢᠨ ᠰᠤᠶᠤᠯ ᠤᠨ ᠶᠡᠭᠡ ᠬᠤᠪᠢᠰᠬᠠᠯ︾ ᠨᠢ ᠡᠬᠢᠯᠡᠴᠢᠬᠡᠪᠡ᠃ ᠰᠢᠯᠢ ᠶᠢᠨ ᠢᠶᠠᠨ ᠦᠨᠳᠦᠷ ᠲᠤ ᠨᠠᠷᠠᠨ ᠤ ᠪᠤᠷᠤ ᠲᠤᠭᠤᠰᠤᠨ ᠲᠤᠤᠭᠤᠷ ᠬᠠᠯᠠᠭᠤᠨ ᠬᠤᠰᠢᠭᠤᠲᠤ ᠪᠠᠨ ᠬᠠᠷᠠᠬᠤ ᠪᠠᠷ ᠢᠶᠠᠨ ᠨᠠᠰᠤ ᠪᠡᠶ᠎ᠡ ᠪᠠᠨ ᠴᠠᠳᠬᠠᠵᠤ ᠶᠠᠪᠤᠭᠰᠠᠨ ᠠᠷᠪᠢᠠᠭᠡᠰᠢᠭ ᠭᠤᠸᠠᠢ ᠴᠤ ᠡᠨᠡ ᠶᠡᠭᠡ ᠬᠤᠷᠠᠯ ᠳᠤᠨᠢ ᠢᠷᠡᠭᠡᠳ ᠦᠵᠡᠳᠡᠭ ᠦᠭᠡᠢ ᠪᠠᠨ ᠦᠵᠡᠵᠦ ᠪᠢᠯᠡ᠃ ᠭᠦᠩᠱᠧ ᠪᠠᠷᠢᠭᠠᠳᠠ ᠶᠢᠨ ᠤᠳᠤᠷᠢᠳᠬᠤ ᠠᠵᠢᠯ ᠢ ᠤᠳᠠᠭᠠᠨ ᠵᠢᠯ ᠬᠢᠭᠡᠳ ᠢᠷᠡᠭᠰᠡᠨ ᠨᠠᠮ ᠤᠨ ᠬᠤᠷᠢᠶ᠎ᠠ ︵ᠡᠭᠦᠷ︶ ᠶᠢᠨ ᠱᠦᠵᠢ᠂ ᠠᠬᠠᠮᠠᠳ ᠳᠠᠷᠤᠭ᠎ᠠ ᠵᠡᠷᠭᠡ ᠶᠢᠨ ᠨᠡᠷ᠎ᠡ ᠬᠦᠨᠳᠦᠲᠡᠢ ᠬᠦᠮᠦᠰ ᠢ ᠨᠢᠭᠡ ᠨᠢᠭᠡ ᠪᠠᠷ ᠤᠯᠠᠨ ᠤ ᠡᠮᠦᠨ᠎ᠡ ᠴᠢᠷᠤᠨ ᠭᠠᠷᠭᠠᠵᠤ᠂ ᠠᠶᠢᠯ ᠳᠠᠮᠵᠢᠨ ᠭᠦᠴᠦᠨ ᠤ ᠠᠵᠢᠯ ᠬᠢᠭᠡᠳ ᠭᠦᠶᠦᠵᠦ ᠪᠠᠶᠢᠭᠰᠠᠨ ᠰᠢᠪᠠᠷᠴᠢᠨ᠂ ᠠᠵᠢᠯ ᠬᠦᠳᠡᠯᠮᠦᠷᠢ ᠳᠤ ᠬᠤᠶᠢᠷᠭᠤᠰᠢᠭᠤᠨ ᠠᠯᠵᠠᠭᠤ ᠴᠤᠯᠠ ᠤᠯᠤᠭᠰᠠᠨ ︽ᠪᠦᠲᠦᠯ ᠦᠭᠡᠶᠢᠴᠦᠳ︾ ᠪᠦᠷ ᠲᠠᠶᠢᠰᠠᠨ ᠳᠡᠭᠡᠷ᠎ᠡ ᠭᠠᠷᠴᠤ ᠮᠠᠥ ᠶᠢᠨ ᠬᠦᠷᠦᠭ ᠢ ᠮᠤᠳᠤᠨ ᠭᠤᠤ ᠳᠤ ᠰᠠᠭᠤᠯᠭᠠᠨ ᠦᠩᠭᠡ ᠪᠦᠷᠢ ᠶᠢᠨ ᠭᠬᠢᠪ ᠲᠤᠷᠭ᠎ᠠ ᠪᠠᠷ ᠴᠢᠮᠡᠭᠯᠡᠨ ᠬᠦᠪᠡᠭᠡᠯᠡᠭᠡᠳ ᠬᠦᠵᠦᠭᠦᠨ ᠠᠴᠠ ᠪᠠᠨ ᠤᠭᠤᠰᠤᠷᠯᠠᠨ ᠵᠡᠭᠦᠵᠦ᠂ ᠮᠠᠥ ᠶᠢᠨ ︽ᠦᠭᠡ ᠶᠢᠨ ᠲᠡᠭᠦᠪᠦᠷᠢ︾ ᠶᠢ ᠤᠯᠠᠭᠠᠨ ᠵᠢᠵᠢᠭ ᠪᠤᠭᠴᠤᠨ ᠳᠤ ᠳᠤᠰᠬᠠᠢ ᠤᠭᠤᠳᠠᠯᠠᠨ ᠮᠦᠷᠦᠯᠡᠭᠡᠳ᠂ ᠤᠯᠠᠭᠠᠨ ᠬᠠᠨᠴᠤᠢ ᠶᠢᠨ ᠲᠡᠮᠳᠡᠭ ᠢ ᠠᠳᠬᠤᠭᠤᠯᠤᠯ ᠳᠡᠭᠡᠷ᠎ᠡ ᠪᠠᠨ ᠤᠭᠯᠠᠵᠤ᠂ ᠦᠨᠳᠦᠷ ᠬᠠᠰᠬᠢᠷᠤᠨ ᠦᠰᠦᠷᠦᠨ ᠤᠮᠤᠭᠳᠠᠵᠤ ᠪᠠᠶᠢᠬᠤ ᠶᠢ ᠨᠢ ᠬᠠᠷᠠᠭᠠᠳ ᠭᠠᠶᠢᠬᠠᠰᠢ ᠠᠯᠳᠠᠨ ᠰᠦᠷᠳᠡᠵᠦ ᠪᠠᠶᠢᠪᠠ᠃ ᠠᠬ᠎ᠠ ᠡᠭᠡᠴᠢ ᠳᠡᠭᠦᠦ ᠶᠢᠨ ᠢᠶᠠᠨ ᠲᠠᠪᠤᠳᠤᠭᠠᠷ ᠪᠤᠯᠤᠭᠰᠠᠨ ᠭᠡᠮᠡᠷ ᠬᠦᠮᠦᠰ ᠠᠴᠠ ᠡᠮᠢᠶᠡᠨ ᠳᠠᠭᠵᠢᠵᠤ᠂ ᠡᠨᠡ ᠬᠦ ᠲᠦᠷᠴᠢᠬᠢᠨᠡᠬᠡᠨ ᠦᠢᠮᠡᠭᠡᠨ ᠤᠷᠢᠯᠠᠯ ᠴᠢᠷᠠᠯᠠᠯ ᠠᠴᠠ ᠡᠷᠲᠡᠬᠡᠨ ᠵᠠᠶᠢᠳᠠᠬᠤ ᠶᠢ ᠬᠦᠰᠡᠨ ᠪᠦᠯᠳᠡᠭᠡᠨᠡᠨ᠎ᠡ᠃ ᠳᠠᠷᠠᠭ᠎ᠠ ᠬᠠᠪᠤᠷ ᠨᠢ ︽ᠠᠩᠭᠢ ᠪᠦᠷᠢᠯᠳᠦᠭᠦᠨ ᠬᠤᠪᠢᠶᠠᠵᠤ︾ ᠡᠳᠡᠨ ᠤ ᠬᠢᠨ ᠢ ︽ᠪᠠᠶᠠᠨ ᠮᠠᠯᠴᠢᠨ︾ ᠢᠶᠠᠷ ᠲᠤᠭᠳᠠᠭᠠᠨ ᠪᠦᠬᠦ ᠭᠡᠷ ᠤᠨ ᠬᠢᠨᠢ ᠡᠳ᠋ ᠬᠤᠭᠰᠢᠯ ᠢ ᠡᠯᠵᠢᠭᠡᠨ ᠬᠠᠰᠠᠭ᠂ ᠮᠤᠷᠢᠨ ᠲᠡᠷᠭᠡ ᠪᠠᠷ ᠴᠡᠪᠡᠷᠯᠡᠨ ᠳᠠᠲᠠᠵᠤ ᠠᠷᠢᠯᠤᠭᠠᠳ ᠡᠪᠦᠭᠡᠨ ᠨᠠᠰᠤᠲᠠᠨ᠂ ᠤᠯᠠᠭᠠᠨ ᠭᠠᠵᠠᠷ ᠪᠤᠲᠠ ᠮᠠᠯ ᠤᠨ ᠰᠦᠷᠦᠭ ᠤᠨ ᠤᠲᠤᠷ ᠲᠤ ᠶᠠᠪᠤᠵᠠᠢ᠃ ᠮᠦᠮᠦ ᠨᠢ ᠡᠷᠬᠢᠮᠵᠢᠷᠭᠠᠯ ᠤᠨ ᠦᠬᠢᠨ ᠳᠡᠭᠦᠦ ︵ᠤᠢ ᠬᠦᠭᠡᠷᠦᠬᠦᠢ︶ ᠶᠢ ᠠᠪᠤᠭᠠᠳ ᠠᠶᠢᠯ ᠤᠨ ᠮᠠᠯ ᠳᠡᠭᠡᠷ᠎ᠡ ︽ᠳᠤᠬᠢᠷᠠᠭᠰᠠᠨ ᠬᠦᠮᠦᠨ︾ ᠪᠤᠯᠵᠤ ᠬᠡᠳᠦᠨ ᠰᠠᠷ᠎ᠠ ᠪᠠᠷ ᠰᠤᠷᠠᠭ ᠦᠭᠡᠢ᠃ ᠲᠠᠪᠤᠨ ᠨᠠᠰᠤᠲᠠᠢ ᠡᠷᠬᠢᠮᠵᠢᠷᠭᠠᠯ ᠲᠦᠷᠦᠯ ᠤᠨ ᠠᠪᠠᠭ᠎ᠠ ᠶᠢᠨ ᠳᠠᠭᠠᠨ ᠬᠦᠷᠭᠡᠭᠳᠡᠨ ᠤᠴᠢᠭᠠᠳ ᠨᠢᠮᠭᠡᠨ ᠰᠢᠩᠭᠡᠨ ᠠᠴᠠ ᠨᠢ ᠬᠤᠪᠢᠶᠠᠯᠴᠠᠨ ᠡᠳᠦᠷ ᠬᠤᠨᠤᠭ ᠢ ᠨᠦᠭᠴᠢᠭᠡᠵᠦ ᠰᠠᠭᠤᠭᠰᠠᠨ ᠢᠶᠠᠨ ᠬᠡᠵᠢᠶ᠎ᠡ ᠴᠤ ᠮᠠᠷᠲᠠᠵᠤ ᠴᠢᠳᠠᠳᠠᠭ ᠦᠭᠡᠢ᠃ ᠠᠩᠭᠢ ᠪᠦᠷᠢᠯᠳᠦᠭᠦᠨ ᠦᠨᠳᠦᠷ ᠲᠤᠯᠠ ᠤᠯᠤᠰ ᠲᠦᠷᠦ ᠶᠢᠨ ᠳᠠᠷᠤᠯᠲᠠ ᠶᠢᠨ ᠳᠤᠤᠷ᠎ᠠ ᠡᠨᠡ ᠨᠢᠭᠡᠨ ᠬᠠᠯᠠᠭᠤᠨ ᠪᠦᠯᠢ ᠠᠴᠠ ᠡᠷᠬᠢᠮᠵᠢᠷᠭᠠᠯ ᠤᠨ ᠬᠤᠶᠠᠷ ᠡᠭᠡᠴᠢ ᠨᠢ ᠪᠦᠷ ᠬᠤᠶᠢᠨ᠎ᠠ ᠬᠤᠶᠢᠨ᠎ᠠ ᠠᠴᠠ ᠪᠠᠨ ᠡᠪᠡᠳᠴᠢᠨ ᠡᠮᠬᠡᠭ ᠤᠨ ᠲᠠᠷᠴᠢᠯᠠᠭᠠᠯ᠂ ᠭᠡᠨᠡᠳᠳᠡ ᠶᠢᠨ ᠭᠠᠷ ᠪᠠᠷ ᠳᠠᠩᠴᠤ ᠵᠠᠭᠤᠷᠮᠠᠭ ᠨᠠᠰᠤᠯᠠᠭᠰᠠᠨ᠃ᠬᠡᠩᠭᠡᠷᠭᠡ ᠴᠤᠬᠢᠵᠤ ᠤᠷᠢᠶ᠎ᠠ ᠬᠠᠰᠬᠢᠷᠬᠤ᠂ ᠬᠡᠷᠡᠮ ᠬᠠᠨ᠎ᠠ ᠶᠢ ᠦᠯᠡᠳᠡᠭᠡᠯ ᠦᠭᠡᠢ ᠤᠯᠠᠭᠠᠨ ᠡᠷᠢᠶᠡᠨ ᠢᠶᠠᠷ ᠵᠢᠷᠤᠬᠤ᠂ ᠨᠠᠭᠠᠳᠤᠮ ᠱᠤᠭ ᠤᠨ ᠦᠭᠡ ᠬᠡᠯᠡᠯᠴᠡᠵᠦ ᠪᠤᠯᠬᠤ ᠦᠭᠡᠢ᠂ ᠨᠢᠭᠡᠨ ᠨᠢᠭᠡ ᠠᠴᠠ ᠠᠶᠤᠨ ᠰᠤᠴᠢᠵᠤ ᠰᠡᠵᠢᠭᠯᠡᠬᠦ᠂ ᠰᠦᠨᠢ ᠳᠤᠮᠳᠠ ᠠᠯᠢ ᠨᠢᠭᠡᠨ ᠴᠠᠭ ᠲᠤ ᠴᠤ ᠬᠦᠭᠡᠭᠡᠭᠳᠡᠨ ᠳᠠᠭᠤᠭᠳᠠᠬᠤ ᠵᠡᠷᠭᠡ ᠶᠢᠨ ᠠᠶᠤᠯ ᠡᠨᠡ ᠨᠤᠲᠤᠭ ᠢ ᠵᠢᠭᠠᠬᠠᠨ ᠴᠤ ᠦᠯᠡᠳᠡᠭᠡᠭᠰᠡᠨ ᠦᠭᠡᠢ ᠨᠦᠷᠢᠵᠦ ᠪᠠᠭᠤᠭᠰᠠᠨ ᠨᠢ ᠦᠪ ᠦᠨᠡᠨ ᠤᠴᠢᠷ ᠪᠢᠯᠡ᠃ ᠤᠴᠢᠷ ᠶᠠᠪᠤᠳᠠᠯ ᠤᠨ ᠤᠮᠤᠭ᠎ᠠ ᠲᠤᠮᠤᠭ᠎ᠠ ᠶᠢ ᠤᠯᠬᠤ ᠦᠭᠡᠢ ᠴᠤ ᠵᠦᠳᠡᠵᠦ ᠶᠠᠪᠤᠭᠰᠠᠨ ᠠᠶᠢᠯ ᠤᠨ ᠬᠡᠥᠬᠡᠳ ᠡᠷᠲᠡ ᠤᠬᠠᠭᠠᠵᠢᠳᠠᠭ ᠤᠨ ᠶᠤᠰᠤ ᠪᠠᠷ ᠠᠩᠭ᠎ᠠ ᠪᠠᠭ᠎ᠠ ᠨᠠᠰᠤᠨ ᠤ ᠡᠷᠬᠢᠮᠵᠢᠷᠭᠠᠯ ᠳᠤ ᠡᠨᠡ ᠪᠦᠭᠦᠳᠡ ᠨᠢ ᠴᠦᠮ ᠤᠶᠢᠯᠠᠭᠠᠭᠳᠠᠰᠢ ᠦᠭᠡᠢ ᠮᠦᠷᠳᠡᠭᠡᠨ ᠮᠠᠷᠳᠠᠭᠳᠠᠰᠢ ᠦᠭᠡᠢ ᠰᠡᠳᠡᠯᠲᠡ ᠲᠠᠢ ᠰᠢᠷᠬ᠎ᠠ ᠰᠤᠷᠪᠢ ᠶᠢ ᠨᠢᠷᠠᠢ ᠴᠡᠭᠡᠵᠢᠨ ᠳᠤᠨᠢ ᠬᠤᠴᠤᠷᠭᠠᠭᠰᠠᠨ ᠶᠤᠮ᠃       ᠡᠷᠬᠢᠮᠵᠢᠷᠭᠠᠯ ᠤᠨ ᠬᠢᠨ ᠤ ᠬᠤᠨᠢᠨ ᠪᠡᠯᠴᠢᠭᠡᠷ ᠳᠡᠭᠡᠷ᠎ᠡ ᠬᠤᠯᠠ ᠶᠢᠨ ᠬᠤᠯᠠ ᠳᠤ ᠰᠦᠷᠯᠢᠭ ᠪᠠᠷ᠎ᠠ ᠲᠠᠢ ︽ᠠᠪᠳᠠᠷ᠎ᠠ ᠬᠠᠶᠢᠷᠬᠠᠨ︾ ᠭᠡᠬᠦ ᠳᠦᠷᠪᠡᠯᠵᠢᠨ ᠦᠨᠳᠦᠷ ᠠᠭᠤᠯᠠ ᠪᠤᠢ᠃ ᠡᠨᠡ ᠪᠤᠯ ᠡᠷᠬᠢᠮᠵᠢᠷᠭᠠᠯ ᠤᠨ ᠰᠢᠲᠦᠭᠡᠨᠲᠦ ᠨᠤᠲᠤᠭ ᠤᠨ ᠬᠢᠨᠢ ᠰᠦᠯᠳᠡ ᠪᠤᠯᠤᠭᠰᠠᠨ ᠬᠠᠶᠢᠷᠬᠠᠨ ᠠᠭᠤᠯᠠ ᠶᠤᠮ᠃ ᠨᠠᠷᠠ ᠵᠢᠷᠭᠠᠬᠤ ᠶᠢᠨ ᠤᠷᠳᠤᠭᠤᠷ ᠬᠤᠲᠠᠯᠠᠬᠤ ᠤᠶᠢᠷᠠᠳᠤᠭᠰᠠᠨ ᠬᠤᠨᠢᠳ ᠭᠡᠨᠡᠳᠳᠡ ᠰᠠᠯᠬᠢ ᠠᠪᠴᠤ ᠠᠪᠳᠠᠷ᠎ᠠ ᠶᠢᠨ ᠬᠢᠷ᠎ᠠ ᠪᠠᠷ ᠴᠠᠭᠠᠰᠢᠯᠠᠪᠠ᠃ ᠶᠠᠷᠦ ᠨᠢ ᠭᠡᠷ ᠤᠨ ᠢᠶᠠᠨ ᠬᠤᠷᠠᠭᠠᠨ ᠪᠡᠯᠴᠢᠭᠡᠷ ᠠᠴᠠ ᠬᠤᠯᠠᠳᠠᠭ᠎ᠠ ᠦᠭᠡᠢ ᠡᠷᠬᠢᠮᠵᠢᠷᠭᠠᠯ ᠳᠤ ᠪᠠᠭ᠋ᠠᠨ ᠠᠶᠢᠳᠠᠰ ᠲᠦᠷᠦᠪᠳᠡᠪᠡᠴᠦ᠂ ᠬᠤᠲᠠ ᠪᠠᠷ ᠮᠠᠯ ᠢᠶᠠᠨ ᠬᠠᠷᠠᠵᠤ ᠪᠠᠶᠢᠭᠠᠳ ᠠᠯᠳᠠᠵᠤ ᠶᠠᠪᠤᠭᠤᠯᠬᠤ ᠨᠢ ᠮᠠᠰᠢ ᠲᠦᠪᠳᠡᠬᠦ ᠦᠭᠡᠢ ᠤᠴᠢᠷ ᠪᠤᠯᠤᠯ᠎ᠠ᠃ ᠲᠡᠷᠡ ᠰᠢᠳᠠᠮ ᠢᠶᠠᠨ ᠴᠢᠩᠭ᠎ᠠ ᠠᠳᠬᠤᠨ ᠬᠤᠨᠢᠨ ᠤ ᠪᠠᠨ ᠠᠷᠤ ᠠᠴᠠ ᠭᠦᠶᠦᠪᠡ᠃ ᠠᠪᠳᠠᠷ᠎ᠠ ᠶᠢᠨ ᠠᠷᠤ ᠭᠡᠴᠡᠨ ᠳᠡᠭᠡᠷ᠎ᠡ ᠠᠴᠠ ᠮᠠᠯ ᠢᠶᠠᠨ ᠡᠷᠭᠢᠭᠦᠯᠵᠦ ᠠᠪᠤᠭᠠᠳ ᠵᠤᠭᠬᠢᠨ ᠵᠤᠭᠰᠤᠵᠤ ᠭᠡᠷ ᠢᠶᠠᠨ ᠪᠠᠷᠠᠯᠠᠪᠠ᠃ ᠴᠠᠭᠠᠨ ᠬᠤᠰᠢᠭᠤ ᠬᠦᠯ ᠤᠨ ᠬᠢᠨᠢ ᠳᠤᠤᠷ᠎ᠠ ᠴᠠᠶᠢᠷᠠᠵᠤ᠂ ᠲᠠᠪᠤᠨ ᠲᠠᠰᠤᠯᠭ᠎ᠠ ᠰᠢᠪᠠᠷ ᠭᠡᠷ ᠨᠢ ᠵᠢᠵᠢᠭ ᠵᠢᠪᠢᠯᠡᠭᠦᠷ ᠬᠤᠷᠤᠬᠠᠢ ᠶᠢᠨ ᠴᠢᠨᠡᠬᠡᠨ ᠶᠠᠭᠤᠮ᠎ᠠ ᠦᠵᠡᠭᠳᠡᠨ᠎ᠡ᠃ ᠠᠪᠳᠠᠷ᠎ᠠ ᠬᠠᠶᠢᠷᠬᠠᠨ ᠳᠡᠭᠡᠷ᠎ᠡ ᠠᠴᠠ ᠰᠢᠩᠭᠡᠬᠦ ᠨᠠᠷᠠ ᠬᠠᠷᠢᠨ ᠠᠯᠳᠠ ᠦᠨᠳᠦᠷ ᠳᠡᠭᠡᠷ᠎ᠡ ᠳᠡᠭᠦᠵᠢᠯᠡᠭᠳᠡᠨ᠎ᠡ᠃ ᠠᠯᠤᠰ ᠲᠤ ᠠᠭᠤᠯᠠᠰ ᠱᠤᠷᠤᠯᠵᠠᠨ᠂ ᠰᠢᠯᠢ ᠬᠦᠨᠳᠡᠯᠢᠰᠦᠭᠡᠳ ᠲᠤᠰᠤᠲᠤ ᠶᠢᠨ ᠭᠤᠤᠯ᠂ ᠬᠠᠳᠠᠲᠤ ᠶᠢᠨ ᠭᠤᠤᠯ ᠲᠦᠪ ᠲᠤᠳᠤ ᠠᠷᠤ ᠶᠢᠨ ᠬᠦᠨᠳᠡᠢ ᠪᠠᠷ ᠴᠠᠶᠢᠷᠠᠨ ᠮᠢᠷᠠᠯᠵᠠᠨ᠎ᠠ᠃ ᠠᠯᠠᠱᠠ ᠶᠢᠨ ᠠᠭᠤᠯᠠ᠂ ᠬᠠᠷᠠᠬᠤᠲᠠ ᠶᠢᠨ ᠠᠭᠤᠯᠠ ᠴᠠᠭᠠᠳᠠᠢ ᠨᠢ ᠭᠦᠬᠡᠷᠡᠨ᠎ᠡ᠃ ᠠ︕ ᠠᠭᠤᠯᠠ ᠶᠢᠨ ᠴᠠᠭᠠᠨ᠎ᠠ ᠪᠠᠰᠠ ᠠᠭᠤᠯᠠ ᠪᠠᠶᠢᠳᠠᠭ ᠠᠵᠢ︕ ᠡᠨᠡ ᠡᠳᠦᠷ ᠠᠴᠠ ᠡᠬᠢᠯᠡᠵᠦ ᠡᠷᠬᠢᠮᠵᠢᠷᠭᠠᠯ ᠤᠨ ᠪᠤᠳᠤᠯ ᠳᠤ ᠬᠤᠯᠠ ᠶᠢᠨ ᠬᠤᠯᠠ ᠳᠤ ᠶᠠᠪᠤᠵᠤ ᠠᠷᠪᠢᠨ ᠶᠠᠭᠤᠮ᠎ᠠ ᠦᠵᠡᠶ᠎ᠡ ᠭᠡᠰᠡᠨ ᠰᠠᠨᠠᠭ᠎ᠠ ᠴᠤᠬᠤᠰ ᠴᠤᠬᠤᠰ ᠴᠤᠬᠤᠯᠵᠠᠬᠤ ᠪᠤᠯᠤᠯ᠎ᠠ᠃      1970 ᠤᠨ ᠭᠡᠵᠦ ᠴᠠᠪ ᠤᠨ ᠰᠢᠯᠢ ᠳᠤ ᠤᠨᠴᠠᠭᠠᠢ ᠭᠠᠩ ᠲᠠᠢ ᠵᠢᠯ᠃ ᠬᠤᠶᠠᠷ ᠡᠯᠵᠢᠭᠡᠨ ᠳᠡᠭᠡᠷ᠎ᠡ ᠬᠦᠨᠵᠢᠯᠡ ᠬᠤᠴᠢᠯᠠᠭ᠎ᠠ᠂ ᠢᠳᠡᠰᠢ ᠤᠤᠭᠤᠰᠢ ᠪᠠᠨ ᠠᠴᠢᠶᠠᠯᠠᠨ ᠭᠤᠷᠪᠠᠨ ᠵᠠᠭᠤᠭᠠᠳ ᠬᠦᠯᠵᠢᠭᠡᠳᠦᠢ ᠬᠤᠨᠢ ᠢᠮᠠᠭᠠᠳ ᠢᠶᠠᠨ ᠲᠠᠭᠤᠵᠤ᠂ ᠠᠬ᠎ᠠ ᠳᠡᠭᠦᠦ ᠭᠤᠷᠪᠠᠭᠤᠯᠠ ᠮᠦᠮᠦ ᠪᠠᠨ ᠳᠠᠭᠠᠵᠤ ᠠᠯᠤᠰ ᠤᠨ ᠤᠲᠤᠷ ᠲᠤ ᠠᠶᠠᠯᠠᠵᠠᠢ᠃ ᠬᠤᠷ᠎ᠠ ᠡᠯᠪᠡᠭ᠂ ᠪᠡᠯᠴᠢᠭᠡᠷ ᠤᠰᠤᠨ ᠤ ᠰᠠᠶᠢᠨ ᠤ ᠰᠤᠷᠠᠭᠯᠠᠨ ᠵᠡᠭᠦᠨ ᠵᠦᠭ ᠲᠤ ᠡᠬᠢᠯᠡᠵᠦ ᠭᠠᠷᠤᠭᠠᠳ ᠠᠳᠡ ᠲᠠᠪᠤ ᠬᠤᠨᠤᠭ᠂ ᠲᠡᠨᠳᠡ ᠠᠷᠪᠠᠨ ᠡᠳᠦᠷ ᠭᠡᠮᠡᠨ ᠬᠠᠷᠢᠭᠤᠯᠵᠤ ᠲᠠᠭᠤᠭᠰᠠᠨ ᠬᠠᠮᠲᠤ ᠶᠢᠨ ᠮᠠᠯ ᠢᠶᠠᠨ ᠭᠦᠴᠦ ᠲᠠᠷᠭᠤ ᠠᠪᠬᠠᠭᠤᠯᠬᠤ ᠪᠠᠷ ᠲᠤᠭᠳᠠᠪᠤᠷᠢ ᠦᠭᠡᠢ ᠲᠡᠨᠦᠨ ᠶᠠᠪᠤᠵᠠᠭᠠᠯ᠎ᠠ᠂ ᠵᠤᠨᠵᠢᠨ ᠤᠲᠤᠭ ᠤᠨ ᠬᠤᠶᠢᠳᠤ ᠰᠢᠯᠢ᠂ ᠴᠠᠭᠠᠨ ᠨᠠᠭᠤᠷ ᠤᠨ ᠬᠠᠪᠢ ᠪᠠᠷ ᠤᠲᠤᠷᠯᠠᠭᠰᠠᠨ ᠢᠶᠠᠨ ᠨᠠᠮᠤᠷ ᠲᠡᠶᠢᠰᠢ ᠪᠠᠨ ᠬᠤᠩᠭᠤᠷ ᠠᠵᠢᠷᠭ᠎ᠠ ᠶᠢᠨ ᠳᠠᠪᠠᠭ᠎ᠠ᠂ ᠤᠷᠳᠤ ᠶᠢᠨ ᠨᠠᠭᠤᠷ᠂ ᠵᠠᠩᠭᠠᠨ ᠭᠡᠳ ᠨᠢᠭᠡᠮᠦᠰᠦᠨ ᠭᠡᠷ ᠨᠤᠲᠤᠭ ᠠᠴᠠ ᠪᠠᠨ ᠬᠤᠯᠠᠳᠠᠴᠢᠬᠠᠵᠠᠢ᠃ ᠡᠷᠬᠢᠮᠵᠢᠷᠭᠠᠯ ᠠᠬ᠎ᠠ ᠪᠠᠨ ᠳᠠᠭᠠᠵᠤ ᠮᠠᠯ ᠳᠤ ᠶᠠᠪᠤᠨ᠎ᠠ᠃ ᠨᠠᠷᠠ ᠰᠢᠷᠠᠵᠤ ᠲᠤᠯᠤᠭᠠᠢ ᠲᠤᠶᠢᠨᠠᠷᠠᠨ ᠬᠠᠮᠠᠷ ᠠᠴᠠ ᠴᠢᠰᠤ ᠴᠤᠪᠤᠷᠢᠨ᠎ᠠ᠃ ᠳᠡᠭᠦᠦ ᠪᠠᠨ ᠡᠭᠦᠷᠴᠦ ᠤᠰᠤᠨ ᠳᠤ ᠶᠠᠪᠤᠨ᠎ᠠ᠃ ᠦᠯᠦᠰᠴᠦ ᠤᠮᠳᠠᠭᠠᠰᠤᠨ ᠶᠠᠳᠠᠷᠠᠵᠤ ᠲᠤᠶᠢᠯᠳᠠᠬᠤ ᠳᠤ ᠪᠠᠭ᠋ᠠᠨ ᠰᠠᠭᠤᠵᠤ ᠠᠮᠠᠷᠠᠵᠤ ᠪᠤᠰᠤᠭᠠᠳ ᠳᠠᠬᠢᠨ ᠶᠠᠪᠤᠨ᠎ᠠ᠃ ᠨᠠᠢᠮᠠ ᠬᠦᠷᠦᠭᠰᠡᠨ ᠡᠷᠬᠢᠮᠵᠢᠷᠭᠠᠯ ᠤᠨ ᠪᠡᠶ᠎ᠡ ᠨᠢ ᠪᠤᠵᠠᠭᠠᠢ ᠦᠰᠴᠦ ᠡᠨᠡ ᠦᠶ᠎ᠡ ᠳᠤ ᠬᠡᠨ ᠴᠤ ᠲᠡᠭᠦᠨ ᠢ ᠠᠷᠪᠠᠨ ᠬᠤᠶᠠᠷ ᠭᠤᠷᠪᠠᠲᠠᠢ ᠭᠡᠵᠦ ᠭᠠᠳᠠᠷᠯᠠᠳᠠᠭ᠃ ᠤᠰᠤ ᠬᠤᠤᠳᠤᠭ ᠢᠶᠠᠨ ᠬᠠᠷᠠᠮᠨᠠᠭᠰᠠᠨ ᠠᠶᠢᠯ᠂ ᠪᠡᠯᠴᠢᠭᠡᠷ ᠡᠪᠡᠰᠦ ᠬᠠᠮᠪᠠᠭᠠᠯᠠᠭᠰᠠᠨ ᠬᠦᠮᠦᠨ᠂ ᠭᠠᠳᠠᠨᠠᠬᠢ ᠶᠢᠨ ᠤᠲᠤᠷᠴᠢᠨ ᠭᠡᠵᠦ ᠭᠠᠳᠠᠭᠤᠷᠰᠢᠶᠠᠨ ᠠᠯᠳᠠᠭᠰᠠᠨ ᠮᠠᠯ ᠢ ᠨᠢ ᠭᠡᠯᠡᠵᠦ ᠦᠭᠬᠦ ᠦᠭᠡᠢ ᠳᠠᠯᠳᠠᠷᠭᠤᠯᠳᠠᠭ ᠡᠯᠳᠡᠪ ᠵᠢᠰᠦᠮ ᠤᠨ ᠬᠦᠮᠦᠰ ᠲᠠᠢ ᠤᠯᠠᠨᠲᠠ ᠲᠤᠯᠵᠤ ᠦᠩᠭᠡᠷᠡᠵᠡᠢ᠃      1971 ᠤᠨ ᠤ ᠨᠠᠮᠤᠷ ᠲᠡᠶᠢᠰᠢ ᠪᠠᠨ ᠤᠲᠤᠷ ᠨᠡᠭᠦᠳᠡᠯ ᠨᠢ ᠨᠤᠲᠤᠭ ᠪᠤᠴᠠᠬᠤ ᠵᠠᠬᠢᠶ᠎ᠠ ᠪᠠᠷ ᠡᠳᠡᠨ ᠤ ᠬᠢᠨ ᠰᠦᠮᠡᠳᠦ ᠶᠢᠨ ᠵᠠᠩᠭᠠᠨ ᠰᠢᠯᠢ ᠠᠴᠠ ᠦᠷᠦᠨ᠎ᠡ ᠲᠡᠶᠢᠰᠢ ᠪᠠᠨ ᠰᠦᠷᠦᠭ ᠤᠨ ᠢᠶᠠᠨ ᠲᠤᠯᠤᠭᠠᠢ ᠶᠢ ᠡᠷᠭᠢᠭᠦᠯᠪᠡ᠃ ᠡᠯᠡᠰᠦ ᠲᠠᠢ ᠱᠠᠩᠳᠠ ᠪᠤᠲᠠ ᠲᠠᠢ ᠴᠠᠶᠢᠳᠠᠮ ᠢᠶᠠᠷ ᠡᠳᠦᠷᠵᠢᠨ ᠭᠠᠯᠭᠢᠭᠤᠯᠤᠨ᠎ᠠ᠃ ᠬᠡᠯᠡᠬᠦ ᠳᠤ ᠨᠠᠮᠤᠷ ᠤᠨ ᠮᠠᠯ ᠭᠡᠪᠡᠴᠦ ᠡᠨᠡ ᠵᠢᠯ ᠨᠢ ᠪᠠᠰᠠ ᠡᠪᠡᠰᠦ ᠪᠡᠯᠴᠢᠭᠡᠷ ᠪᠠᠷᠤᠭᠲᠠᠢ ᠮᠦᠷᠲᠡᠭᠡᠨ ᠰᠢᠯᠢ ᠶᠢᠨ ᠮᠠᠯ ᠡᠨᠡ ᠪᠠᠯᠠᠷ ᠴᠠᠶᠢᠳᠠᠮ ᠳᠤ ᠳᠤᠬᠢᠷᠠᠮᠵᠢ ᠮᠠᠭᠤᠲᠠᠢ ᠲᠤᠯᠠ ᠭᠦᠴᠦ ᠠᠪᠤᠭᠰᠠᠨ ᠢᠶᠠᠷ ᠰᠤᠯᠠ᠃ ᠨᠢᠭᠡ ᠰᠠᠶᠢᠬᠠᠨ ᠵᠢᠵᠢᠭᠬᠡᠨ ᠵᠦᠯᠭᠡ ᠲᠠᠢ ᠤᠰᠤᠨ ᠤ ᠳᠡᠷᠭᠡᠳᠡ ᠮᠠᠯ ᠢᠶᠠᠨ ᠭᠡᠰᠡᠭ ᠢᠳᠡᠰᠢᠯᠡᠭᠦᠯᠵᠦ ᠠᠪᠤᠭᠠᠳ ᠶᠠᠪᠤᠬᠤ ᠭᠡᠬᠦ ᠳᠤ ᠬᠤᠶᠠᠷ ᠬᠤᠨᠢ ᠨᠢ ᠶᠠᠪᠤᠵᠤ ᠲᠡᠶᠢᠯᠬᠦ ᠦᠭᠡᠢ ᠪᠤᠯᠤᠨ ︵ᠦᠨᠡᠨ ᠳᠡᠭᠡᠨ ᠰᠤᠭᠲᠤᠭᠤ ᠢᠳᠡᠴᠢᠬᠡᠭᠰᠡᠨ ᠪᠠᠶᠢᠵᠠᠢ︶ ᠭᠡᠪᠲᠡᠴᠢᠬᠡᠪᠡ᠃ ᠡᠷᠬᠢᠮᠵᠢᠷᠭᠠᠯ ᠡᠨᠡ ᠬᠤᠶᠠᠷ ᠬᠤᠨᠢ ᠪᠠᠨ ᠰᠡᠮᠡᠭᠡᠷᠬᠡᠨ ᠠᠳᠡ ᠨᠢ ᠦᠯᠡᠳᠡᠭᠡᠵᠦ ᠤᠷᠬᠢᠭᠠᠳ ︽ᠬᠠᠮᠢᠭ᠎ᠠ ᠴᠤ ᠮᠤᠩᠭᠤᠯ ᠭᠠᠵᠠᠷ ᠪᠠᠶᠢᠨ᠎ᠠ᠃ ᠬᠠᠯᠠᠭᠤᠨ ᠬᠤᠰᠢᠭᠤᠲᠤ ᠮᠠᠯ ᠪᠠᠶᠢᠨ᠎ᠠ᠃ ᠬᠤᠪᠢ ᠲᠠᠢ ᠪᠤᠯ ᠤᠰᠤ ᠵᠦᠯᠭᠡ ᠳᠡᠭᠡᠷ᠎ᠡ ᠪᠠᠨ ᠤᠨᠳᠤᠷᠤᠭ︕︾ ᠭᠡᠵᠦ ᠲᠦᠲᠦᠨᠡᠭᠡᠳ ᠠᠴᠢᠶ᠎ᠠ ᠬᠦᠰᠭᠡ ᠶᠢᠨ ᠢᠶᠠᠨ ᠠᠷᠤ ᠠᠴᠠ ᠨᠡᠬᠡᠨ ᠬᠦᠷᠬᠦ ᠳᠤ ᠮᠦᠮᠦ ᠶᠢᠨ ᠬᠢᠨᠢ ᠴᠢᠷᠠᠢ ᠪᠠᠷᠤᠭᠠᠷ᠃ ︽ᠲᠡᠷᠡ ᠬᠤᠶᠠᠷ ᠬᠤᠨᠢ ᠶᠠᠭᠠᠬᠢᠯ᠎ᠠ︖︾ ︽ᠲᠡᠷᠳᠡᠭᠡ ᠤᠰᠤᠨ ᠵᠠᠬ᠎ᠠ ᠳᠤ ᠤᠷᠬᠢᠴᠢᠬᠠᠭᠰᠠᠨ︕︾ ︽ᠪᠣᠯᠬᠤ ᠦᠭᠡᠢ ᠰᠢᠦ ᠬᠦᠦ ᠮᠢᠨᠢ︕ ᠦᠬᠦᠭᠰᠡᠨ ᠴᠤ ᠠᠷᠠᠰᠤ ᠶᠢ ᠨᠢ ᠠᠪᠠᠴᠢᠵᠤ ᠪᠠᠷᠢᠭᠠᠳᠠ ᠳᠤ ᠳᠤᠰᠢᠶᠠᠳᠠᠭ ᠤᠴᠢᠷᠲᠡᠢ᠃ ᠡᠷᠭᠢᠵᠦ ᠶᠠᠪᠤ ᠁︾ ᠲᠡᠭᠦᠨ ᠢ ᠪᠤᠴᠠᠭᠠᠵᠠᠢ᠃ ᠨᠢᠳᠦ ᠨᠢ ᠪᠦᠯᠲᠡᠭᠡᠨᠡᠭᠰᠡᠨ ᠬᠤᠶᠠᠷ ᠬᠤᠨᠢ ᠪᠠᠨ ᠲᠡᠷᠡ ᠨᠤᠯ ᠨᠤᠭᠤᠭᠠᠨ ᠵᠦᠭᠡᠯᠡᠨ ᠵᠦᠯᠭᠡᠨ ᠳᠡᠭᠡᠷ᠎ᠡ ᠲᠤᠯᠤᠭᠠᠢ ᠶᠢ ᠨᠢ ᠤᠮᠠᠷᠠᠰᠢ ᠬᠠᠨᠳᠤᠭᠤᠯᠤᠨ ᠲᠡᠭᠷᠢ ᠬᠠᠷᠠᠭᠤᠯᠵᠤ ᠦᠷᠦᠯᠡᠭᠡᠳ ᠠᠷᠠᠰᠤ ᠶᠢ ᠨᠢ ᠬᠦᠩᠭᠡᠬᠡᠨ ᠱᠠᠭᠠᠯᠤᠨ ᠠᠪᠴᠤ᠂ ᠨᠢᠯᠪᠤᠰᠤ ᠴᠡᠶᠢᠯᠡᠭᠡᠨᠡᠭᠰᠡᠨ ᠨᠢᠳᠦ ᠪᠠᠷ ᠪᠤᠷᠤᠯᠵᠢᠨ ᠤ ᠵᠠᠬ᠎ᠠ ᠳᠤ ᠴᠢᠷᠴᠦ ᠠᠪᠠᠴᠢᠨ ᠳᠡᠭᠡᠭᠦᠷ ᠨᠢ ᠨᠢᠮᠬᠡᠬᠡᠨ ᠰᠢᠷᠦᠢ ᠰᠠᠴᠤᠨ ︽ᠤᠷᠤᠰᠢᠭᠤᠯᠤᠭᠰᠠᠨ︾ ᠬᠠᠶᠢᠷᠠᠲᠤ ᠬᠤᠨᠢᠨ ᠤ ᠪᠠᠨ ᠦᠬᠦᠳᠡᠯ ᠢ ᠡᠷᠬᠢᠨ ᠡᠷᠬᠢᠨ ᠬᠠᠷᠠᠵᠤ ᠠᠶᠠᠨ ᠬᠦᠰᠭᠡ ᠪᠠᠨ ᠭᠦᠢᠴᠡᠨ ᠠᠪᠤᠭᠰᠠᠨ ᠪᠠᠶᠢᠯ᠎ᠠ᠃ ᠮᠤᠩᠭᠤᠯ ᠬᠡᠥᠬᠡᠳ ᠡᠶᠢᠮᠦᠷᠬᠦᠦ ᠮᠤᠩᠭᠤᠯ ᠰᠤᠶᠤᠯ ᠢ ᠬᠠᠷ᠎ᠠ ᠪᠠᠭ᠎ᠠ ᠠᠴᠠ ᠪᠠᠨ ᠢᠩᠬᠢᠵᠦ ᠤᠯᠠᠮᠵᠢᠯᠠᠨ ᠵᠠᠯᠭᠠᠵᠤ ᠠᠪᠳᠠᠭ ᠪᠢᠯᠡ ᠤᠤ︖      ᠳᠠᠷᠠᠭ᠎ᠠ ᠬᠠᠪᠤᠷ ᠨᠢ ᠡᠷᠬᠢᠮᠵᠢᠷᠠᠭᠠᠯ ᠢ ᠪᠢᠴᠢᠭ ᠦᠵᠡᠭᠦᠯᠦᠨ᠎ᠡ ᠭᠡᠵᠦ ᠠᠪᠤ ᠮᠦᠮᠦ ᠨᠢ ᠶᠠᠷᠢᠯᠴᠠᠵᠤ ᠪᠠᠶᠢᠬᠤ ᠶᠢ ᠡᠷᠬᠢᠮᠵᠢᠷᠭᠠᠯ ᠨᠢᠭᠡᠨ ᠦᠷᠯᠦᠭᠡ ᠶᠢᠨ ᠴᠠᠢ ᠳᠡᠭᠡᠷ᠎ᠡ ᠬᠠᠯᠲᠤ ᠤᠯᠵᠤ ᠰᠤᠨᠤᠰᠪᠠ᠃ ᠪᠢᠴᠢᠭ ᠰᠤᠶᠤᠯ ᠭᠡᠵᠦ ᠨᠡᠭᠡᠷᠡᠨ ᠰᠠᠶᠢᠬᠠᠨ ᠶᠠᠭᠤᠮ᠎ᠠ᠃ ᠰᠤᠳᠤᠷ ᠳᠦᠭᠦᠷᠡᠩ ᠡᠷᠢᠶᠡᠨ ᠴᠤᠬᠤᠷ ᠦᠰᠦᠭ ᠤᠳ ᠢ ᠬᠡᠳᠦᠨ ᠡᠳᠦᠷ ᠢᠶᠠᠷ ᠤᠩᠰᠢᠭᠠᠳ ᠪᠠᠷᠠᠳᠠᠭ ᠶᠠᠭᠤᠮ᠎ᠠ ᠪᠢᠰᠢ ᠪᠠᠶᠢᠨ᠎ᠠ ᠯᠠᠢ᠃ ᠲᠡᠷᠡᠬᠡᠨ ᠡᠳᠦᠷ ᠪᠠᠶᠢᠯᠢᠩᠭ᠎ᠠ ᠠᠬ᠎ᠠ ᠬᠤᠶᠢᠳᠤ ᠠᠶᠢᠯ ᠳᠡᠭᠡᠷ᠎ᠡ ᠰᠤᠷᠤᠯᠭ᠎ᠠ ᠠᠳᠬᠤᠵᠤ ᠮᠠᠥ ᠵᠦᠰᠢ ᠶᠢᠨ ᠨᠤᠮ ᠢ ᠶᠡᠭᠡ ᠤᠯᠠᠨ ᠤᠩᠰᠢᠭᠰᠠᠨ᠃ ᠪᠢ ᠪᠠᠰᠠ ᠪᠠᠶᠢᠯᠢᠩᠭ᠎ᠠ ᠠᠬ᠎ᠠ ᠰᠢᠤ ᠪᠢᠴᠢᠭ ᠮᠡᠳᠡᠳᠡᠭ ᠪᠤᠯᠴᠢᠬᠠᠪᠠᠯ ᠬᠡᠳᠦᠢ ᠰᠠᠶᠢᠬᠠᠨ ᠪᠢᠯᠡ ᠁ ᠭᠡᠵᠦ ᠡᠷᠬᠢᠮᠵᠢᠷᠭᠠᠯ ᠨᠢᠷᠠᠢ ᠨᠢᠯᠬ᠎ᠠ ᠤᠬᠠᠭᠠᠨ ᠳᠤᠲᠤᠷ᠎ᠠ ᠪᠠᠨ ᠪᠤᠳᠤᠵᠤ ᠶᠠᠪᠤᠨ᠎ᠠ᠃ ᠪᠢᠴᠢᠭ ᠲᠠᠢ ᠬᠦᠮᠦᠨ ᠭᠡᠵᠦ ᠶᠠᠮᠠᠷ ᠰᠠᠶᠢᠬᠠᠨ ᠪᠤᠢ︖ ᠴᠡᠪᠡᠷᠬᠡᠨ ᠶᠠᠩᠵᠤᠯᠠᠬᠤ ᠮᠦᠷᠲᠡᠭᠡᠨ ᠳᠦᠷᠪᠡᠨ ᠬᠠᠷᠮᠠᠨ ᠲᠠᠢ ᠵᠦᠩᠶ᠋ᠢ ︵ᠬᠦᠷᠮ᠎ᠡ︶ ᠡᠮᠦᠰᠴᠦ ᠳᠡᠭᠡᠳᠦ ᠬᠠᠷᠮᠠᠨ ᠳᠠᠭᠠᠨ ᠭᠠᠮᠪᠢᠷ ᠵᠡᠭᠦᠨ᠎ᠡ᠃ ᠵᠠᠷᠢᠮ ᠨᠢ ᠬᠡᠳᠦ ᠬᠡᠳᠦ ᠪᠠᠷ ᠵᠡᠭᠦᠨ᠎ᠡ᠃ ᠨᠢᠳᠦᠨ ᠰᠢᠯ ᠪᠠᠰᠨ ᠵᠡᠭᠦᠨ᠎ᠡ᠃ ᠨᠡᠪᠲᠡ ᠠᠶᠢᠯ ᠤᠨ ᠬᠠᠨᠵᠤᠨ ᠬᠤᠶᠢᠮᠤᠷ ᠭᠠᠷᠴᠤ ᠰᠠᠭᠤᠭᠠᠳ ᠪᠤᠭᠴᠤᠨ ᠠᠴᠠ ᠪᠠᠨ ᠰᠤᠨᠢᠨ ᠪᠤᠶᠤ ᠷᠢᠵᠢ ︵ᠡᠳᠦᠷ ᠤᠨ ᠲᠡᠮᠳᠡᠭᠯᠡᠯ ᠤᠨ ᠳᠡᠪᠲᠡᠷ︶ ᠭᠠᠷᠭᠠᠵᠤ ᠢᠷᠡᠭᠡᠳ ᠠᠷᠪᠢᠨ ᠶᠠᠭᠤᠮ᠎ᠠ ᠬᠡᠯᠡᠨ᠎ᠡ᠃ ᠪᠠᠰᠠ ᠪᠢᠴᠢᠨ᠎ᠡ᠃ ᠬᠡᠨ ᠠᠴᠠ ᠴᠤ ᠶᠠᠭᠤᠮ᠎ᠠ ᠠᠰᠠᠭᠤᠶ᠎ᠠ ᠲᠡᠭᠦᠨ ᠤ ᠡᠮᠦᠨ᠎ᠡ ᠠᠴᠠ ᠵᠦᠷᠢᠴᠡᠳᠡᠭ ᠬᠦᠮᠦᠨ ᠪᠠᠶᠢᠳᠠᠭ ᠦᠭᠡᠢ᠃ ᠶᠡᠷᠡᠨᠲᠡᠢ ᠠᠪᠠᠭ᠎ᠠ ᠲᠡᠮᠡᠭᠡ ᠡᠷᠭᠦᠴᠢᠬᠡᠳᠡᠭ ᠲᠤᠮᠤ ᠭᠦᠴᠦ ᠲᠡᠩᠬᠡᠭᠡ ᠲᠠᠢ ᠭᠡᠳ ᠲᠡᠷᠡ ᠡᠳᠦᠷ ᠳᠡᠭᠡᠷ᠎ᠡ ᠠᠴᠠ ᠢᠷᠡᠭᠰᠡᠨ ᠵᠢᠭᠠᠬᠠᠨ ᠭᠠᠨᠪᠦ᠋ ᠵᠠᠯᠠᠭᠤ ᠳᠤ ᠬᠦᠯᠦᠰᠦ ᠴᠤᠪᠤᠷᠠᠭᠤᠯᠤᠨ ᠶᠡᠭᠡ ᠤᠯᠠᠨ ᠶᠠᠭᠤᠮ᠎ᠠ ᠳᠤᠰᠢᠶᠠᠭᠰᠠᠨ ᠁      ᠡᠷᠬᠢᠮᠵᠢᠷᠭᠠᠯ ᠲᠡᠷᠡ ᠡᠳᠦᠷ ᠠᠴᠠ ᠡᠬᠢᠯᠡᠨ ᠪᠢᠷ ᠠᠪᠴᠤ ᠴᠠᠭᠠᠰᠤ ᠪᠤᠭᠴᠤᠯᠠᠨ ᠪᠢᠴᠢᠭ ᠰᠤᠷᠬᠤ ᠶᠢ ᠶᠡᠬᠡᠳᠡ ᠬᠦᠰᠡᠳᠡᠭ ᠪᠤᠯᠵᠠᠢ᠃ ᠡᠪᠦᠯ ᠤᠨ ᠨᠢᠭᠡᠨ ᠬᠦᠢᠲᠡᠨ ᠡᠳᠦᠷ᠃ ᠬᠢᠷᠠᠮᠠᠭ ᠴᠠᠰᠤ ᠬᠠᠶᠠᠯᠠᠵᠤ ᠪᠠᠶᠢᠯ᠎ᠠ᠃ ᠠᠪᠳᠠᠷ᠎ᠠ ᠬᠠᠶᠢᠷᠬᠠᠨ ᠤ ᠵᠡᠭᠦᠨ ᠳᠤᠰᠢᠶ᠎ᠠ ︽ᠠᠮᠢᠳᠢ ᠨᠢᠭᠤᠳᠠᠭ ᠨᠤᠷ᠎ᠠ︾ ᠳᠤ ᠬᠤᠨᠢ ᠪᠠᠨ ᠬᠠᠷᠢᠭᠤᠯᠤᠨ ᠶᠠᠪᠤᠵᠤ ᠪᠠᠶᠢᠲᠠᠯ᠎ᠠ ᠡᠮᠦᠨ᠎ᠡ ᠬᠤᠶᠠᠷ ᠬᠦᠯ ᠢᠶᠠᠨ ᠲᠠᠰᠤ ᠬᠤᠭᠤᠯᠤᠭᠤᠯᠤᠭᠰᠠᠨ ᠨᠢᠭᠡᠨ ᠦᠯᠦᠩᠬᠢᠷ ᠦᠨᠡᠭᠡ ᠲᠠᠢ ᠲᠠᠭᠠᠷᠠᠯᠳᠤᠪᠠ᠃ ᠦᠨᠡᠭᠡ ᠭᠦᠶᠦᠵᠦ ᠳᠡᠶᠢᠯᠬᠦ ᠦᠭᠡᠢ ᠦᠩᠭᠦᠷᠢᠳᠡᠨ ᠲᠠᠪᠠᠷᠴᠠᠭᠯᠠᠨ᠎ᠠ᠃ ᠡᠷᠬᠢᠮᠵᠢᠷᠭᠠᠯ ᠡᠨᠡ ᠦᠶ᠎ᠡ ᠳᠤ ᠠᠪᠠᠢ ᠨᠢ ᠡᠪᠦᠯ ᠳᠡᠭᠡᠨ ᠦᠨᠡᠭᠡ ᠠᠪᠠᠯᠠᠵᠤ ᠠᠷᠠᠰᠤ ᠪᠠᠷ ᠨᠢ ᠰᠢᠨ᠎ᠡ ᠲᠦᠭᠦᠭᠡᠷᠬᠦ ᠪᠤᠶᠤ ᠬᠡᠥᠬᠡᠳ ᠲᠡᠭᠡᠨ ᠭᠤᠲᠤᠯ ᠱᠠᠬᠠᠢ ᠠᠪᠴᠤ ᠦᠭᠳᠡᠭ ᠢ ᠰᠠᠨᠠᠭᠠᠨ ᠳᠤ ᠤᠷᠤᠯ᠎ᠠ᠃ ᠡᠭᠦᠨ ᠢ ᠠᠯᠠᠵᠤ ᠠᠷᠠᠰᠤ ᠶᠢ ᠨᠢ ᠬᠠᠭᠤᠯᠤᠶ᠎ᠠ ᠭᠡᠬᠦ ᠡᠷᠡᠰ ᠪᠤᠳᠤᠯ ᠳᠤ ᠵᠤᠷᠢᠭ ᠤᠷᠤᠵᠤ ᠬᠤᠨᠢᠨ ᠰᠢᠳᠠᠮ ᠢᠶᠠᠷ ᠢᠶᠠᠨ ᠦᠨᠦᠬᠢ ᠦᠨᠡᠭᠡ ᠶᠢ ᠵᠠᠨᠴᠢᠯ᠎ᠠ᠃ ᠠᠮᠢᠨ ᠳᠡᠭᠡᠷ᠎ᠡ ᠪᠠᠨ ᠲᠤᠯᠪᠠᠯ ᠶᠠᠮᠠᠷ ᠴᠤ ᠠᠮᠢᠲᠠᠨ ᠭᠡᠳ ᠪᠦᠷ ᠴᠢᠩᠭᠠᠷᠠᠳᠠᠭ ᠪᠠᠶᠢᠵᠤ ᠲᠡᠷᠡ ᠰᠢᠷᠬᠠᠳᠤᠭᠰᠠᠨ ᠦᠨᠡᠭᠡ ᠡᠨᠡ ᠬᠦ ᠪᠢᠴᠢᠬᠠᠨ ᠬᠡᠥᠭᠡᠳ ᠢ ᠬᠠᠪᠢᠳᠠᠭᠤᠯᠬᠤ ᠦᠭᠡᠢ ᠠᠷᠬᠢᠷᠠᠨ ᠲᠤᠩᠭᠤᠷᠴᠤ ᠬᠢᠷᠢ ᠪᠠᠷ ᠢᠶᠠᠨ ᠰᠦᠷ ᠦᠵᠡᠭᠦᠯᠦᠨ᠎ᠡ᠃ ᠡᠷᠬᠢᠮᠵᠢᠷᠭᠠᠯ ᠨᠤᠷ᠎ᠠ ᠶᠢᠨ ᠴᠢᠯᠠᠭᠤ ᠠᠴᠠ ᠬᠤᠶᠠᠷ ᠭᠠᠷ ᠲᠠᠭᠠᠨ ᠨᠡᠯᠢᠶᠡᠳ ᠢ ᠲᠡᠭᠦᠵᠦ ᠠᠪᠴᠢᠷᠠᠨ ᠦᠨᠡᠭᠡ ᠶᠢ ᠴᠢᠯᠠᠭᠤᠳᠠᠯ᠎ᠠ᠃ ᠦᠨᠡᠭᠡ ᠵᠢᠭᠤᠳᠠᠨ ᠵᠠᠶᠢᠯᠠᠭᠰᠠᠭᠠᠷ ᠪᠠᠶᠢᠵᠤ ᠶᠠᠭ ᠰᠠᠶᠢᠬᠠᠨ ᠨᠤᠷ᠎ᠠ ᠶᠢᠨ ᠡᠬᠢᠨ ᠤ ᠮᠤᠬᠤᠷ ᠬᠤᠩᠭᠢᠯ ᠳᠤ ᠤᠷᠤᠭᠠᠳ ᠦᠬᠦᠪᠡᠴᠦ ᠭᠠᠷᠴᠤ ᠲᠡᠶᠢᠯᠦᠮᠡᠷ ᠦᠭᠡᠢ ᠪᠤᠯᠴᠢᠬᠠᠪᠠ᠃ ᠡᠷᠬᠢᠮᠵᠢᠷᠭᠠᠯ ᠤᠷᠤᠵᠤ ᠴᠤ ᠪᠣᠯᠬᠤ ᠦᠭᠡᠢ ᠲᠤᠯᠠ ᠬᠠᠷᠢᠭᠤᠯᠤᠭᠰᠠᠨ ᠬᠤᠨᠢ ᠪᠠᠨ ᠡᠷᠭᠢᠬᠦᠯᠵᠦ ᠲᠤᠭᠳᠠᠭᠠᠭᠠᠳ ᠭᠡᠷ ᠦᠭᠡᠳᠡ ᠪᠠᠨ ᠲᠡᠷᠪᠡᠶᠢᠲᠡᠯ᠎ᠡ ᠬᠠᠷᠠᠶᠢᠯᠭᠠᠨ ᠠᠪᠤ ᠳᠠᠭᠠᠨ ᠦᠭᠡ ᠪᠤᠯᠵᠠᠢ᠃      ᠦᠭᠡᠯᠵᠢᠨ ᠰᠠᠷ᠎ᠠ ᠶᠢᠨ ᠦᠨᠡᠭᠡ ᠰᠤᠷ ᠭᠦᠢᠴᠡᠵᠡᠢ᠃ ᠡᠨᠡ ᠦᠨᠡᠭᠡᠨ ᠤ ᠠᠷᠠᠰᠤ ᠶᠢ ᠠᠷᠪᠠᠨ ᠨᠠᠢᠮᠠᠨ ᠲᠦᠭᠦᠷᠢᠭ ᠤᠨ ᠦᠨ᠎ᠡ ᠪᠠᠷ ᠠᠪᠤ ᠨᠢ ᠪᠤᠯᠤᠩ ᠤᠨ ᠬᠤᠷᠰᠢᠶᠠᠨ ᠳᠤ ᠬᠤᠳᠠᠯᠳᠤᠴᠢᠬᠠᠭᠠᠳ ᠡᠷᠬᠢᠮᠵᠢᠷᠭᠠᠯ ᠠᠬ᠎ᠠ ᠳᠡᠭᠦᠦ ᠬᠡᠳᠦᠭᠦᠯᠡ ᠳᠤ ᠬᠤᠪᠴᠠᠰᠤᠨ ᠪᠦᠰ᠂ ᠱᠠᠬᠠᠢ ᠤᠶᠢᠮᠤᠰᠤ ᠠᠪᠴᠢᠷᠠᠭᠰᠠᠨ ᠪᠠ ᠦᠯᠡᠳᠡᠭᠰᠡᠨ ᠲᠠᠪᠤᠨ ᠲᠦᠭᠦᠷᠢᠭ ᠢ ᠨᠢ ᠡᠷᠬᠢᠮᠵᠢᠷᠭᠠᠯ ᠳᠤ ᠱᠠᠩᠨᠠᠨ ᠦᠭᠴᠦ ᠪᠢᠯᠡ᠃ ᠡᠷᠬᠢᠮᠵᠢᠷᠭᠠᠯ ᠲᠡᠷᠡ ᠬᠦ ᠲᠠᠪᠤᠨ ᠲᠦᠭᠦᠷᠢᠭ ᠵᠤᠭᠤᠰ ᠢᠶᠠᠨ ᠳᠠᠷᠤᠢ ᠳᠤᠨᠢ ᠮᠦᠮᠦ ᠳᠡᠭᠡᠨ ᠬᠤᠷᠢᠶᠠᠯᠭᠠᠵᠤ ᠳᠠᠷᠠᠭ᠎ᠠ ᠵᠢᠯ ᠰᠤᠷᠭᠠᠭᠤᠯᠢ ᠳᠤ ᠰᠠᠭᠤᠪᠠᠯ ᠪᠢᠷ᠂ ᠴᠠᠭᠠᠰᠤ ᠠᠪᠤᠨ᠎ᠠ ᠭᠡᠵᠦ ᠴᠢᠩᠭ᠎ᠠ ᠪᠤᠳᠤᠯ ᠡᠪᠦᠷᠯᠡᠭᠰᠡᠨ ᠢ ᠪᠦᠬᠦ ᠭᠡᠷ ᠤᠨ ᠬᠢᠨ ᠬᠦᠮᠦᠰ ᠪᠦᠭᠦᠳᠡᠭᠡᠷ ᠭᠠᠶᠢᠬᠠᠴᠢᠬᠠᠯ᠎ᠠ᠃      ᠳᠠᠷᠠᠭ᠎ᠠ ᠬᠠᠪᠤᠷ ᠨᠢ ᠡᠷᠬᠢᠮᠵᠢᠷᠭᠠᠯ ᠠᠬ᠎ᠠ ᠶᠢᠨ ᠢᠶᠠᠨ ᠬᠠᠮᠲᠤ ᠳᠠᠪᠰᠢᠯᠲᠠ ᠪᠠᠷᠢᠭᠠᠳᠠ ᠶᠢᠨ ᠠᠷᠠᠳ ᠠᠴᠠ ᠡᠷᠬᠢᠯᠡᠭᠰᠡᠨ ᠪᠠᠭ᠎ᠠ ᠰᠤᠷᠭᠠᠭᠤᠯᠢ ᠳᠤ ᠤᠷᠤᠵᠤ ᠲᠤᠮᠤ ᠭᠡᠷ ᠤᠨ ᠰᠢᠪᠠᠷ ᠬᠠᠨᠵᠤᠨ ᠳᠡᠭᠡᠷ᠎ᠡ ᠵᠡᠷᠭᠡᠯᠡᠨ ᠲᠠᠯᠪᠢᠭᠰᠠᠨ ᠲᠤᠭᠤᠰᠬ᠎ᠠ ᠪᠠᠷ ᠲᠤᠯᠵᠤ᠂ ᠵᠦᠰᠦᠮᠡᠯ ᠪᠠᠨᠰᠠ ᠮᠤᠳᠤ ᠪᠠᠷ ᠤᠷᠤᠭᠯᠠᠭᠤᠯᠤᠭᠰᠠᠨ ︽ᠬᠢᠴᠢᠶᠡᠯ ᠤᠨ ᠰᠢᠷᠡᠭᠡ︾ ᠶᠢ ᠡᠯᠢᠭᠡᠳᠡᠨ ᠠᠪᠠᠬ᠎ᠠ ᠴᠠᠭᠠᠨ ᠲᠤᠯᠤᠭᠠᠢ᠂ ᠠᠷᠠᠪ ᠲᠤᠭ᠎ᠠ ᠶᠢ ᠠᠩᠬᠠᠯᠠᠵᠤ ᠲᠡᠭᠡᠵᠦ ᠰᠤᠷᠤᠭᠰᠠᠨ ᠶᠤᠮ᠃      1974 ᠤᠨ ᠤ ᠨᠠᠮᠤᠷ᠃ ᠡᠷᠬᠢᠮᠵᠢᠷᠭᠠᠯ ᠭᠤᠷᠪᠠᠳᠤᠭᠠᠷ ᠤᠨ ᠳᠤ ᠲᠡᠪᠰᠢᠬᠦ ᠪᠤᠯᠠᠬᠤᠶ᠎ᠠ ᠳᠠᠪᠰᠢᠯᠲᠠ ᠪᠠᠷᠢᠭᠠᠳᠠ ᠶᠢᠨ ᠪᠠᠭ᠎ᠠ ᠰᠤᠷᠭᠠᠭᠤᠯᠢ ᠠᠴᠠ ᠴᠠᠪ ᠭᠦᠩᠱᠧ ᠤᠨ ᠠᠯᠪᠠᠨ ᠰᠤᠷᠭᠠᠭᠤᠯᠢ ᠳᠤ ᠰᠢᠯᠵᠢᠵᠦ ᠢᠷᠡᠪᠡ᠃ ᠶᠠᠭᠤ ᠪᠦᠭᠦᠳᠡ ᠰᠢᠨ᠎ᠡ ᠰᠤᠨᠢᠬᠠᠨ᠃ ᠤᠯᠠᠨ ᠤᠯᠠᠨ ᠰᠤᠷᠤᠭᠴᠢ ᠲᠠᠢ᠃ ᠰᠠᠭᠰᠤᠨ ᠪᠦᠮᠪᠦᠭᠡ᠂ ᠠᠯᠭᠠᠨ ᠪᠦᠮᠪᠦᠭᠡ᠂ ᠬᠦᠯ ᠪᠦᠮᠪᠦᠭᠡ ᠶᠢᠨ ᠲᠠᠯᠠᠪᠤᠷ ᠲᠠᠢ᠃ ᠭᠢᠯᠠᠯᠵᠠᠭᠰᠠᠨ ᠰᠢᠯ ᠴᠤᠩᠬᠤ ᠲᠠᠢ ᠮᠦᠷ ᠮᠦᠷ ᠭᠦᠬᠡ ᠲᠤᠭᠤᠰᠬᠠᠨ ᠪᠤᠰᠤᠭ᠎ᠠ ᠨᠢᠷᠤᠭᠤᠲᠤ ᠬᠢᠴᠢᠶᠡᠯ ᠤᠨ ᠲᠢᠩᠬᠢᠮ ᠳᠤ ᠰᠤᠷᠤᠯᠴᠠᠳᠠᠭ᠃ ᠡᠨᠡ ᠨᠢ ᠦᠨᠡᠭᠡᠷ ᠡᠷᠬᠢᠮᠵᠢᠷᠭᠠᠯ ᠤᠨ ᠤᠭᠲᠤ ᠰᠠᠨᠠᠵᠤ ᠤᠯᠤᠰᠢ ᠦᠭᠡᠢ ᠤᠷᠴᠢᠨ ᠲᠤᠭᠤᠷᠢᠨ ᠪᠠᠶᠢᠵᠠᠢ᠃      ᠡᠷᠳᠡᠨᠢᠴᠢᠯᠠᠭᠤ ᠭᠡᠰᠡᠨ ᠵᠠᠯᠠᠭᠤ ᠪᠠᠭᠰᠢ ᠶᠢᠨ ᠰᠤᠷᠤᠭᠴᠢ ᠪᠤᠯᠵᠤ ᠦᠷᠭᠦᠯᠵᠢᠳᠡ ᠳᠡᠭᠰᠢᠬᠡᠨ ᠴᠡᠪᠡᠷ ᠬᠤᠪᠴᠠᠯᠠᠵᠤ᠂ ᠦᠳᠬᠡᠨ ᠬᠠᠷ᠎ᠠ ᠦᠰᠦ ᠪᠠᠨ ᠬᠠᠵᠠᠭᠤ ᠲᠡᠶᠢᠰᠢ ᠪᠠᠨ ᠠᠩᠭᠢᠯᠠᠨ ᠰᠠᠮᠨᠠᠳᠠᠭ ᠭᠡᠭᠡᠨᠴᠢᠷᠡᠭᠦᠨ ᠪᠠᠭᠰᠢ ᠪᠠᠨ ᠬᠠᠷᠠᠭᠠᠳ ᠳᠤᠲᠤᠷ᠎ᠠ ᠪᠠᠨ ᠲᠡᠷᠡ ᠮᠠᠰᠢ ᠤᠮᠤᠭᠰᠢᠨ᠎ᠠ᠃ ᠨᠡᠩ ᠴᠤ ᠡᠷᠳᠡᠨᠢᠴᠢᠯᠠᠭᠤ ᠪᠠᠭᠰᠢ ᠶᠢᠨ ᠰᠠᠮᠪᠠᠷ᠎ᠠ ᠳᠡᠭᠡᠷ᠎ᠡ ᠪᠢᠴᠢᠬᠦ ᠦᠰᠦᠭ ᠤᠨ ᠲᠢᠭ ᠨᠢ ᠲᠤᠩ ᠭᠤᠶᠤ ᠪᠠᠶᠢᠯ᠎ᠠ᠃ ᠡᠨᠡ ᠪᠠᠭᠰᠢ ᠶᠢᠨ ᠳᠠᠭᠤᠷᠢᠶᠠᠯ ᠪᠠ ᠬᠦᠮᠦᠵᠢᠯ ᠡᠷᠬᠢᠮᠵᠢᠷᠭᠠᠯ ᠤᠨ ᠡᠨᠡ ᠨᠢᠭᠡ ᠨᠠᠰᠤᠨ ᠤ ᠠᠮᠢᠳᠤᠷᠠᠯ ᠲᠡᠮᠡᠥᠯᠡᠯ᠂ ᠠᠵᠢᠯ ᠦᠢᠯᠡᠰ ᠲᠤᠨᠢ ᠪᠠᠯᠠᠷᠠᠰᠢ ᠦᠭᠡᠢ ᠭᠦᠨ ᠭᠡᠭᠴᠢ ᠨᠦᠯᠦᠭᠡ ᠪᠠ ᠰᠡᠩᠭᠡᠷᠡᠭᠦᠯᠦᠯ ᠢ ᠤᠯᠭᠤᠵᠠᠢ ᠭᠡᠳᠡᠭ ᠢᠶᠠᠨ ᠡᠷᠬᠢᠮ ᠭᠤᠸᠠᠢ ᠦᠷᠭᠦᠯᠵᠢ ᠳᠤᠷᠠᠰᠴᠤ ᠬᠡᠯᠡᠳᠡᠭ ᠰᠠᠨ᠃ ︽ᠰᠤᠶᠤᠯ ᠤᠨ ᠶᠡᠭᠡ ᠬᠤᠪᠢᠰᠬᠠᠯ︾ ᠤᠨ ᠪᠠᠯᠠᠮᠠᠳᠴᠤᠳ᠂ ᠤᠲᠤᠷ ᠤᠨ ᠵᠠᠮ ᠳᠠᠬᠢ ᠤᠴᠠᠷᠠᠯ ᠤᠳ᠂ ᠬᠦᠳᠡᠭᠡ ᠶᠢᠨ ᠰᠤᠷᠭᠠᠭᠤᠯᠢ ᠶᠢᠨ ᠤᠷᠴᠢᠨ ᠲᠤᠭᠤᠷᠢᠨ ᠳᠤᠮᠳᠠ ᠠᠴᠠ ᠠᠷᠠᠢ ᠠᠷᠪᠠᠨ ᠳᠦᠷᠪᠡ ᠬᠦᠷᠦᠭᠰᠡᠨ ᠡᠷᠬᠢᠮᠵᠢᠷᠭᠠᠯ ᠶᠡᠭᠡ ᠤᠯᠠᠨ ᠶᠠᠭᠤᠮ᠎ᠠ ᠶᠢ ᠰᠢᠩᠭᠡᠭᠡᠨ ᠠᠪᠴᠦ᠂ ᠬᠠᠷᠢᠴᠠᠭᠤᠯᠤᠨ ᠪᠤᠳᠤᠵᠤ ᠶᠠᠪᠤᠬᠤ ᠪᠤᠯᠪᠠ᠃ ᠬᠦᠮᠦᠨ ᠭᠡᠭᠴᠢ ᠶᠠᠭᠠᠬᠢᠭᠠᠳ ᠲᠡᠶᠢᠮᠦ ᠪᠤᠯᠬᠢ ᠪᠦᠳᠦᠭᠦᠯᠢᠭ ᠭᠡᠷᠴᠡᠭᠡᠢ ᠪᠠᠯᠠᠮᠠᠳ ᠪᠤᠯᠳᠠᠭ ᠪᠤᠢ︖ ᠲᠡᠶᠢᠮᠦ ᠬᠤᠪᠢᠨᠴᠢᠷ᠂ ᠰᠢᠨᠤᠬᠠᠢ᠂ ᠠᠲᠠᠭ᠎ᠠ ᠵᠢᠲᠤᠭᠡᠴᠢ ᠪᠠᠶᠢᠳᠠᠭ ᠪᠤᠢ︖ ᠬᠡᠴᠢᠨᠡᠭᠡᠨ ᠰᠡᠳᠬᠢᠵᠦ ᠪᠤᠳᠤᠭᠰᠠᠨ ᠤ ᠡᠴᠦᠰ ᠲᠤ ᠲᠡᠷᠡ ᠪᠦᠬᠦᠨ ᠪᠦᠷ ︽ᠰᠤᠶᠤᠯ ᠦᠭᠡᠢ ᠶᠢᠨ ᠬᠢ᠂ ᠰᠤᠶᠣᠯ ᠦᠭᠡ ᠴᠡᠷᠢᠭ ᠪᠤᠯ ᠮᠤᠩᠬᠠᠭ ᠴᠡᠷᠢᠭ ᠭᠡᠵᠦ ᠮᠠᠥ ᠵᠦᠰᠢ ᠬᠡᠯᠡᠭᠰᠡᠨ ᠨᠢ ᠮᠠᠰᠢ ᠵᠦᠢᠲᠡᠢ︾ ᠭᠡᠵᠦ ᠦᠪᠡᠷ ᠲᠡᠭᠡᠨ ᠨᠤᠲᠠᠯᠠᠪᠠ᠃ ᠰᠤᠶᠤᠯ ᠢᠶᠠᠷ ᠭᠡᠭᠡᠷᠡᠭᠦᠯᠬᠦ ᠭᠠᠵᠠᠷ ᠪᠤᠯ ᠰᠤᠷᠭᠠᠭᠤᠯᠢ ᠮᠦᠨ᠃ ᠰᠤᠷᠭᠠᠭᠤᠯᠢ ᠶᠢ ᠡᠵᠡᠮᠳᠡᠭᠴᠢᠳ ᠪᠤᠯ ᠪᠠᠭᠰᠢ ᠮᠦᠨ᠃ ᠪᠢ ᠬᠤᠵᠢᠮ ᠦᠢ ᠲᠦᠮᠡᠨ ᠰᠤᠶᠤᠯ ᠦᠭᠡᠢ ᠬᠦᠮᠦᠰ ᠲᠤ ᠰᠤᠶᠤᠯ ᠮᠡᠳᠡᠯᠭᠡ ᠬᠦᠷᠲᠡᠭᠡᠬᠦ ᠪᠠᠭᠰᠢ ᠪᠤᠯᠤᠶ᠎ᠠ᠃ ᠲᠡᠭᠡᠭᠡᠳ ᠡᠷᠳᠡᠨᠢᠴᠢᠯᠠᠭᠤ ᠪᠠᠭᠰᠢ ᠲᠠᠢ ᠪᠠᠨ ᠠᠳᠠᠯᠢ ᠶᠠᠭᠤ ᠶᠢ ᠴᠤ ᠮᠡᠳᠡᠳᠡᠭ᠂ ᠪᠢᠴᠢᠵᠦ ᠵᠢᠷᠤᠵᠤ᠂ ᠪᠤᠳᠤᠵᠤ ᠪᠦᠷ ᠴᠢᠳᠠᠳᠠᠭ᠂ ᠮᠤᠩᠭᠤᠯ ᠬᠢᠲᠠᠳ ᠪᠢᠴᠢᠭ ᠢ ᠳᠡᠯᠪᠡᠲᠡᠯ᠎ᠡ ᠰᠠᠶᠢᠬᠠᠨ ᠪᠢᠴᠢᠳᠡᠭ ᠪᠠᠭᠰᠢ ᠪᠤᠯᠤᠶ᠎ᠠ᠃ ᠬᠤᠪᠴᠠᠰᠤ ᠪᠠᠨ ᠴᠡᠪ ᠴᠡᠪᠡᠷᠬᠡᠨ ᠡᠮᠦᠰᠦᠨ᠎ᠡ᠃ ᠴᠠᠭᠠᠨ ᠵᠢᠶᠤᠤᠫᠢ ᠱᠠᠬᠠᠢ ᠡᠮᠦᠰᠴᠦ ᠰᠠᠭᠰᠤᠨ ᠪᠦᠮᠪᠦᠭᠡ ᠶᠢ ᠭᠤᠶᠤ ᠴᠤᠬᠢᠨ᠎ᠠ᠃ ᠦᠰᠦ ᠪᠠᠨ ᠭᠢᠯᠠᠭᠠᠨᠠᠲᠠᠯ᠎ᠠ ᠰᠠᠮᠨᠠᠵᠤ ᠁ ᠲᠡᠷᠡ ᠦᠪᠡᠷ ᠤᠨ ᠪᠤᠳᠤᠯ ᠳᠠᠭᠠᠨ ᠦᠨᠡᠨ ᠰᠡᠳᠬᠢᠯ ᠬᠦᠭᠰᠡᠪᠡ᠃ ᠲᠡᠭᠡᠭᠡᠳ ᠲᠡᠷᠡ ᠮᠠᠨᠢ ᠰᠤᠷᠤᠯᠭ᠎ᠠ ᠳᠠᠭᠠᠨ ᠨᠡᠩ ᠴᠢᠷᠮᠠᠶᠢᠳᠠᠭ ᠪᠤᠯᠤᠯ᠎ᠠ ᠰᠢᠤ᠃      1977 ᠤᠨ ᠤ ᠶᠢᠰᠦᠨ ᠰᠠᠷ᠎ᠠ ᠳᠤ᠃ ᠡᠷᠬᠢᠮᠵᠢᠷᠭᠠᠯ ᠤᠳᠤ ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠳᠤ ᠰᠤᠷᠤᠯᠴᠠᠬᠤ ᠪᠠᠷ ᠶᠠᠪᠤᠬᠤ ᠪᠤᠯᠤᠯ᠎ᠠ᠃ ᠭᠡᠷ ᠤᠨ ᠬᠢᠨᠢ ᠠᠮᠢᠳᠤᠷᠠᠯ ᠬᠦᠴᠢᠷᠲᠡᠢ ᠲᠤᠯᠠ ᠠᠬ᠎ᠠ ᠡᠷᠬᠢᠮᠴᠢᠯᠠᠭᠤ᠂ ᠠᠷᠪᠢᠨᠳᠠᠯᠠᠢ ᠳᠦᠷᠪᠡᠭᠦᠯᠡ ᠪᠤᠯᠵᠤ ᠲᠡᠷᠡ ᠨᠠᠮᠤᠷ ᠤᠨ ︽ᠤᠯᠤᠰ ᠤᠨ ᠡᠭᠦᠷᠭᠡᠨ ᠮᠠᠯ︾ ᠲᠠᠭᠤᠬᠤ ᠠᠵᠢᠯ ᠢ ᠡᠷᠢᠵᠦ ᠤᠯᠪᠠ᠃ ᠵᠢᠷᠭᠤᠭᠠᠨ ᠵᠠᠭᠤ ᠭᠠᠷᠤᠢ ᠬᠤᠨᠢ ᠢᠮᠠᠭ᠎ᠠ ᠶᠢ ᠴᠠᠪ ᠤᠨ ᠳᠠᠪᠰᠢᠯᠲᠠ ᠠᠴᠠ ᠳᠤᠯᠤᠭᠠᠨ ᠡᠳᠦᠷ ᠲᠤ ᠤᠲᠤᠭ ᠤᠨ ᠤᠯᠠᠭᠠᠨᠪᠠᠯᠭᠠᠰᠤᠨ ᠳᠠᠬᠢ ᠢᠳᠡᠭᠡᠨ ᠤ ᠺᠤᠮᠫᠠᠨᠢ ᠳᠤ ᠬᠦᠷᠭᠡᠵᠦ ᠦᠭᠭᠦᠨ᠎ᠡ᠃ ᠭᠠᠭᠴᠠ ᠮᠠᠯ ᠢ ᠴᠤ ᠬᠤᠷᠤᠭᠤᠳᠠᠭᠤᠯᠵᠤ ᠪᠤᠯᠬᠤ ᠦᠭᠡᠢ᠃ ᠬᠤᠷᠤᠭᠳᠠᠪᠠᠯ ᠲᠦᠯᠦᠪᠦᠷᠢ ᠦᠭᠭᠦᠨ᠎ᠡ᠃ ᠶᠠᠭᠤ ᠴᠤ ᠭᠡᠰᠡᠨ ᠰᠤᠷᠭᠠᠭᠤᠯᠢ ᠶᠢᠨ ᠰᠦᠢᠳᠬᠡᠯ ᠤᠯᠬᠤ ᠶᠢ ᠪᠤᠳᠤᠵᠤ ᠬᠤᠶᠠᠷ ᠠᠯᠠᠰᠢᠨ ᠡᠯᠵᠢᠭᠡᠨ ᠳᠡᠭᠡᠷ᠎ᠡ ᠲᠦᠷᠪᠡᠭᠦᠯᠡ ᠶᠢᠨ ᠪᠠᠶᠢᠳᠠᠭ ᠬᠦᠨᠵᠢᠯᠡ ᠳᠡᠪᠢᠰᠬᠡᠷ ᠬᠤᠪᠴᠠᠰᠤ ᠬᠤᠨᠠᠷ ᠢᠶᠠᠨ ᠠᠴᠢᠶᠠᠯᠠᠵᠤ ᠬᠦᠭᠡᠭᠡᠳ ᠭᠠᠷᠴᠠᠢ᠃ ᠡᠳᠦᠷ ᠲᠤ ᠮᠠᠯ ᠲᠠᠭᠤᠵᠤ 40 --50 ᠭᠠᠵᠠᠷ ᠶᠠᠪᠠᠭᠠᠨ ᠢᠶᠠᠷ ᠠᠶᠠᠯᠠᠨ᠎ᠠ᠃ ᠬᠡᠭᠡᠷ᠎ᠡ ᠬᠤᠨᠤᠪᠠᠯ ᠮᠠᠯ ᠢᠶᠠᠨ ᠮᠠᠨᠠᠨ᠎ᠠ᠃ ᠠᠶᠢᠯ ᠤᠨ ᠰᠦᠷᠦᠭ ᠲᠤ ᠬᠠᠪᠢᠳᠠᠬᠤ ᠠᠴᠠ ᠬᠢᠴᠢᠶᠡᠨ᠎ᠡ᠃ ᠲᠡᠭᠷᠢ ᠪᠤᠷᠤᠭᠠᠯᠠᠨ᠎ᠠ᠃ ᠬᠤᠭᠤᠰᠤᠨ ᠬᠤᠨᠤᠨ᠎ᠠ᠃ ᠨᠢᠭᠡ ᠭᠠᠷᠠᠭ ᠦᠬᠦᠨ ᠵᠤᠳᠤᠨ ᠲᠡᠮᠡᠴᠡᠭᠡᠳ ᠳᠠᠭᠤᠪᠤᠷᠢ ᠶᠢᠨ ᠮᠠᠯ ᠢᠶᠠᠨ ᠲᠤᠭ᠎ᠠ ᠶᠤᠰᠤᠭᠠᠷ ᠨᠢ ᠴᠠᠭ ᠲᠠᠭᠠᠨ ᠮᠦᠨ ᠭᠠᠵᠠᠷ ᠲᠤᠨᠢ ᠬᠦᠷᠭᠡᠵᠦ ᠬᠦᠮᠦᠨ ᠪᠦᠷᠢ ᠠᠷᠪᠠᠨ ᠳᠤᠯᠤᠭᠠᠨ ᠲᠦᠭᠦᠷᠢᠭ ᠵᠢᠷᠠᠨ ᠮᠦᠩᠭᠦ ᠶᠢᠨ ᠬᠦᠯᠦᠰᠦ ᠬᠤᠪᠢᠳᠠᠨ ᠤᠯᠤᠭᠠᠳ ᠲᠡᠭᠦᠨ ᠢᠶᠠᠷ ᠢᠶᠠᠨ ᠠᠩᠬ᠎ᠠ ᠳᠤᠮᠳᠠᠳᠤ ᠶᠢᠨ ᠠᠯᠲᠠᠨ ᠡᠭᠦᠳᠡ ᠶᠢ ᠳᠠᠲᠠᠬᠤ ᠰᠦᠢᠳᠬᠡᠯ ᠳᠤ ᠵᠤᠷᠢᠭᠤᠯᠤᠨ ᠰᠤᠷᠤᠯᠭ᠎ᠠ ᠪᠠᠨ ᠵᠠᠯᠭᠠᠵᠤ ᠭᠡᠨ᠎ᠡ᠃ ᠵᠤᠷᠢᠭ ᠲᠠᠢ ᠬᠦᠮᠦᠨ ᠳᠤ ᠵᠠᠮ ᠰᠠᠷᠠᠭᠤᠯ ᠭᠡᠭᠴᠢ ᠡᠨᠡ ᠪᠢᠵᠡ︕                        ︽ᠨᠤᠲᠤᠭ ᠤᠨ ᠴᠡᠩᠭᠡᠷ ᠠᠭᠤᠯᠠᠰ︾ ᠠ᠊  ᠴᠤᠭᠵᠢᠯ ᠵᠤᠬᠢᠶᠠᠪᠠ  ︵ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ