ᠲᠡᠭᠷᠢᠯᠢᠭ ᠪᠤᠰᠤᠭ᠎ᠠ ᠮᠤᠩᠭᠤᠯ ᠰᠤᠶᠤᠯ ᠢᠶᠠᠨ ᠲᠡᠪᠡᠷᠢᠵᠦ ᠪᠤᠰᠤᠭᠰᠠᠨ ᠮᠤᠩᠭᠤᠯ ᠡᠷ᠎ᠡ  ︵ᠭᠤᠷᠪᠠ︶
ᠨᠡᠶᠢᠲᠡᠯᠡᠭᠰᠡᠨ ᠴᠠᠭ᠄
2021/12/15
                         ᠦᠰᠬᠦ ᠠᠴᠠ ᠰᠤᠷᠤᠭᠰᠠᠨ ᠦᠨᠳᠦᠰᠦᠨ ᠬᠡᠯᠡ                          ᠮᠠᠷᠲᠠᠵᠤ ᠪᠤᠯᠤᠰᠢ ᠦᠭᠡᠢ ᠰᠤᠶᠤᠯ                          ᠦᠬᠦᠲᠡᠯ᠎ᠡ ᠤᠷᠤᠰᠢᠬᠤ ᠲᠦᠷᠦᠯᠬᠢ ᠨᠤᠲᠤᠭ                          ᠰᠠᠯᠵᠤ ᠪᠤᠯᠤᠰᠢ ᠦᠭᠡᠢ ᠤᠷᠤᠨ                                  —ᠶᠡᠭᠡ ᠵᠤᠬᠢᠶᠠᠯᠴᠢ ᠳ᠋᠊· ᠨᠠᠴᠤᠭᠳᠣᠷᠵᠢ ᠶᠢᠨ ᠡᠨᠡ ᠬᠦ ᠰᠤᠳᠤᠨ ᠪᠠᠳᠠᠭ ᠡᠷᠬᠢᠮᠵᠢᠷᠭᠠᠯ ᠤᠨ ᠭᠡᠷ ᠤᠨ ᠵᠤᠴᠢᠯᠠᠭ᠎ᠠ ᠶᠢᠨ ᠲᠠᠰᠤᠯᠭᠠᠨ ᠤ ᠬᠠᠨᠠᠨ ᠳᠤ ᠦᠷᠭᠦᠯᠵᠢ ᠬᠠᠳᠠᠭᠠᠰᠤᠲᠠᠢ       ᠤᠲᠤᠭ ᠬᠤᠰᠢᠭᠤᠨ ᠤ ᠮᠤᠩᠭᠤᠯ ᠳᠤᠮᠳᠠᠳᠤ ᠰᠤᠷᠭᠠᠭᠤᠯᠢ ᠭᠡᠵᠦ ᠤᠯᠠᠭᠠᠨᠪᠠᠯᠭᠠᠰᠤ ᠶᠢᠨ ᠠᠷᠤ ᠳᠠᠬᠢ ᠪᠤᠷᠤᠯᠵᠢᠨ ᠭᠦᠳᠦᠴᠡᠭ ᠢ‌‍ᠲ᠋ᠤᠭᠤᠷᠢᠭᠠᠳ ᠬᠡᠳᠦᠬᠡᠨ ᠮᠦᠷ ᠬᠦᠭᠡ ᠸᠠᠭᠠᠷ ᠪᠠᠶᠢᠰᠢᠩ ᠰᠠᠶ᠋ᠢ ᠰᠠᠶ᠋ᠢ ᠪᠤᠰᠤᠭᠰᠠᠨ ᠪᠠᠶᠢᠪᠠ᠃ ᠮᠤᠷᠢᠨ ᠬᠠᠰᠠᠭ ᠢᠶᠠᠷ᠂ ᠮᠠᠰᠢᠨ ᠲᠠᠷᠠᠺᠲᠤᠷ ᠢᠶᠠᠷ᠂ ᠵᠠᠷᠢᠮ ᠨᠢ ᠡᠯᠵᠢᠭᠡ ᠯᠠᠭᠤᠰᠠ ᠪᠠᠷ ᠰᠤᠷᠤᠭᠴᠢ ᠪᠠᠨ ᠬᠦᠷᠭᠡᠵᠦ ᠢᠷᠡᠭᠰᠡᠨ ᠠᠬᠠᠮᠠᠳ ᠲᠤᠩ ᠤᠯᠠᠨ᠃ ᠡᠷᠬᠢᠮᠵᠢᠷᠭᠠᠯ᠂ ᠠᠬ᠎ᠠ ᠡᠷᠬᠢᠮᠪᠠᠲᠤ᠂ ᠡᠷᠬᠢᠮᠴᠢᠯᠠᠭᠤ ᠬᠡᠳᠦᠭᠦᠯᠡ ᠡᠭᠦᠷᠭᠡ ᠲᠡᠭᠦᠷᠭᠡ ᠪᠠᠨ ᠡᠭᠦᠷᠴᠦ ᠳᠡᠭᠦᠵᠢᠯᠡᠭᠡᠳ ᠬᠦᠷᠴᠦ ᠢᠷᠡᠵᠦ ᠨᠡᠷ᠎ᠡ ᠮᠡᠳᠡᠭᠦᠯᠵᠡᠢ᠃ ᠬᠦᠷᠢᠶ᠎ᠡ ᠬᠠᠰᠢᠶ᠎ᠠ ᠦᠭᠡᠢ ᠳᠦᠩᠭᠡᠵᠦ ᠪᠠᠶᠢᠭᠤᠯᠤᠭᠳᠠᠭᠠᠳ ᠤᠳᠠᠭᠠᠳᠤᠢ ᠰᠤᠷᠭᠠᠭᠤᠯᠢ ᠪᠤᠯᠪᠠᠴᠤ ᠪᠦᠬᠦᠨ ᠢᠶᠠᠷ ᠢᠶᠠᠨ ᠮᠤᠩᠭᠤᠯ ᠪᠠᠭᠰᠢ᠂ ᠮᠤᠩᠭᠤᠯ ᠰᠤᠷᠤᠭᠴᠢᠳ ᠲᠤᠯᠠ ᠦᠪᠡᠷ ᠤᠨ ᠡᠷᠬᠡ ᠦᠭᠡᠢ ᠡᠯᠢᠭᠡ ᠬᠠᠯᠠᠭᠤᠨ ᠡᠭᠡᠯᠢ ᠳᠤᠯᠠᠭᠠᠨ ᠰᠠᠨᠠᠭᠳᠠᠨ᠎ᠠ᠃ ᠠᠳᠡ ᠲᠡᠳᠡ ᠠᠯᠭᠧᠪᠷᠠ᠂ ᠭᠸᠥᠮᠧᠲᠷᠢ᠂ ᠹᠢᠽᠢᠺ᠂ ᠬᠢᠮᠢ ᠲᠠᠢ ᠲᠠᠨᠢᠯᠴᠠᠵᠤ ᠵᠢᠩᠬᠢᠨᠢ ᠪᠠᠷ ᠬᠡᠯᠡ ᠵᠦᠢ᠂ ᠤᠳᠬ᠎ᠠ ᠵᠤᠬᠢᠶᠠᠯ᠂ ᠲᠡᠥᠬᠡ᠂ ᠭᠠᠵᠠᠷ ᠵᠦᠢ᠂ ᠪᠠᠰᠠ ᠵᠠᠪᠠᠯ ᠰᠤᠷᠬᠤ ᠬᠡᠷᠡᠭᠲᠡᠢ ᠤᠯᠤᠰ ᠲᠦᠷᠦ ᠶᠢ ᠨᠡᠯᠢᠶᠡᠳ ᠰᠢᠰᠲ᠋ᠧᠮ ᠲᠠᠢ ᠰᠤᠷᠤᠯᠴᠠᠪᠠ᠃ ᠬᠠᠭᠠᠰ ᠡᠳᠦᠷ ᠰᠤᠷᠤᠯᠴᠠᠵᠤ ᠬᠠᠭᠠᠰ ᠡᠳᠦᠷ ᠨᠢ ᠬᠦᠳᠡᠯᠮᠦᠷᠢᠯᠡᠨ᠎ᠡ᠃ ᠲᠤᠭᠤᠰᠬ᠎ᠠ ᠡᠭᠦᠷᠴᠦ ᠪᠠᠶᠢᠰᠢᠩ ᠪᠤᠶᠤ ᠬᠡᠷᠡᠮ ᠪᠤᠰᠬᠠᠨ᠎ᠠ᠃ ᠡᠯᠡᠰᠦ ᠵᠦᠭᠡᠭᠡᠵᠦ ᠲᠠᠮᠢᠷ ᠤᠨ ᠲᠠᠯᠠᠪᠤᠷ ᠳᠡᠭᠡᠭᠰᠢᠯᠡᠨ᠎ᠡ᠃ ᠳᠡᠭᠡᠷ᠎ᠡ ᠤᠨ ᠤ ᠰᠤᠷᠤᠭᠴᠢᠳ ᠪᠦᠷ ᠲᠠᠮᠢᠷ ᠤᠷᠠᠯᠢᠭ ᠲᠠᠭᠠᠨ ᠰᠠᠶᠢᠨ᠃ ᠡᠷᠬᠢᠮᠵᠢᠷᠭᠠᠯ ᠪᠡᠶ᠎ᠡ ᠬᠠᠳᠠ ᠦᠨᠳᠦᠷ ᠪᠤᠵᠠᠭᠠᠢ ᠲᠤᠯᠠ ᠲᠦᠳᠡᠯ ᠦᠭᠡᠢ ᠰᠤᠷᠭᠠᠭᠤᠯᠢ ᠶᠢᠨ ᠰᠠᠭᠰᠤᠨ ᠪᠦᠮᠪᠦᠭᠡᠨ ᠤ ᠠᠩᠭᠢ ᠶᠢᠨ ᠨᠢᠭᠡᠨ ᠭᠡᠰᠢᠭᠦᠨ ᠪᠤᠯᠵᠠᠢ᠃ ᠲᠡᠷᠡ ᠪᠤᠢ ᠪᠦᠬᠦᠢ ᠮᠦᠩᠭᠦ ᠪᠠᠨ ᠨᠡᠷᠢᠯᠡᠵᠦ ᠬᠤᠷᠠᠮᠳᠤᠭᠤᠯᠵᠤ ᠪᠠᠶᠢᠭᠠᠳ ᠡᠷᠳᠡᠨᠢᠴᠢᠯᠠᠭᠤ ᠪᠠᠭᠰᠢ ᠶᠢᠨ ᠢᠶᠠᠨ ᠡᠮᠦᠰᠳᠡᠭ ᠴᠠᠭᠠᠨ ᠱᠠᠬᠠᠢ ᠶᠢ ᠨᠢᠭᠡ ᠵᠦᠢᠷᠡᠢ ᠠᠪᠴᠤ ᠡᠮᠦᠰᠪᠡ᠃ ᠲᠦᠷᠦᠯᠬᠢ ᠶᠢᠨ ᠠᠪᠢᠶᠠᠰ᠂ ᠤᠬᠠᠭᠠᠨ ᠰᠡᠷᠭᠦᠯᠡᠩ ᠤᠨ ᠳᠡᠭᠡᠷ᠎ᠡ ᠬᠠᠷᠠᠬᠠᠨ ᠪᠠᠭ᠎ᠠ ᠠᠴᠠ ᠪᠠᠨ ᠬᠠᠯᠠ ᠵᠤᠪᠠᠯ ᠢ ᠤᠯᠠᠨ ᠠᠮᠰᠠᠭᠰᠠᠨ ᠬᠡᠥᠭᠡᠳ ᠤᠨ ᠬᠠᠰᠢᠷ ᠲᠤᠬᠢ ᠪᠤᠯᠬᠤ ᠨᠢ ᠡᠷᠲᠡ ᠠᠵᠢ᠃ ᠡᠷᠬᠢᠮᠵᠢᠷᠭᠠᠯ ᠡᠯ᠎ᠡ ᠲᠦᠷᠦᠯ ᠤᠨ ᠬᠢᠴᠢᠶᠡᠯ ᠳᠡᠭᠡᠨ ᠡᠳᠦᠷᠵᠢᠨ ᠰᠢᠮᠲᠠᠨ ᠰᠤᠷᠤᠯᠴᠠᠵᠤ ᠠᠩᠭᠢ ᠳᠤᠲᠤᠷ᠎ᠠ ᠪᠠᠨ ᠨᠡᠯᠢᠶᠡᠳ ᠳᠡᠭᠡᠭᠦᠷ ᠬᠢᠷᠢ ᠪᠦᠲᠦᠮᠵᠢ ᠶᠢ ᠠᠪᠳᠠᠭ᠃ ᠠᠳᠡ ᠢᠷᠡᠭᠰᠡᠨ ᠤ ᠬᠤᠶᠢᠨ᠎ᠠ ᠲᠡᠭᠦᠨ ᠤ ᠪᠠᠭ᠎ᠠ ᠰᠤᠷᠭᠠᠭᠤᠯᠢ ᠶᠢᠨ ᠪᠠᠭᠰᠢ ᠡᠷᠳᠡᠨᠢᠴᠢᠯᠠᠭᠤ ᠲᠠᠢ ᠨᠢ ᠡᠭᠡᠭᠡ ᠠᠳᠠᠯᠢ ᠬᠡᠭᠡᠨᠴᠢᠷ ᠴᠡᠪᠡᠷᠬᠡᠨ ᠬᠤᠪᠴᠠᠯᠠᠵᠤ᠂ ᠬᠢᠲᠠᠳ ᠮᠤᠩᠭᠤᠯ ᠦᠰᠦᠭ ᠢ ᠵᠢᠷᠢᠯᠵᠡᠲᠡᠯ᠎ᠡ ᠭᠤᠶᠤ ᠪᠢᠴᠢᠳᠡᠭ ᠪᠠᠢ ᠰᠢᠦᠸᠠᠢ ᠹᠧᠩ ᠭᠡᠰᠡᠨ ᠠᠩᠭᠢ ᠶᠢᠨ ᠡᠷᠬᠢᠯᠡᠭᠴᠢ ᠲᠠᠢ ᠪᠤᠯᠤᠯ᠎ᠠ᠃ ᠪᠠᠢ ᠪᠠᠭᠰᠢ ᠶᠡᠭᠡ ᠰᠤᠷᠭᠠᠭᠤᠯᠢ ᠠᠴᠠ ᠲᠡᠭᠦᠰᠦᠭᠰᠡᠨ ᠤᠶᠤᠲᠠᠨ᠃ ᠬᠡᠯᠡ ᠪᠢᠴᠢᠭ ᠵᠢᠭᠠᠨ᠎ᠠ᠂ ᠤᠳᠬ᠎ᠠ ᠵᠤᠬᠢᠶᠠᠯ ᠳᠤ ᠬᠦᠲᠦᠯᠦᠨ᠎ᠡ᠃ ᠴᠠᠭᠠᠨ ᠱᠠᠬᠠᠢ ᠡᠮᠦᠰᠴᠦ ᠰᠠᠭᠰᠤᠨ ᠪᠦᠮᠪᠦᠭᠡ ᠶᠢ ᠬᠠᠷᠠᠲᠠᠢ ᠭᠡᠭᠴᠢ ᠰᠠᠪᠠᠯᠠᠨ᠎ᠠ᠃ ᠬᠡᠯᠡᠶ᠎ᠡ ᠭᠡᠰᠡᠨ ᠦᠰᠦ ᠪᠠᠨ ᠡᠷᠳᠡᠨᠢᠴᠢᠯᠠᠭᠤ ᠪᠠᠭᠰᠢ ᠶᠢ ᠪᠤᠳᠤᠪᠠᠯ ᠪᠠᠭ᠋ᠠᠨ ᠤᠬᠤᠷ ᠪᠠᠶᠢᠯᠭᠠᠵᠤ᠂ ᠳᠡᠭᠵᠢᠭᠡᠷ ᠳᠡᠭᠵᠢᠨ ᠬᠠᠷᠠᠭᠳᠠᠳᠠᠭ ᠠᠭᠠᠰᠢ ᠳᠦᠯᠭᠡᠨ ᠬᠦᠮᠦᠨ ᠪᠢᠯᠡ᠃      ᠠᠩᠬ᠎ᠠ ᠳᠤᠮᠳᠠᠳᠤ ᠪᠠᠨ ᠲᠡᠭᠦᠰᠬᠡᠪᠡᠯ ᠦᠨᠳᠦᠷ ᠳᠤᠮᠳᠠᠳᠤ ᠳᠤ ᠰᠠᠭᠤᠨ᠎ᠠ᠂ ᠬᠤᠵᠢᠮ ᠶᠡᠭᠡ ᠰᠤᠷᠭᠠᠭᠤᠯᠢ ᠳᠤ ᠶᠠᠪᠤᠨ᠎ᠠ ᠭᠡᠵᠡᠭᠡᠨ ᠤᠯᠠᠨ ᠪᠤᠳᠤᠯ ᠲᠠᠢ ᠠᠪᠤ ᠶᠢᠨ ᠬᠡᠥᠭᠡᠳ ᠮᠤᠩ ᠦᠭᠡᠢ᠃ ᠡᠷᠬᠢᠮᠵᠢᠷᠭᠠᠯ ᠤᠨ ᠠᠬ᠎ᠠ ᠨᠢ ᠦᠨᠳᠦᠷ ᠳᠤᠮᠳᠠᠳᠤ ᠳᠤ ᠤᠷᠤᠵᠤ ᠬᠡᠳᠦ ᠬᠡᠳᠦᠨ ᠳᠡᠭᠦᠦ ᠨᠢ ᠭᠦᠩᠱᠧ ᠤᠨ ᠰᠤᠷᠭᠠᠭᠤᠯᠢ ᠳᠤ ᠰᠠᠭᠤᠭᠠᠳ ᠡᠨᠡ ᠠᠶᠢᠯ ᠤᠨ ᠵᠤᠭᠤᠰ ᠮᠦᠩᠭᠦᠨ ᠤ ᠵᠠᠷᠤᠳᠠᠯ ᠮᠠᠰᠢ ᠪᠠᠴᠢᠮ ᠭᠡᠳᠡᠭ ᠢ ᠡᠷᠬᠢᠮᠵᠢᠷᠭᠠᠯ ᠠᠨᠳᠠᠯ ᠦᠭᠡᠢ ᠤᠶᠢᠯᠠᠭᠠᠨ᠎ᠠ᠃ ᠲᠡᠷᠡ᠂ ᠪᠠᠭᠰᠢ ᠬᠦᠮᠦᠨ ᠢ ᠶᠡᠬᠡᠳᠡ ᠪᠠᠭ᠋ᠠᠳᠤᠨ ᠬᠦᠨᠳᠦᠯᠡᠵᠦ ᠬᠡᠵᠢᠶᠡᠳᠡ ᠳᠤᠲᠤᠷ᠎ᠠ ᠪᠠᠨ ᠪᠠᠭᠰᠢ ᠪᠤᠯᠬᠤ ᠶᠢᠨ ᠨᠠᠨᠳᠢᠨ ᠬᠦᠰᠡᠯ ᠢ ᠡᠪᠦᠷᠯᠡᠵᠦ ᠪᠠᠶᠢᠳᠠᠭ᠃ ᠶᠡᠭᠡ ᠰᠤᠷᠭᠠᠭᠤᠯᠢ ᠳᠤ ᠤᠷᠤᠬᠤ ᠭᠡᠳᠡᠭ ᠪᠤᠯ ᠲᠡᠭᠦᠨ ᠤ ᠠᠯᠤᠰ ᠤᠨ ᠬᠦᠰᠡᠯᠡᠩ ᠮᠦᠨ᠃ ᠤᠳᠤ ᠳᠡᠭᠡᠷ᠎ᠡ ᠪᠠᠨ ᠶᠡᠭᠡ ᠰᠤᠷᠭᠠᠭᠤᠯᠢ ᠶᠢᠨ ᠳᠤᠬᠠᠢ ᠲᠡᠷᠡ ᠪᠤᠳᠤᠯᠬᠢᠯᠠᠬᠤ ᠶᠢᠨ ᠵᠠᠪ ᠪᠤᠯᠤᠯᠴᠠᠭ᠎ᠠ ᠬᠠᠷᠠᠬᠠᠨ ᠦᠭᠡᠢ ᠪᠠᠶᠢᠵᠤ ᠶᠡᠭᠡ ᠰᠤᠷᠭᠠᠭᠤᠯᠢ ᠶᠢᠨ ᠡᠭᠦᠳᠡ ᠲᠡᠭᠦᠨ ᠠᠴᠠ ᠬᠡᠳᠦᠢ ᠵᠠᠢ ᠲᠠᠢ ᠪᠠᠶᠢᠭ᠎ᠠ ᠶᠢ ᠲᠡᠷᠡ ᠬᠡᠯᠡᠵᠦ ᠴᠢᠳᠠᠬᠤ ᠦᠭᠡᠢ ᠪᠠᠶᠢᠯ᠎ᠠ᠃       ᠡᠷᠳᠡᠨᠢᠴᠢᠯᠠᠭᠤ ᠪᠠᠭᠰᠢ ᠠᠶᠢᠮᠠᠭ ᠤᠨ ᠰᠤᠷᠭᠠᠭᠤᠯᠢ ᠠᠴᠠ ᠲᠡᠭᠦᠰᠦᠭᠰᠡᠨ ᠶᠤᠮ ᠭᠡᠨ᠎ᠡ ᠯᠠᠢ᠃ ᠲᠡᠭᠦᠨ ᠳᠤᠨᠢ ᠯᠠ ᠤᠷᠤᠨ᠎ᠠ᠃ ᠲᠡᠭᠡᠭᠡᠳ ᠬᠤᠷᠳᠤᠬᠠᠨ ᠲᠡᠭᠦᠰᠴᠦ ᠭᠠᠷᠤᠭᠠᠳ ᠨᠢᠭᠡ ᠰᠤᠷᠭᠠᠭᠤᠯᠢ ᠳᠤ ᠪᠠᠭᠰᠢ ᠪᠤᠯᠤᠨ᠎ᠠ ︵ᠨᠤᠲᠤᠭ ᠤᠨ ᠢᠶᠠᠨ ᠰᠤᠷᠭᠠᠭᠤᠯᠢ ᠳᠠᠭᠠᠨ ᠪᠤᠴᠠᠵᠤ ᠤᠴᠢᠨ᠎ᠠ ᠭᠡᠵᠦ ᠶᠡᠬᠡᠳᠡ ᠪᠤᠳᠤᠳᠠᠭ ᠪᠠᠶᠢᠵᠠᠢ ︶᠃ ᠬᠤᠶᠠᠷ ᠵᠢᠯ ᠤᠨ ᠳᠠᠷᠠᠭ᠎ᠠ ᠳᠠᠬᠢᠨ ᠶᠡᠭᠡ ᠰᠤᠷᠭᠠᠭᠤᠯᠢ ᠳᠤ ᠰᠠᠭᠤᠭᠰᠠᠨ ᠴᠤ ᠤᠷᠤᠶᠢᠲᠠᠬᠤ ᠪᠠᠷ ᠦᠭᠡᠢ ᠭᠡᠮᠡᠨ ᠰᠠᠨᠠᠳᠠᠭ᠃ ᠬᠤᠷᠤᠮᠠᠬᠠᠨ ᠵᠠᠭᠤᠷ᠎ᠠ ᠬᠡᠳᠦᠨ ᠬᠠᠪᠤᠷ ᠨᠠᠮᠤᠷ ᠢ ᠡᠯᠡᠭᠡᠵᠦ 1980 ᠤᠨ ᠤ ᠵᠤᠨ ᠤ ᠬᠤᠭᠤᠴᠠᠭ᠎ᠠ ᠲᠡᠭᠦᠰᠴᠡᠢ᠃ ᠠᠩᠬ᠎ᠠ ᠳᠤᠮᠳᠠᠳᠤ ᠠᠴᠠ ᠲᠡᠭᠦᠰᠦᠭᠰᠡᠨ ᠤᠯᠠᠭᠠᠨ ᠳᠡᠪᠲᠡᠷ ᠢᠶᠠᠨ ᠠᠪᠤᠭᠠᠳ ᠠᠪᠤ ᠡᠵᠢ ᠳᠡᠭᠡᠨ ᠬᠠᠷᠢᠵᠤ ᠵᠤᠯᠭᠠᠨ᠂ ᠠᠶᠢᠯ ᠠᠶᠢᠮᠠᠭ ᠤᠨ ᠬᠢ ᠪᠠᠷ ᠢᠶᠠᠨ ᠠᠶᠢᠯᠴᠢᠯᠠᠨ ᠲᠤᠭᠤᠷᠢᠵᠤ᠂ ᠠᠳᠤᠭᠤ ᠬᠤᠨᠢ ᠭᠡᠳ ᠬᠠᠮᠵᠢᠨ ᠡᠷᠭᠢᠴᠡᠭᠦᠯᠵᠦ ᠪᠠᠶᠢᠳᠠᠯ᠎ᠠ ᠨᠢᠭᠡᠨ ᠡᠳᠦᠷ ᠡᠷᠬᠢᠮᠵᠢᠷᠭᠠᠯ ᠤᠨ ︽ᠶᠡᠭᠡ ᠵᠤᠤ ᠠᠶᠢᠮᠠᠭ ᠤᠨ ᠦᠨᠳᠦᠰᠦᠲᠡᠨ ᠤ ᠪᠠᠭᠰᠢ ᠶᠢᠨ ᠰᠤᠷᠭᠠᠭᠤᠯᠢ︾ ᠲᠤ ᠵᠢᠩᠬᠢᠨᠢ ᠪᠠᠷ ᠡᠯᠰᠡᠭᠳᠡᠭᠰᠡᠨ ᠮᠡᠳᠡᠭᠳᠡᠯ ᠤᠨ ᠪᠢᠴᠢᠭ ᠢ ᠲᠡᠭᠦᠨ ᠤ ᠬᠦᠨᠳᠦᠲᠦ ᠪᠠᠭᠰᠢ ᠡᠷᠳᠡᠨᠢᠴᠢᠯᠠᠭᠤ ᠭᠤᠸᠠᠢ ᠪᠤᠰᠤᠳ ᠢᠶᠠᠷ ᠳᠠᠮᠵᠢᠭᠤᠯᠤᠨ ᠢᠷᠡᠭᠦᠯᠦᠭᠰᠡᠨ ᠢ ᠭᠠᠷᠳᠠᠯ᠎ᠠ᠃      ᠴᠠᠭᠠᠨ ᠬᠤᠰᠢᠭᠤ ᠭᠡᠵᠦ ᠤᠨᠳᠤᠤ ᠭᠠᠵᠠᠷ᠃ ᠳᠦᠭᠦᠮ ᠢᠶᠠᠷ ᠢᠶᠠᠨ ᠲᠦᠷᠦᠯ ᠢᠶᠠᠷ ᠳᠦᠭᠦᠷᠡᠩ ᠪᠠᠶᠢᠳᠠᠭ ᠴᠤ ᠰᠤᠷᠭᠠᠭᠤᠯᠢ ᠰᠤᠶᠤᠯ ᠭᠡᠳ ᠶᠡᠭᠡ ᠴᠠᠭᠠᠰᠢ ᠪᠠᠨ ᠰᠠᠭᠤᠭᠰᠠᠳ ᠬᠠᠷᠢᠨ ᠭᠠᠷᠤᠭᠠᠳᠤᠢ᠃ ᠡᠷᠬᠢᠮᠵᠢᠷᠭᠠᠯ ᠤᠨ ᠠᠬ᠎ᠠ ᠨᠢ ᠦᠨᠳᠦᠷ ᠳᠤᠮᠳᠠᠳᠤ ᠪᠠᠨ ᠲᠡᠭᠦᠰᠬᠡᠭᠡᠳ ᠴᠠᠭᠠᠰᠢ ᠶᠡᠭᠡ ᠰᠤᠷᠭᠠᠭᠤᠯᠢ ᠳᠤ ᠰᠢᠯᠭᠠᠭᠤᠯᠤᠭᠰᠠᠨ ᠴᠤ ᠦᠭᠡᠢ ᠪᠠᠷ ︽ᠲᠦᠷᠦ ᠶᠢᠨ ᠪᠤᠳᠤᠯᠭ᠎ᠠ ᠨᠠᠶᠢᠲᠠᠪᠤᠷᠢᠵᠢᠭᠤᠯᠬᠤ︾ ᠤᠷᠤᠨ ᠲᠤᠭ᠎ᠠ ᠶᠢ ᠤᠯᠵᠤ ᠠᠯᠤᠰ ᠤᠨ ᠭᠦᠩᠱᠧ ᠳᠤ ᠠᠵᠢᠯ ᠳᠡᠭᠡᠷ᠎ᠡ ᠭᠠᠷᠤᠭᠰᠠᠨ᠃ ᠤᠳᠤ ᠢᠩᠭᠢᠵᠦ ᠡᠷᠬᠢᠮᠵᠢᠷᠠᠭᠠᠯ ᠠᠶᠢᠮᠠᠭ ᠤᠨ ᠪᠠᠭᠰᠢ ᠶᠢᠨ ᠰᠤᠷᠭᠠᠭᠤᠯᠢ ᠳᠤ ᠰᠤᠷᠤᠯᠴᠠᠬᠤ ᠪᠠᠷ ᠶᠠᠪᠤᠬᠤ ᠪᠤᠯᠤᠭᠰᠠᠨ ᠴᠤ ᠲᠡᠳᠡᠨ ᠤ ᠠᠶᠢᠯ ᠰᠠᠭᠠᠬᠠᠯᠲᠠ ᠶᠢᠨ ᠠᠬ᠎ᠠ ᠡᠭᠡᠴᠢ ᠨᠠᠷ ᠨᠢ ᠡᠳᠡᠨ ᠤ ᠬᠢᠨ ᠳᠤ ᠡᠳᠦᠷ ᠲᠤᠵᠢ ᠴᠤᠭᠯᠠᠷᠠᠵᠤ ᠪᠠᠶᠠᠷ ᠬᠦᠷᠭᠡᠨ᠂ ᠵᠠᠷᠢᠮ ᠨᠢ ᠡᠷᠬᠢᠮᠵᠢᠷᠭᠠᠯ ᠢ ᠭᠡᠷ ᠲᠡᠭᠡᠨ ᠳᠠᠭᠠᠭᠤᠯᠤᠨ ᠠᠪᠠᠴᠢᠵᠤ ᠮᠠᠯ ᠭᠠᠷᠭᠠᠨ ᠵᠤᠴᠢᠯᠠᠵᠤ ᠮᠤᠷᠳᠠᠭᠤᠯᠭ᠎ᠠ ᠬᠢᠵᠡᠭᠡᠯ᠎ᠡ᠃ ᠰᠤᠶᠤᠯ ᠪᠢᠴᠢᠭ ᠭᠡᠭᠴᠢ ᠬᠠᠰᠢ ᠯᠠ ᠬᠦᠮᠦᠨ ᠪᠦᠬᠦᠨ ᠤ ᠰᠡᠳᠬᠢᠯ ᠢ ᠬᠦᠪᠬᠡᠯᠵᠡᠭᠦᠯᠳᠡᠭ ᠡᠷᠳᠡᠮ ᠰᠢᠯᠵᠢ ᠶᠢᠨ ᠶᠠᠭᠤᠮ᠎ᠠ ᠪᠤᠯᠳᠠᠭ ᠠᠵᠢ᠃ ᠠᠪᠳᠠᠷ᠎ᠠ ᠤᠨ ᠤᠷᠤᠢ ᠳᠡᠭᠡᠷ᠎ᠡ ᠭᠠᠷᠴᠢᠬᠠᠭᠠᠳ ᠶᠡᠭᠡ ᠬᠤᠯᠠ ᠶᠢ ᠦᠵᠡᠴᠢᠬᠡᠯ᠎ᠡ ᠭᠡᠵᠦ ᠬᠦᠭᠰᠡᠨ ᠰᠠᠨᠠᠵᠤ ᠶᠠᠪᠤᠭᠰᠠᠨ ᠠᠩᠭ᠎ᠠ ᠨᠠᠰᠤ ᠪᠠᠨ ᠳᠤᠷᠠᠰᠴᠤ ᠡᠷᠬᠢᠮᠵᠢᠷᠭᠠᠯ ᠡᠨᠡ ᠬᠦ ᠲᠦᠷᠦᠯᠬᠢ ᠨᠤᠲᠤᠭ ᠤᠨ ᠰᠠᠯᠵᠤ ᠪᠤᠯᠤᠰᠢ ᠦᠭᠡᠢ ᠰᠢᠲᠦᠭᠡᠨ ᠬᠠᠶᠢᠷᠬᠠᠨ ᠳᠠᠭᠠᠨ ᠰᠦᠰᠦᠭᠯᠡᠨ ᠳᠠᠭᠠᠳᠬᠠᠵᠤ ᠂ ᠡᠷᠭᠢᠨ ᠡᠷᠭᠢᠨ ᠪᠠᠷᠠᠯᠠᠭᠰᠠᠭᠠᠷ ᠦᠨᠳᠦᠷᠯᠢᠭ ᠤᠨ ᠬᠤᠲᠠ— ᠳ᠋ᠦᠩᠱᠧᠩ ᠢ ᠴᠢᠭᠯᠡᠯ᠎ᠡ᠃       ︽ᠶᠡᠭᠡ ᠵᠤᠤ ᠠᠶᠢᠮᠠᠭ ᠤᠨ ᠦᠨᠳᠦᠰᠦᠲᠡᠨ ᠤ ᠪᠠᠭᠰᠢ ᠶᠢᠨ ᠰᠤᠷᠭᠠᠭᠤᠯᠢ︾ ᠭᠡᠵᠦ ᠳ᠋ᠦᠩᠱᠧᠩ ᠤᠨ ᠬᠠᠮᠤᠭ ᠤᠨ ᠵᠡᠭᠦᠨ ᠤᠷᠳᠤ ᠵᠠᠬ᠎ᠠ ᠳᠠᠬᠢ ᠠᠭᠤᠯᠠ ᠶᠢᠨ ᠬᠢᠷ᠎ᠠ ᠳᠡᠭᠡᠷ᠎ᠡ ᠰᠢᠨᠡᠬᠡᠨ ᠪᠠᠶᠢᠭᠤᠯᠤᠭᠳᠠᠵᠤ ᠪᠠᠶᠢᠪᠠ ︵ᠡᠳᠦᠭᠡ ᠶᠢᠨ ᠦᠪᠦᠷ ᠮᠤᠩᠭᠤᠯ ᠤᠨ ᠴᠡᠴᠡᠷᠯᠢᠭ ᠤᠨ ᠬᠡᠥᠭᠡᠳ ᠤᠨ ᠪᠠᠭᠰᠢ ᠶᠢᠨ ᠪᠤᠯᠪᠠᠰᠤᠷᠠᠯ ᠤᠨ ᠰᠤᠷᠭᠠᠭᠤᠯᠢ︶᠃ ᠡᠷᠬᠢᠮᠵᠢᠷᠭᠠᠯ ᠨᠠᠷ ᠲᠤᠰ ᠰᠤᠷᠭᠠᠭᠤᠯᠢ ᠶᠢᠨ ᠤᠤᠭᠠᠨ ᠰᠤᠷᠤᠭᠴᠢᠳ ᠤᠨ ᠬᠤᠪᠢ ᠪᠠᠷ ᠪᠠᠰᠠ ᠯᠠ ᠲᠤᠭᠤᠰᠬ᠎ᠠ ᠵᠦᠭᠡᠭᠡᠵᠦ ᠮᠤᠳᠤ ᠳᠠᠮᠨᠠᠨ᠂ ᠭᠠᠵᠠᠷ ᠳᠡᠭᠡᠭᠰᠢᠯᠡᠵᠦ ᠵᠠᠮ ᠵᠠᠰᠠᠨ᠎ᠠ᠃ ᠬᠡᠳᠦᠶᠢᠪᠡᠷ ᠬᠦᠳᠡᠯᠮᠦᠷᠢᠯᠡᠬᠦ ᠶᠢᠨ ᠳᠠᠭᠠᠤ ᠬᠢᠴᠢᠶᠡᠯᠯᠡᠭᠡ ᠬᠢᠳᠡᠭ ᠪᠤᠯᠪᠠᠴᠤ ᠬᠢᠴᠢᠶᠡᠯᠯᠡᠭᠡ ᠪᠦᠬᠦᠨ ᠨᠢ ᠮᠠᠰᠢ ᠰᠤᠨᠢᠷᠬᠠᠯ ᠢ ᠲᠠᠳᠠᠨ᠎ᠠ᠃ ᠪᠦᠷ ᠶᠡᠭᠡ ᠰᠤᠷᠭᠠᠭᠤᠯᠢ ᠠᠴᠠ ᠲᠡᠭᠦᠰᠴᠤ ᠭᠠᠷᠤᠭᠰᠠᠨ ᠪᠠᠭᠰᠢ ᠨᠠᠷ ᠬᠢᠴᠢᠶᠡᠯᠯᠡᠨ᠎ᠡ᠃ ᠳᠠᠰᠬᠠᠯ ᠳᠠᠪᠳᠠᠯᠭ᠎ᠠ ᠭᠡᠵᠦ ᠮᠠᠨᠠᠵᠤ ᠱᠠᠭᠠᠷᠳᠠᠬᠤ ᠵᠦᠢᠯ ᠬᠤᠪᠤᠷ᠃ ᠪᠠᠭᠰᠢ ᠨᠢ ᠭᠤᠤᠯᠳᠠᠭᠤ ᠬᠦᠲᠦᠯᠦᠨ ᠰᠡᠩᠭᠡᠷᠡᠭᠦᠯᠵᠦ ᠶᠠᠷᠢᠨ᠎ᠠ᠂ ᠰᠤᠷᠤᠭᠴᠢᠳ ᠲᠡᠮᠳᠡᠭᠯᠡᠯ ᠬᠢᠵᠦ ᠠᠪᠤᠭᠠᠳ ᠬᠢᠴᠢᠶᠡᠯ ᠤᠨ ᠲᠠᠢ ᠪᠠᠨ ᠤᠶᠠᠯᠳᠤᠭᠤᠯᠤᠨ ᠰᠤᠷᠤᠨ᠎ᠠ᠃ ᠦᠪᠡᠷ ᠤᠨ ᠪᠡᠶ᠎ᠡ ᠪᠠᠨ ᠳᠠᠭᠠᠭᠠᠵᠤ ᠴᠢᠳᠠᠪᠤᠷᠢ ᠪᠠᠷ ᠭᠤᠤᠯ ᠪᠤᠯᠭᠠᠳᠠᠭ᠃ ︽ᠰᠤᠷᠭᠠᠨ ᠬᠦᠮᠦᠵᠢᠭᠦᠯᠬᠦ ᠤᠬᠠᠭᠠᠨ︾᠂ ︽ᠰᠡᠳᠬᠢᠴᠡ ᠶᠢᠨ ᠵᠦᠢ︾ ᠭᠡᠬᠦ ᠬᠢᠴᠢᠶᠡᠯ ᠤᠳ ᠲᠤᠩ ᠠᠮᠲᠠ ᠰᠢᠮᠲᠠ ᠲᠠᠢ᠃ ᠡᠷᠬᠢᠮᠵᠢᠷᠭᠠᠯ ᠡᠷᠲᠡ ᠨᠢᠭᠡᠨ ᠡᠳᠦᠷ ᠪᠠᠭᠰᠢ ᠪᠤᠯᠬᠤ ᠶᠢᠨ ᠲᠦᠯᠦᠭᠡ ᠡᠳᠡᠭᠡᠷ ᠲᠦᠷᠦᠯ ᠤᠨ ᠬᠢᠴᠢᠶᠡᠯ ᠢ ᠤᠨᠴᠠᠭᠠᠢ ᠰᠢᠮᠲᠠᠨ ᠰᠤᠷᠴᠤ ᠬᠡᠥᠭᠡᠳ ᠤᠨ ᠰᠡᠳᠬᠢᠭᠦᠢ ᠶᠢᠨ ᠤᠨᠴᠠᠯᠢᠭ᠂ ᠪᠠᠭᠰᠢ ᠶᠢᠨ ᠰᠤᠷᠭᠠᠬᠤ ᠤᠷᠠᠯᠢᠭ ᠭᠡᠬᠦ ᠵᠦᠢᠯ ᠳᠡᠭᠡᠷ᠎ᠡ ᠭᠦᠨ ᠭᠡᠭᠴᠢ ᠰᠢᠭᠢᠳᠴᠦ᠂ ᠵᠠᠳᠠᠯᠤᠨ ᠰᠢᠨᠵᠢᠯᠡᠵᠦ ᠦᠪᠡᠷ ᠤᠨ ᠦᠩᠭᠡᠷᠡᠯᠲᠡ ᠲᠠᠢ ᠪᠠᠨ ᠤᠶᠠᠯᠳᠤᠭᠤᠯᠤᠨ ᠡᠷᠭᠢᠴᠡᠭᠦᠯᠦᠨ ᠲᠤᠩᠭᠠᠳᠠᠭ᠃ ᠨᠡᠩ ᠴᠤ ᠠᠩᠭᠢ ᠶᠢᠨ ᠡᠷᠬᠢᠯᠡᠭᠴᠢ ᠴᠠᠭᠠᠨ ᠪᠠᠭᠰᠢ ᠨᠢ ᠶᠤᠰᠤᠲᠠᠢ ᠶᠡᠭᠡ ᠰᠤᠷᠭᠠᠭᠤᠯᠢ ᠶᠢᠨ ᠤᠶᠤᠲᠠᠨ ᠮᠦᠷᠲᠡᠭᠡᠨ ᠤᠳᠠᠭᠠᠨ ᠵᠢᠯ ᠠᠵᠢᠯᠯᠠᠭᠰᠠᠨ ᠪᠠᠭᠰᠢ ᠪᠠᠶᠢᠵᠤ ᠰᠡᠳᠬᠢᠭᠦᠢ ᠶᠢᠨ ᠤᠬᠠᠭᠠᠨ᠂ ᠬᠡᠥᠭᠡᠳ ᠤᠨ ᠤᠬᠠᠭᠠᠨ᠂ ᠬᠢᠴᠢᠶᠡᠯᠯᠡᠬᠦ ᠤᠬᠠᠭᠠᠨ ᠳᠡᠭᠡᠷ᠎ᠡ ᠪᠦᠷᠢᠨ ᠨᠡᠪᠲᠡᠷᠡᠭᠰᠡᠨ ᠪᠠᠭᠰᠢ ᠭᠡᠵᠦ ᠬᠡᠯᠡᠬᠦ ᠳᠤ ᠳᠠᠪᠠᠭᠤᠯᠬᠤ ᠤᠴᠢᠷ ᠦᠴᠦᠬᠡᠨ ᠴᠤ ᠠᠯᠠᠭ᠎ᠠ᠃ ᠲᠡᠷᠡ ᠪᠠᠭᠰᠢ ᠨᠢᠳᠦᠨ ᠰᠢᠯ ᠤᠨ ᠢᠶᠠᠨ ᠴᠠᠭᠠᠨ᠎ᠠ ᠠᠴᠠ ᠰᠤᠷᠤᠭᠴᠢ ᠪᠠᠨ ᠨᠡᠪᠲᠡ ᠠᠵᠢᠭᠯᠠᠵᠤ᠂ ᠯᠠᠪᠳᠠᠭᠤᠨ ᠪᠤᠯᠭᠤᠮᠵᠢᠲᠠᠢ ᠬᠦᠳᠡᠯᠦᠯ ᠪᠠᠷᠢᠯ ᠬᠢᠭᠡᠳ ᠲᠦᠯᠭᠡᠭᠡᠨ ᠲᠤᠭᠳᠠᠭᠤᠨ᠂ ᠭᠦᠨ ᠡᠷᠴᠢᠯᠢᠭ ᠦᠭᠡ ᠶᠠᠷᠢᠶ᠎ᠠ ᠪᠠᠷ ᠰᠤᠷᠤᠭᠴᠢᠳ ᠤᠨ ᠢᠶᠠᠨ ᠠᠩᠬᠠᠷᠤᠯ ᠢ ᠴᠠᠭ ᠢᠮᠠᠭᠲᠠ ᠰᠤᠷᠢᠨᠵᠢᠨ ᠭᠦᠷᠦ ᠰᠢᠭ ᠳᠠᠲᠠᠵᠤ ᠪᠠᠶᠢᠳᠠᠭ ᠃ ᠪᠠᠭᠰᠢ ᠬᠦᠮᠦᠨ ᠳᠤ ᠪᠠᠶᠢᠪᠠᠰᠤ ᠵᠤᠬᠢᠬᠤ ᠮᠤᠷᠠᠯ ᠰᠤᠷᠲᠠᠯ ᠢ ᠡᠨᠡ ᠪᠠᠭᠰᠢ ᠠᠴᠠ ᠪᠠᠨ ᠡᠷᠬᠢᠮᠵᠢᠷᠭᠠᠯ ᠮᠠᠨᠢ ᠳᠤᠬᠢᠭᠤᠯᠵᠤ ᠵᠢᠭᠠᠯᠭᠠᠯ ᠦᠭᠡᠢ ᠪᠠᠷ ᠰᠡᠮᠡᠭᠡᠷ ᠬᠦᠯᠢᠶᠡᠨ ᠠᠪᠴᠤ ᠪᠢᠯᠡ᠃       ᠠᠳᠡ ᠬᠦᠷᠲᠡᠯ᠎ᠡ ᠶᠠᠷᠢᠬᠤ ᠳᠤ ᠮᠠᠨ ᠤ ᠡᠷᠬᠢᠮᠵᠢᠷᠭᠠᠯ ᠳᠤ ᠶᠡᠷᠦ ᠨᠢ ᠳᠤᠰᠬᠠᠢ ᠳᠠᠭᠠᠷᠠᠭᠤᠯᠤᠭᠰᠠᠨ ᠰᠢᠭ᠋ ᠶᠠᠮᠠᠷ ᠨᠢᠭᠡᠨ ᠲᠠᠯ᠎ᠠ ᠪᠠᠷ ︽ᠴᠠᠭᠠᠨ︾ ᠲᠠᠢ ᠬᠤᠯᠪᠤᠭ᠎ᠠ ᠲᠠᠢ ᠤᠯᠠᠨ ᠠᠩᠭᠢ ᠶᠢᠨ ᠪᠠᠭᠰᠢ ᠬᠠᠷᠭᠤᠭᠠᠳ ᠢᠷᠡᠭᠰᠡᠨ ᠢᠶᠠᠨ ᠲᠡᠷᠡ ᠮᠠᠨᠢ ᠶᠡᠭᠡ ᠯᠠ ᠤᠮᠤᠭᠰᠢᠯ ᠪᠤᠯᠭᠠᠨ ᠬᠦᠷᠭᠡᠳᠡᠭ᠃ ᠪᠠᠭ᠎ᠠ ᠰᠤᠷᠭᠠᠭᠤᠯᠢ ᠳᠤ ᠠᠪᠠᠬ᠎ᠠ ᠴᠠᠭᠠᠨ ᠲᠤᠯᠤᠭᠠᠢ ᠨᠢᠳᠦᠯᠡᠭᠦᠯᠦᠭᠰᠡᠨ ᠠᠩᠬᠠᠨ ᠤ ᠪᠠᠭᠰᠢ ᠪᠠᠶᠢᠯᠢᠩᠭ᠎ᠠ᠂ ᠪᠠᠰᠠ ᠴᠠᠭᠠᠨ ᠱᠠᠬᠠᠢ ᠳᠠᠩᠳᠠ ᠡᠮᠦᠰᠳᠡᠭ ᠡᠷᠳᠡᠨᠢᠴᠢᠯᠠᠭᠤ ᠪᠠᠭᠰᠢ᠂ ᠠᠩᠬ᠎ᠠ ᠳᠤᠮᠳᠠᠳᠤ ᠶᠢᠨ ᠠᠩᠭᠢ ᠶᠢᠨ ᠡᠷᠬᠢᠯᠡᠭᠴᠢ ᠪᠠᠢ ᠰᠢᠥᠸᠠᠢ ᠹᠧᠩ ︵ᠮᠤᠩᠭᠤᠯ ᠨᠡᠷ᠎ᠡ ᠨᠢ ᠴᠠᠭᠠᠨᠰᠤᠤᠵᠢ︶᠂ ᠳᠠᠬᠢᠭᠠᠳ ᠪᠠᠭᠰᠢ ᠶᠢᠨ ᠰᠤᠷᠭᠠᠭᠤᠯᠢ ᠳᠤ ᠴᠠᠭᠠᠨ ᠪᠠᠭᠰᠢ ᠶᠢᠨ ᠳᠤᠤᠷ᠎ᠠ ᠢᠷᠡᠭᠰᠡᠨ ᠪᠠ ᠡᠳᠡᠭᠡᠷ ᠨᠢ ᠪᠦᠷ ᠮᠤᠩᠭᠤᠯ ᠬᠡᠯᠡ ᠪᠢᠴᠢᠭ ᠲᠡᠭᠡᠨ ᠤᠨᠴᠠᠯᠢᠭ ᠲᠠᠢ ᠪᠠᠶᠢᠭᠰᠠᠨ ᠤ ᠬᠠᠷᠠᠭ᠎ᠠ ᠪᠠᠷ ᠡᠷᠬᠢᠮᠵᠢᠷᠭᠠᠯ ᠴᠤ ᠮᠤᠩᠭᠤᠯ ᠬᠡᠯᠡᠨ ᠤ ᠲᠦᠷᠦᠯ ᠤᠨ ᠬᠢᠴᠢᠶᠡᠯ ᠳᠤ ᠠᠶᠠᠨᠳᠠᠭᠠᠨ ᠠᠪᠢᠶᠠᠰᠯᠢᠭ ᠪᠤᠯᠵᠤ ᠴᠢᠳᠠᠭᠰᠠᠨ ᠶᠤᠮᠰᠠᠨ᠃ ᠡᠷᠬᠢᠮᠵᠢᠷᠭᠠᠯ ᠤᠨ ᠪᠡᠶ᠎ᠡ ᠤᠨᠴᠠ ᠦᠨᠳᠦᠷ᠂ ᠪᠢᠴᠢᠯᠭᠡ ᠶᠢᠨ ᠲᠢᠭ  ᠨᠢ ᠤᠨᠴᠠ ᠰᠠᠶᠢᠨ ᠢᠶᠠᠷ ᠢᠶᠠᠨ ᠦᠷᠭᠦᠯᠵᠢ ᠠᠩᠭᠢ ᠶᠢᠨ ᠢᠶᠠᠨ ᠰᠠᠮᠪᠠᠷ᠎ᠠ ᠶᠢᠨ ᠰᠤᠨᠢᠨ ᠢ ᠡᠷᠬᠢᠯᠡᠨ ᠭᠠᠷᠭᠠᠨ᠎ᠠ᠃ ᠡᠨᠡ ᠨᠢ ᠲᠡᠷᠡ ᠦᠶ᠎ᠡ ᠳᠤ ᠲᠡᠭᠦᠨ ᠳᠤ ᠨᠢᠭᠡ ᠶᠤᠰᠤᠨ ᠤ ᠨᠡᠷ᠎ᠡ ᠦᠭᠡᠢ ᠳᠠᠪᠲᠠᠯᠭ᠎ᠠ ᠪᠤᠯᠪᠠᠰᠤᠷᠠᠯ ᠪᠤᠯᠵᠤ ᠪᠠᠶᠢᠵᠠᠢ᠃ ᠲᠡᠳᠡᠨ ᠤ ᠠᠩᠭᠢ ᠰᠤᠷᠭᠠᠭᠤᠯᠢ ᠪᠤᠶᠤ ᠪᠦᠬᠦ ᠳ᠋ᠦᠩᠱᠧᠩ ᠲᠤᠭᠤᠷᠢᠭ ᠤᠨ ᠰᠠᠭᠰᠤᠨ ᠪᠦᠮᠪᠦᠭᠡ᠂ ᠠᠯᠠᠭᠠᠨ ᠪᠦᠮᠪᠦᠭᠡ ᠶᠢᠨ ᠤᠷᠤᠯᠳᠤᠭᠠᠨ ᠳᠤ ᠦᠷᠭᠦᠯᠵᠢ ᠳᠡᠭᠡᠭᠦᠷ ᠪᠠᠶᠢᠷᠢᠨ ᠳᠤ ᠱᠠᠩᠨᠠᠯ ᠲᠤᠭᠲᠤᠷᠴᠤ ᠪᠠᠶᠢᠳᠠᠭ᠃ ᠡᠭᠦᠨ ᠳᠤ ᠡᠷᠬᠢᠮᠵᠢᠷᠭᠠᠯ ᠶᠡᠬᠡᠬᠡᠨ ᠦᠢᠯᠡᠳᠦᠯ ᠭᠠᠷᠭᠠᠭᠰᠠᠨ ᠭᠡᠳᠡᠭ ᠢ ᠠᠳᠡ ᠳᠤᠷᠠᠳᠬᠤ ᠳᠤ ᠤᠭᠲᠤᠬᠠᠨ ᠴᠤ ᠢᠯᠡᠭᠦᠳᠮᠡᠷ ᠭᠠᠵᠠᠷ ᠦᠭᠡᠢ᠃                     ︽ᠨᠤᠲᠤᠭ ᠤᠨ ᠴᠡᠩᠭᠡᠷ ᠠᠭᠤᠯᠠᠰ︾ ᠠ᠊  ᠴᠤᠭᠵᠢᠯ ᠵᠤᠬᠢᠶᠠᠪᠠ  ︵ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ