ᠲᠡᠭᠷᠢᠯᠢᠭ ᠪᠤᠰᠤᠭ᠎ᠠ ᠮᠤᠩᠭᠤᠯ ᠰᠤᠶᠤᠯ ᠢᠶᠠᠨ ᠲᠡᠪᠡᠷᠢᠵᠦ ᠪᠤᠰᠤᠭᠰᠠᠨ ᠮᠤᠩᠭᠤᠯ ᠡᠷ᠎ᠡ  ︵ᠳᠦᠷᠪᠡ︶
ᠨᠡᠶᠢᠲᠡᠯᠡᠭᠰᠡᠨ ᠴᠠᠭ᠄
2021/12/15
      ᠪᠢᠳᠠᠨ ᠤ ᠤᠯᠤᠰ ᠡᠪ ᠰᠠᠨᠠᠯ ᠢ ᠨᠢᠭᠡᠳᠬᠡᠨ᠂ ᠨᠡᠶᠢᠲᠡ ᠨᠢᠭᠡᠨ ᠭᠦᠴᠦᠨ ᠢ ᠨᠡᠶᠢᠯᠡᠭᠦᠯᠦᠨ ᠨᠢᠭᠡᠨ ᠵᠡᠷᠭᠡ ᠪᠠᠷ ᠵᠤᠷᠢᠭᠯᠠᠨ ᠬᠦᠳᠡᠯᠪᠡᠰᠤ ᠦᠯᠦ ᠬᠦᠷᠬᠦ ᠭᠠᠵᠠᠷ ᠦᠭᠡᠢ ᠪᠦᠭᠡᠳ ᠮᠡᠳᠡᠬᠦ ᠦᠭᠡᠢ ᠴᠢᠳᠠᠬᠤ ᠦᠭᠡᠢ ᠶᠠᠪᠤᠳᠠᠯ ᠤᠭᠲᠤ ᠦᠭᠡᠢ ᠪᠤᠯᠵᠤ ᠴᠡᠩᠭᠡᠯ ᠤᠨ ᠮᠠᠩᠯᠠᠢ ᠶᠢ ᠤᠯᠵᠤ ᠪᠤᠯᠬᠤ ᠶᠢ ᠳᠠᠩ ᠭᠠᠭᠴᠠ ᠪᠢᠳᠠᠨ ᠤ ᠰᠡᠳᠬᠢᠯ ᠤᠨ ᠴᠢᠩ ᠵᠤᠷᠢᠭ ᠮᠡᠳᠡᠨ᠎ᠡ᠃       — ᠳ᠋᠊· ᠰᠦᠬᠡᠪᠠᠭᠠᠲᠤᠷ ᠤᠨ ᠬᠦᠰᠢᠶ᠎ᠡ ᠳᠤᠷᠠᠰᠬᠠᠯ ᠤᠨ ᠡᠨᠡ ᠬᠦ ᠪᠢᠴᠢᠭ ᠡᠷᠬᠢᠮᠵᠢᠷᠭᠠᠯ ᠤᠨ ᠠᠯᠪᠠᠨ ᠭᠡᠷ ᠤᠨ ᠬᠠᠨᠠᠨ ᠳᠤ ᠡᠯᠭᠦᠭᠡᠰᠦᠲᠡᠢ ᠪᠤᠢ      1982 ᠤᠨ ᠤ ᠨᠠᠯᠠᠭᠠᠷ ᠨᠠᠮᠤᠷ ᠤᠨ ᠰᠢᠨ᠎ᠡ ᠰᠤᠷᠤᠯᠭ᠎ᠠ ᠶᠢᠨ ᠤᠨ ᠡᠬᠢᠯᠡᠬᠦ ᠪᠤᠯᠬᠤ ᠳᠤ ᠤᠲᠤᠭ ᠬᠤᠰᠢᠭᠤᠨ ᠤ ᠨᠢᠭᠡᠳᠦᠭᠡᠷ ᠪᠦᠷᠢᠨ ᠪᠠᠭ᠎ᠠ ᠰᠤᠷᠭᠠᠭᠤᠯᠢ ︵ᠡᠳᠦᠭᠡ ᠶᠢᠨ ᠮᠤᠩᠭᠤᠯ ᠳᠤᠷᠰᠢᠯᠲᠠ ᠶᠢᠨ ᠪᠠᠭ᠎ᠠ ᠰᠤᠷᠭᠠᠭᠤᠯᠢ︶ ᠶᠢᠨ ᠬᠦᠷᠢᠶᠡᠨ ᠳᠤ ᠨᠢᠭᠡᠨ ᠦᠨᠳᠦᠷ ᠪᠡᠶ᠎ᠡ ᠲᠠᠢ ᠵᠠᠯᠠᠭᠤ ᠪᠠᠭᠰᠢ ᠰᠢᠨ᠎ᠡ ᠪᠠᠷ ᠢᠷᠡᠭᠰᠡᠨ ᠨᠢ ᠤᠯᠠᠨ ᠤ ᠠᠩᠬᠠᠷᠤᠯ ᠢ ᠲᠤᠩ ᠭᠦᠴᠦᠲᠡᠢ ᠳᠠᠲᠠᠵᠤ ᠪᠠᠶᠢᠯ᠎ᠠ᠃ ᠬᠦᠩᠭᠢᠨᠡᠮ᠎ᠡ ᠴᠤᠤᠷᠠᠶᠢᠯᠢᠭ ᠬᠤᠭᠤᠯᠠᠢ ᠲᠠᠢ᠂ ᠦᠭᠡ ᠶᠢ ᠲᠤᠰ ᠬᠢᠲᠡᠯ᠎ᠡ ᠬᠡᠯᠡᠵᠦ ᠬᠢᠴᠢᠶᠡᠯ ᠢ ᠮᠠᠰᠢ ᠡᠪᠯᠢᠭᠦᠨ ᠤᠷᠤᠰᠤᠮ᠎ᠠ ᠡᠨᠡ ᠬᠦ ᠪᠠᠭᠰᠢ ᠲᠠᠢ ᠪᠦᠬᠦ ᠰᠤᠷᠭᠠᠭᠤᠯᠢ ᠶᠢᠨ ᠡᠯ᠎ᠡ ᠲᠦᠷᠦᠯ ᠤᠨ ᠬᠢᠴᠢᠶᠡᠯ ᠢ ᠪᠦᠷ ᠡᠭᠦᠷᠭᠡᠯᠡᠵᠦ ᠲᠡᠶᠢᠯᠦᠨ᠎ᠡ᠃ ᠡᠨᠡ ᠬᠦ ᠠᠪᠢᠶᠠᠰ ᠤᠨᠴᠠᠯᠢᠭ ᠲᠤᠨᠢ ᠲᠠᠭᠠᠷᠠᠭᠤᠯᠤᠨ ᠰᠤᠷᠭᠠᠭᠤᠯᠢ ᠠᠴᠠ ᠲᠡᠭᠦᠨ ᠳᠤ ᠳᠠᠭᠤᠤ᠂ ᠵᠢᠷᠤᠭ ᠠᠴᠠ ᠪᠤᠰᠤ ᠬᠢᠴᠢᠶᠡᠯ ᠪᠦᠬᠦᠨ ᠢ ᠳᠤᠬᠢᠷᠠᠭᠤᠯᠵᠤ ᠦᠵᠡᠯ᠎ᠡ᠃ ᠲᠡᠷᠡ ᠪᠠᠭᠰᠢ ᠪᠤᠯᠵᠤ ᠬᠡᠥᠭᠡᠳ ᠢ ᠰᠤᠷᠭᠠᠬᠤ ᠡᠨᠡ ᠠᠵᠢᠯ ᠢᠶᠠᠨ ᠮᠠᠰᠢᠳᠠ ᠨᠠᠨᠳᠢᠩᠨᠠᠨ ᠬᠠᠶᠢᠷᠠᠯᠠᠵᠤ ᠬᠢᠴᠢᠶᠡᠯ ᠪᠦᠬᠦᠨ ᠢ ᠦᠨᠳᠦᠷ ᠬᠢᠷᠢ ᠪᠦᠲᠦᠮᠵᠢ ᠲᠠᠢ ᠤᠷᠤᠵᠤ ᠢᠷᠡᠵᠡᠢ᠃ 1984 ᠤᠨ ᠤ ᠨᠠᠮᠤᠷ ᠪᠤᠯᠬᠤ ᠳᠤ ᠲᠡᠷᠡ ᠡᠩ ᠤᠨ ᠪᠠᠭᠰᠢ ᠠᠴᠠ ᠪᠠᠨ ᠨᠢᠭᠡ ᠯᠠ ᠳᠡᠭᠡᠷ᠎ᠡ ᠰᠤᠷᠭᠠᠭᠤᠯᠢ ᠶᠢᠨ ᠵᠢᠭᠠᠬᠤ ᠶᠢ ᠵᠢᠯᠤᠭᠤᠳᠬᠤ ᠭᠠᠵᠠᠷ ᠤᠨ ᠬᠢᠴᠢᠶᠡᠯ ᠬᠦᠮᠦᠵᠢᠯ ᠤᠨ ᠡᠷᠬᠢᠯᠡᠭᠴᠢ ᠪᠠᠷ ᠳᠡᠪᠰᠢᠭᠦᠯᠦᠭᠳᠡᠪᠡ᠃ ᠭᠠᠷᠠᠭ ᠲᠤ ᠠᠷᠪᠠᠨ ᠨᠠᠢᠮᠠᠨ ᠬᠢᠴᠢᠶᠡᠯ ᠢ ᠡᠭᠦᠷᠭᠡᠯᠡᠵᠦ ᠳᠡᠭᠡᠷ᠎ᠡ ᠨᠢ ᠪᠦᠬᠦ ᠰᠤᠷᠭᠠᠭᠤᠯᠢ ᠶᠢᠨ ᠵᠢᠭᠠᠨ ᠰᠤᠷᠭᠠᠯᠲᠠ᠂ ᠬᠢᠴᠢᠯᠯᠡᠭᠡ ᠰᠢᠯᠭᠠᠯᠲᠠ ᠶᠢ ᠳᠤᠬᠢᠷᠠᠭᠤᠯᠤᠨ ᠬᠠᠮᠢᠶᠠᠷᠴᠤ᠂ ᠰᠤᠷᠤᠭᠴᠢᠳ ᠤᠨ ᠬᠢᠴᠢᠶᠡᠯ ᠤᠨ ᠭᠠᠳᠠᠨᠠᠬᠢ ᠬᠦᠳᠡᠯᠭᠡᠭᠡᠨ ᠢ ᠡᠷᠴᠢᠮᠲᠠᠢ ᠶᠠᠪᠤᠭᠳᠠᠭᠤᠯᠤᠨ᠎ᠠ ᠃ ᠡᠳᠦᠷᠵᠢᠨ ᠨᠠᠷᠠ ᠭᠠᠷᠬᠤ ᠠᠴᠠ ᠠᠪᠤᠭᠠᠳ ᠨᠠᠷᠠ ᠵᠢᠷᠭᠠᠲᠠᠯ᠎ᠠ ᠰᠤᠷᠭᠠᠭᠤᠯᠢ ᠶᠢᠨ ᠬᠦᠷᠢᠶᠡᠨ ᠳᠤ ᠲᠡᠭᠦᠨ ᠤ ᠦᠨᠳᠦᠷ ᠰᠦᠷᠯᠢᠭ ᠪᠠᠷ᠎ᠠ ᠬᠠᠷᠠᠭᠳᠠᠵᠤ ᠯᠠ ᠪᠠᠶᠢᠳᠠᠭ ᠃ ᠰᠤᠷᠤᠭᠴᠢᠳ ᠲᠠᠭᠠᠨ ᠡᠯᠧᠺᠲᠷᠣᠨ ᠬᠦᠭᠵᠢᠮ ᠰᠤᠷᠭᠠᠬᠤ ᠳᠤᠰᠬᠠᠢ ᠲᠦᠬᠦᠭᠡᠷᠦᠮᠵᠢ ᠠᠪᠬᠤ ᠭᠡᠳ ᠵᠢᠷᠭᠠᠯᠠᠩ ᠪᠠᠭᠰᠢ ᠲᠠᠢ ᠬᠤᠶᠠᠭᠤᠯᠠ ᠢᠷᠭᠠᠢ᠂ ᠯᠠᠨᠵᠸᠤ ᠪᠠᠷ ᠶᠠᠪᠤᠯ᠎ᠠ᠃ ᠴᠢᠨᠠᠷᠯᠢᠭ ᠮᠦᠷᠲᠡᠭᠡᠨ ᠤᠯᠠᠨ ᠬᠡᠷᠡᠭᠴᠡᠭᠡᠲᠦ ᠦᠨ᠎ᠡ ᠬᠢᠮᠳᠠ ᠬᠦᠭᠵᠢᠮ ᠤᠨ ᠪᠠᠭᠠᠵᠢ ᠤᠯᠬᠤ ᠶᠢᠨ ᠲᠦᠯᠦᠭᠡ ᠭᠠᠯᠲᠤ ᠲᠡᠷᠭᠡᠨ ᠤ ᠬᠠᠳᠠᠭᠤ ᠰᠠᠭᠤᠳᠠᠯ ᠳᠤ ᠰᠠᠭᠤᠵᠤ᠂ ᠬᠢᠮᠳᠠ ᠦᠨ᠎ᠡ ᠶᠢᠨ ᠪᠠᠭᠤᠳᠠᠯ ᠳᠤ ᠬᠤᠨᠤᠭᠯᠠᠨ ᠠᠷᠪᠠᠨ ᠴᠠᠭᠠᠨ ᠬᠤᠳᠤᠩ ᠪᠤᠭᠤᠷᠰᠤᠭ ᠢᠶᠠᠷ ᠨᠢᠭᠡ ᠭᠠᠷᠠᠭ ᠢ ᠦᠩᠭᠡᠷᠡᠭᠦᠯᠦᠭᠰᠡᠨ ᠦᠯᠢᠭᠡᠷ ᠪᠤᠢ᠃ ᠯᠠᠨᠵᠸᠤ ᠬᠤᠲᠠᠨ᠎ᠠ ︽ᠪᠠᠷᠠᠭᠤᠨ ᠬᠤᠶᠢᠳᠤ ᠶᠢᠨ ᠦᠨᠳᠦᠰᠦᠲᠡᠨ ᠤ ᠳᠡᠭᠡᠳᠦ ᠰᠤᠷᠭᠠᠭᠤᠯᠢ︾ ᠳᠤ ᠬᠦᠷᠴᠦ ᠮᠤᠩᠭᠤᠯ ᠪᠠᠭᠰᠢ ᠬᠢᠭᠡᠳ ᠤᠶᠤᠲᠠᠳ ᠲᠠᠢ ᠤᠴᠠᠷᠠᠨ ᠮᠤᠩᠭᠤᠯ ᠰᠤᠶᠤᠯ ᠤᠨ ᠢᠶᠠᠨ ᠳᠤᠬᠠᠢ ᠰᠠᠨᠠᠯ ᠰᠤᠯᠢᠯᠴᠠᠵᠤ ᠶᠠᠪᠤᠭᠰᠠᠨ ᠲᠡᠥᠬᠡ ᠪᠤᠢ᠃       1985 ᠤᠨ ᠤ ᠵᠤᠨ ︽ᠦᠪᠦᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ︾ ᠶᠢᠨ ᠮᠤᠩᠭᠤᠯ ᠬᠡᠯᠡ ᠤᠳᠬ᠎ᠠ ᠵᠤᠬᠢᠶᠠᠯ ᠤᠨ ᠰᠠᠯᠪᠤᠷᠢ ᠳᠤ ᠦᠨᠳᠦᠷ ᠬᠤᠪᠢ ᠪᠠᠷ ᠰᠢᠯᠭᠠᠭᠤᠯᠤᠨ ᠤᠷᠤᠬᠤ ᠳᠤ ᠰᠤᠷᠭᠠᠨ ᠬᠦᠮᠦᠵᠢᠯ ᠤᠨ ᠳᠤᠪᠴᠢᠶ᠎ᠠ ᠨᠢ ᠡᠷᠬᠢᠮᠵᠢᠷᠭᠠᠯ ᠢ ᠶᠠᠪᠤᠭᠤᠯᠬᠤ ᠦᠭᠡᠢ ᠭᠡᠵᠦ ᠴᠠᠯᠢᠩ ᠮᠦᠩᠭᠦ ᠶᠢ ᠨᠢ ᠬᠤᠶᠠᠷ ᠵᠢᠯ ᠳᠠᠷᠤᠵᠤ ᠲᠠᠯᠪᠢᠭᠰᠠᠨ ᠦᠩᠭᠡᠷᠡᠯᠲᠡ ᠪᠤᠢ᠃ ᠲᠡᠭᠦᠨ ᠢ ᠪᠠᠭ᠎ᠠ ᠪᠠᠶᠢᠬᠤ ᠳᠤ ᠨᠢᠭᠡᠨ ᠤᠳᠠᠭ᠎ᠠ ᠲᠡᠮᠡᠭᠡ ᠤᠨᠤᠵᠤ ᠠᠪᠤ ᠬᠤᠶᠠᠭᠤᠯᠠ ᠪᠠᠨ ᠭᠡᠷ ᠤᠨ ᠪᠠᠷᠠᠭᠤᠨ ᠬᠤᠶᠢᠨᠠᠬᠢ ︽ᠬᠠᠳᠠᠳᠤ ᠶᠢᠨ ᠭᠤᠤᠯ︾ ᠪᠠᠷ ᠶᠠᠪᠤᠵᠤ ᠪᠠᠶᠢᠬᠤ ᠳᠤ ᠴᠠᠬᠢᠷ ᠬᠠᠲᠠᠭᠤ ᠬᠠᠳᠠᠨ ᠨᠠᠯᠠᠤ ᠳᠡᠭᠡᠷ᠎ᠡ ᠲᠡᠮᠡᠭᠡᠨ ᠮᠦᠷ ᠠᠴᠠ ᠶᠡᠭᠡ᠂ ᠳᠠᠬᠢᠶᠠᠨ ᠰᠠᠪᠠᠷ ᠰᠢᠭ᠋ ᠠᠮᠢᠲᠠᠨ ᠤ ᠮᠦᠷ ᠰᠤᠪᠤᠷᠠᠨ ᠶᠠᠪᠤᠭᠰᠠᠨ ᠢ ᠠᠪᠤ ᠨᠢ ᠵᠢᠭᠠᠵᠤ᠄ ︽ᠡᠨᠡ ᠪᠤᠯ ᠬᠠᠨ ᠭᠠᠷᠤᠳᠢ ᠰᠢᠪᠠᠭᠤ ᠶᠢᠨ ᠮᠦᠷ ᠭᠡᠨ᠎ᠡ᠃ ᠮᠠᠨ ᠤ ᠨᠤᠲᠤᠭ ᠲᠤ ᠬᠡᠴᠢᠨᠡᠭᠡᠨ ᠲᠦᠮᠡᠨ ᠵᠢᠯ ᠤᠨ ᠤᠷᠢᠳ ᠬᠠᠨ ᠭᠠᠷᠤᠳᠢ ᠰᠢᠪᠠᠭᠤ ᠶᠢᠨ ᠮᠦᠷ ᠭᠡᠨ᠎ᠡ᠃ ᠮᠠᠨ ᠤ ᠨᠤᠲᠤᠭ ᠲᠤ ᠭᠡᠴᠢᠨᠡᠭᠡᠨ ᠲᠦᠮᠡᠨ ᠵᠢᠯ ᠤᠨ ᠤᠷᠢᠳ ᠬᠠᠨ ᠭᠠᠷᠤᠳᠢ ᠠᠮᠢᠳᠤᠷᠠᠵᠤ ᠪᠠᠶᠢᠵᠠᠢ᠃ ᠬᠤᠵᠢᠮ ᠨᠢ ᠬᠠᠨ ᠭᠠᠷᠤᠳᠢ ᠨᠢ ᠲᠡᠮᠡᠭᠡ ᠪᠤᠯᠵᠤ ᠬᠤᠪᠢᠷᠠᠵᠠᠢ᠃ ᠡᠶᠢᠮᠦ ᠠᠴᠠ ᠮᠠᠨ ᠤ ᠲᠤᠯᠢ ᠨᠤᠲᠤᠭ ᠲᠤ ᠲᠡᠮᠡᠭᠡ ᠤᠯᠠᠨ ᠭᠠᠷᠳᠠᠭ ᠨᠢ ᠤᠳᠤᠮ ᠰᠤᠳᠤᠷ ᠲᠠᠢ ᠶᠤᠮ ᠰᠢᠤ︕︾ ᠭᠡᠵᠦ ᠬᠡᠯᠡᠭᠰᠡᠨ ᠢ ᠡᠷᠬᠢᠮᠵᠢᠷᠭᠠᠯ ᠶᠡᠬᠡᠳᠡ ᠰᠤᠨᠢᠭᠤᠴᠢᠷᠬᠠᠵᠤ᠂ ᠬᠡᠵᠢᠶ᠎ᠡ ᠨᠢᠭᠡᠨ ᠡᠳᠦᠷ ᠡᠨᠡ ᠤᠨᠢᠰᠤᠭ᠎ᠠ ᠶᠢ ᠳᠡᠶᠢᠯᠵᠦ ᠮᠡᠳᠡᠬᠦ ᠶᠢ ᠬᠦᠰᠡᠵᠦ ᠰᠠᠭᠤᠳᠠᠭ ᠪᠠᠶᠢᠭᠰᠠᠨ ᠠᠴᠠ ᠪᠠᠨ ᠶᠡᠭᠡ ᠰᠤᠷᠭᠠᠭᠤᠯᠢ ᠳᠤ ᠰᠠᠭᠤᠨ᠎ᠠ᠂ ᠶᠡᠭᠡ ᠮᠡᠳᠡᠯᠭᠡ ᠶᠢ ᠡᠵᠡᠮᠰᠢᠨ᠎ᠡ ᠭᠡᠬᠦ ᠬᠦᠭᠡᠭᠡᠴᠡᠯᠳᠦᠯ ᠬᠤᠷᠢᠨ ᠬᠤᠶᠠᠷᠬᠠᠨ ᠨᠠᠰᠤᠲᠠᠢ ᠡᠨᠡ ᠬᠦ ᠵᠠᠯᠠᠭᠤ ᠶᠢ ᠡᠵᠡᠮᠳᠡᠨ ᠬᠢᠴᠢᠶᠡᠯ ᠲᠦᠷᠦᠯ ᠪᠦᠬᠦᠨ ᠳᠤᠨᠢ ᠰᠢᠪᠠᠳᠠᠨ ᠰᠢᠮᠲᠠᠭᠤᠯᠵᠤ ᠪᠢᠯᠡ᠃ᠲᠡᠷᠡ ᠤᠳᠤ ᠨᠤᠲᠤᠭ ᠤᠨ ᠬᠢᠨᠢ ᠨᠤᠷ᠎ᠠ ᠳᠤ ᠪᠠᠶᠢᠳᠠᠭ ᠤᠯᠠ ᠮᠦᠷ ᠪᠤᠯ ᠴᠠᠷᠳᠠ ᠶᠢᠨ ᠭᠠᠯᠪᠠ ᠶᠢᠨ ᠦᠶ᠎ᠡ ᠶᠢᠨ ︽ᠠᠪᠤᠷᠭᠤ ᠭᠦᠷᠪᠡᠯ︾ ᠤᠨ ᠮᠦᠷ ᠭᠡᠭᠴᠢ ᠶᠢ ᠤᠶᠢᠯᠠᠭᠠᠨ ᠮᠡᠳᠡᠭᠰᠡᠨ ᠢᠶᠠᠷ ᠪᠠᠷᠠᠬᠤ ᠦᠭᠡᠢ ᠲᠡᠭᠦᠨ ᠠᠴᠠ ᠴᠠᠭᠠᠰᠢ ᠮᠠᠰᠢ ᠤᠯᠠᠨ ᠮᠡᠳᠡᠭᠡ ᠦᠭᠡᠢ ᠵᠦᠢᠯ ᠢ ᠮᠡᠳᠡᠵᠦ ᠲᠡᠨᠢᠭᠡᠷ ᠬᠠᠷᠠᠭ᠎ᠠ ᠪᠠᠨ ᠲᠡᠯᠡᠷᠡᠭᠦᠯᠵᠦ ᠠᠪᠤᠯ᠎ᠠ᠃ 1987 ᠤᠨ ᠤ ᠵᠤᠨ ᠶᠡᠭᠡ ᠰᠤᠷᠭᠠᠭᠤᠯᠢ ᠪᠠᠨ ᠲᠡᠭᠦᠰᠬᠡᠵᠦ ᠬᠠᠷᠢᠵᠤ ᠢᠷᠡᠭᠡᠳ ᠮᠦᠨ ᠬᠦ ᠤᠤᠯ ᠤᠨ ᠮᠤᠩᠭᠤᠯ ᠳᠤᠷᠰᠢᠯᠲᠠ ᠶᠢᠨ ᠪᠠᠭ᠎ᠠ ᠰᠤᠷᠭᠠᠭᠤᠯᠢ ᠳᠠᠭᠠᠨ ᠬᠢᠴᠢᠶᠡᠯ ᠬᠦᠮᠦᠵᠢᠯ ᠤᠨ ᠡᠷᠬᠢᠯᠡᠭᠴᠢ ᠶᠢᠨ ᠠᠵᠢᠯ ᠢᠶᠠᠨ ᠦᠷᠭᠦᠯᠵᠢᠯᠡᠨ ᠬᠢᠯ᠎ᠡ᠃ ᠲᠠᠮᠷᠢᠨ ᠵᠠᠬᠢᠷᠤᠯ ᠢ ᠳᠠᠭᠠᠵᠤ ᠵᠡᠭᠦᠨ ᠤᠷᠤᠨ ᠳᠤ ᠬᠦᠷᠴᠦ ︽ᠨᠤᠮ ᠵᠠᠯᠠᠯ᠎ᠠ︾᠃ ᠦᠪᠦᠷ ᠮᠤᠩᠭᠤᠯ ᠤᠨ ᠮᠤᠩᠭᠤᠯᠴᠤᠳ ᠤᠨ ᠬᠠᠮᠤᠭ ᠤᠨ ᠤᠯᠠᠨ ᠲᠦᠪᠯᠡᠷᠡᠭᠦᠯᠦᠭᠰᠡᠨ ᠵᠢᠷᠢᠮ ᠠᠶᠢᠮᠠᠭ ᠲᠤ ᠮᠤᠩᠭᠤᠯ ᠰᠤᠶᠤᠯ᠂ ᠰᠤᠷᠭᠠᠨ ᠬᠦᠮᠦᠵᠢᠯ ᠤᠨ ᠳᠤᠬᠠᠢ ᠳᠤᠷᠰᠢᠯᠭ᠎ᠠ᠂ ᠡᠷᠢᠯᠬᠢᠯᠳᠡ ᠶᠢ ᠬᠠᠶᠢᠵᠤ ︽ᠭᠠᠳᠠ ᠮᠠᠶᠢᠷᠠᠨ︾ ᠤ ᠨᠤᠲᠤᠭ ᠤᠨ ᠬᠦᠮᠦᠰ ᠤᠨ ᠬᠠᠳᠠᠨ ᠵᠤᠷᠢᠭ ᠢ ᠪᠢᠰᠢᠷᠡᠵᠦ ᠶᠠᠪᠤᠯ᠎ᠠ᠃ ᠲᠡᠭᠦᠨ ᠤ ᠭᠠᠷ ᠳᠡᠭᠡᠷ᠎ᠡ ᠤᠲᠤᠭ ᠤᠨ ᠮᠤᠩᠭᠤᠯ ᠳᠤᠷᠰᠢᠯᠳᠠ ᠶᠢᠨ ᠪᠠᠭ᠎ᠠ ᠰᠤᠷᠭᠠᠭᠤᠯᠢ ᠨᠢ ᠬᠢᠴᠢᠶᠡᠯ ᠤᠨ ᠭᠠᠳᠠᠨᠠᠬᠢ ᠳᠤᠷ᠎ᠠ ᠰᠤᠨᠢᠷᠬᠠᠯ ᠤᠨ ᠬᠢᠴᠢᠶᠡᠯ ᠢ ᠨᠡᠮᠡ ᠤᠷᠤᠭᠰᠠᠨ ᠪᠤᠶᠤ ︽ᠪᠠᠭᠠᠴᠤᠳ ᠤᠨ ᠬᠠᠨᠢ︾ ᠰᠤᠨᠢᠨ ᠢ ᠤᠯᠠᠨ ᠬᠤᠭᠤᠴᠠᠭ᠎ᠠ ᠶᠡᠭᠡ ᠠᠮᠵᠢᠯᠲᠠ ᠲᠠᠢ ᠡᠷᠬᠢᠯᠡᠵᠦ ᠪᠢᠯᠡ᠃       1990 ᠤᠨ ᠳᠤ ᠡᠷᠬᠢᠮᠵᠢᠷᠭᠠᠯ ᠢ ᠳᠡᠭᠡᠳᠦ ᠱᠠᠲᠤᠨ ᠠᠴᠠ ︽ᠤᠲᠤᠭ ᠬᠤᠰᠢᠭᠤᠨ ᠤ ᠮᠤᠩᠭᠤᠯ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ︾ ᠳᠤ ᠵᠠᠬᠢᠷᠤᠯ ᠢᠶᠠᠷ ᠲᠤᠮᠢᠯᠠᠨ ᠤᠴᠢᠭᠤᠯᠵᠠᠢ᠃ ᠲᠡᠷᠡ᠂ ᠨᠢᠭᠡᠨ ᠪᠦᠷᠢᠨ ᠪᠠᠭ᠎ᠠ ᠰᠤᠷᠭᠠᠭᠤᠯᠢ ᠶᠢᠨ ᠵᠢᠭᠠᠨ ᠰᠤᠷᠭᠠᠯᠲᠠ ᠶᠢ ᠠᠳᠬᠤᠵᠤ ᠪᠠᠶᠢᠭᠰᠠᠨ ᠠᠴᠠ ᠪᠠᠨ ᠡᠲᠦᠭᠡ ᠨᠢᠭᠡᠨ ᠪᠡᠶ᠎ᠡ ᠪᠠᠨ ᠳᠠᠭᠠᠭᠠᠭᠰᠠᠨ᠂ ᠳᠤᠰᠬᠠᠶᠢᠵᠢᠭᠰᠠᠨ ᠤᠨᠴᠠᠯᠢᠭ ᠪᠦᠬᠦᠢ ᠳᠤᠮᠳᠠᠳᠤ ᠰᠤᠷᠭᠠᠭᠤᠯᠢ ᠶᠢᠨ ᠪᠦᠬᠦ ᠲᠠᠯ᠎ᠠ ᠶᠢᠨ ᠠᠵᠢᠯ ᠢ ᠬᠠᠮᠢᠶᠠᠷᠬᠤ ᠪᠤᠯᠵᠠᠢ᠃ ᠦᠩᠭᠡᠷᠡᠭᠰᠡᠨ ᠳᠤ ᠲᠡᠭᠦᠨ ᠤ ᠤᠳᠤᠷᠢᠳᠤᠯᠭ᠎ᠠ ᠶᠢ ᠬᠦᠯᠢᠶᠡᠳᠡᠭ ᠨᠢ ᠳᠤᠮᠳᠠᠳᠤ ᠵᠡᠷᠭᠡ ᠶᠢᠨ ᠳᠤᠰᠬᠠᠢ ᠪᠠᠭᠰᠢ ᠶᠢᠨ ᠰᠤᠷᠭᠠᠭᠤᠯᠢ ᠶᠢᠨ ᠲᠡᠭᠦᠰᠬᠡᠵᠦ ᠢᠷᠡᠭᠰᠡᠨ ᠠᠬᠠᠮᠠᠳ ᠪᠠᠭᠰᠢ᠂ ᠡᠮᠡᠭᠲᠡᠢ ᠪᠠᠭᠰᠢ ᠨᠠᠷ ᠭᠤᠤᠯᠳᠠᠭᠤ ᠪᠠᠶᠢᠭᠰᠠᠨ ᠪᠤᠯ ᠤᠳᠤ ᠡᠷᠬᠢᠮᠵᠢᠷᠭᠠᠯ ᠤᠨ ᠡᠮᠦᠨ᠎ᠡ ᠶᠡᠭᠡ ᠰᠤᠷᠭᠠᠭᠤᠯᠢ ᠶᠢᠨ ᠶᠡᠷᠦᠩᠬᠡᠢ ᠠᠩᠭᠢ ᠲᠡᠭᠦᠰᠦᠭᠰᠡᠨ ᠂ ᠳᠤᠰᠬᠠᠢ ᠮᠡᠷᠭᠡᠵᠢᠯ ᠤᠨ ᠴᠢᠳᠠᠪᠤᠷᠢ ᠲᠠᠢ ᠰᠢᠷᠳ᠋ ᠭᠡᠰᠡᠨ ᠤᠮᠤᠭ ᠲᠠᠢ ᠵᠠᠯᠠᠭᠤᠰ ᠤᠴᠠᠷᠠᠬᠤ ᠪᠤᠯᠤᠯ᠎ᠠ᠃ ᠬᠦᠮᠦᠨ ᠢ ᠵᠠᠬᠢᠷᠬᠤ ᠳᠤ ᠬᠦᠮᠦᠨ ᠠᠴᠠ ᠳᠠᠪᠠᠭᠰᠠᠨ ᠮᠡᠳᠡᠯᠭᠡ ᠪᠠ ᠬᠢᠷᠢ ᠬᠡᠮ ᠪᠠᠶᠢᠬᠤ ᠬᠡᠷᠡᠭᠲᠡᠢ ᠭᠡᠳᠡᠭ ᠢ ᠲᠡᠷᠡ ᠲᠤᠩ ᠬᠤᠷᠳᠤᠨ ᠰᠠᠷᠡᠵᠦ᠂ ᠶᠡᠭᠡ ᠰᠤᠷᠭᠠᠭᠤᠯᠢ ᠶᠢᠨ ᠶᠡᠷᠦᠩᠬᠡᠢ ᠠᠩᠭᠢ ᠶᠢᠨ ᠰᠡᠭᠦᠯᠴᠢ ᠶᠢᠨ ᠬᠤᠭᠤᠴᠠᠭᠠᠨ ᠤ ᠬᠢᠴᠢᠶᠡᠯ ᠢ ᠠᠵᠢᠯ ᠤᠨ ᠪᠠᠶᠢᠷᠢᠨ ᠳᠡᠭᠡᠷ᠎ᠡ ᠠᠴᠠ ᠪᠠᠨ ᠰᠤᠷᠴᠤ ᠵᠠᠯᠭᠠᠭᠠᠳ ︽ᠲᠦᠪ ᠤᠨ ᠦᠨᠳᠦᠰᠦᠲᠡᠨ ᠤ ᠶᠡᠭᠡ ᠰᠤᠷᠭᠠᠭᠤᠯᠢ︾ ᠶᠢᠨ ᠦᠨᠳᠦᠰᠦᠲᠡᠨ ᠤ ᠤᠬᠠᠭᠠᠨ ᠤ ᠠᠰᠫᠢᠷᠠᠨᠲ ᠤᠨ ᠰᠤᠷᠤᠯᠭ᠎ᠠ ᠶᠢ ᠵᠠᠪᠳᠤᠨ ᠭᠦᠢᠴᠡᠳᠬᠡᠵᠡᠢ᠃ ᠮᠤᠩᠭᠤᠯ ᠰᠤᠶᠤᠯ ᠢᠶᠠᠨ ᠳᠡᠭᠡᠳᠦᠯᠡᠵᠦ᠂ ᠮᠤᠩᠭᠤᠯ ᠰᠤᠶᠤᠯ ᠢᠶᠠᠨ ᠲᠦᠰᠢᠵᠦ ᠶᠠᠪᠤᠬᠤ ᠪᠠᠨ ᠲᠡᠷᠡ ᠤᠭᠲᠤ ᠤᠭᠤᠷᠤᠭ᠎ᠠ ᠦᠭᠡᠢ᠃ ᠮᠤᠩᠭᠤᠯ ᠦᠨᠳᠦᠰᠦᠲᠡᠨ ᠤ ᠡᠬᠡ ᠪᠠᠶᠢᠭᠠᠯᠢ ᠶᠢᠨ ᠳᠤᠬᠠᠢ ᠲᠠᠨᠢᠯᠲᠠ᠂ ᠡᠬᠡ ᠪᠠᠶᠢᠭᠠᠯᠢ ᠪᠠᠨ ᠬᠠᠮᠠᠭᠠᠯᠠᠬᠤ ᠤᠬᠠᠮᠰᠠᠷ ᠢ ᠨᠢ ᠦᠨᠳᠦᠷᠵᠢᠭᠦᠯᠬᠦ ᠡᠭᠦᠳᠡᠨ ᠠᠴᠠ ᠲᠡᠷᠡ 1991 ᠤᠨ ᠳᠤ ︽ᠪᠦᠬᠦ ᠠᠶᠢᠮᠠᠭ ᠤᠨ ᠵᠠᠯᠠᠭᠤᠴᠤᠳ ᠤᠨ ᠨᠤᠮ ᠤᠩᠰᠢᠭᠰᠠᠨ ᠮᠡᠳᠡᠯᠭᠡ ᠶᠢᠨ ᠶᠠᠷᠢᠶ᠎ᠠ ᠢᠯᠡᠳᠬᠡᠯ ᠤᠨ ᠤᠷᠤᠯᠳᠤᠭᠠᠨ︾ ᠳᠤ ︽ᠲᠠᠯ᠎ᠠ ᠨᠤᠲᠤᠭ ᠤᠨ ᠮᠠᠯᠵᠢᠬᠤ ᠰᠤᠶᠤᠯ︾ ᠭᠡᠬᠦ ᠰᠡᠳᠦᠪ ᠢᠶᠠᠷ ᠤᠷᠤᠯᠴᠠᠭᠠᠳ ᠵᠠᠭᠤ ᠭᠠᠷᠤᠢ ᠦᠷᠢᠰᠦᠯᠳᠦᠭᠴᠢᠳ ᠤᠨ ᠢᠶᠠᠨ ᠳᠤᠮᠳᠠ ᠤᠷᠤᠶᠢᠯᠠᠵᠤ ᠰᠢᠯᠢᠳᠡᠭ ᠱᠠᠩ ᠢ ᠳᠤᠰᠴᠠᠢ᠃ ᠲᠡᠷᠡ ᠵᠠᠬᠢᠷᠤᠯ ᠤᠨ ᠪᠠᠶᠢᠷᠢᠨ ᠳᠡᠭᠡᠷ᠎ᠡ ᠪᠠᠨ ᠰᠠᠭᠤᠪᠠᠴᠤ ᠪᠠᠰᠠ ᠬᠢᠴᠢᠶᠡᠯ ᠤᠷᠤᠬᠤ ᠪᠠᠨ ᠤᠷᠭᠢᠭ᠎ᠠ ᠦᠭᠡᠢ᠃ 1993 ᠤᠨ ᠳᠤ ᠪᠦᠬᠦ ᠠᠶᠢᠮᠠᠭ ᠤᠨ ᠮᠤᠩᠭᠤᠯ ᠬᠡᠯᠡ ᠪᠢᠴᠢᠭ ᠵᠢᠭᠠᠬᠤ ᠶᠢ ᠰᠢᠯᠭᠠᠷᠠᠭᠤᠯᠬᠤ ᠤᠷᠤᠯᠳᠤᠭᠠᠨ ᠳᠤ ︽ᠮᠤᠩᠭᠤᠯ ᠬᠡᠯᠡ ᠶᠢ ᠵᠢᠭᠠᠨ ᠰᠤᠷᠭᠠᠬᠤ ᠴᠢᠳᠠᠪᠤᠷᠢᠳᠠᠨ︾ ᠪᠤᠯᠤᠭᠰᠠᠨ ᠪᠠ ᠤᠷᠤᠨ ᠤ ᠲᠡᠰ ᠤᠨ ᠰᠢᠯᠢᠳᠡᠭ ᠵᠠᠯᠠᠭᠤ ᠪᠠᠭᠰᠢ ᠶᠢᠨ ᠬᠦᠬᠢᠭᠦᠯᠦᠯ ᠢ ᠤᠯᠵᠠᠢ᠃ 1996 ᠤᠨ ᠳᠤ ᠲᠡᠭᠦᠨ ᠪᠢᠴᠢᠭᠰᠡᠨ ︽ᠬᠢᠴᠢᠶᠡᠯ ᠤᠨ ᠲᠢᠩᠬᠢᠮ ᠤᠨ ᠵᠢᠭᠠᠨ ᠰᠤᠷᠭᠠᠯᠲᠠ ᠶᠢᠨ ᠶᠠᠰᠤ ᠴᠢᠨᠠᠷ ᠢ ᠬᠡᠷᠬᠢᠨ ᠳᠡᠭᠡᠭᠰᠢᠯᠡᠭᠦᠯᠬᠦ ᠳᠤᠬᠠᠢ ᠪᠤᠳᠤᠯᠬᠢᠯᠠᠯ︾ ᠭᠡᠬᠦ ᠦᠭᠦᠯᠡᠯ ᠨᠢ ᠪᠦᠬᠦ ᠠᠶᠢᠮᠠᠭ ᠤᠨ ᠵᠢᠭᠠᠨ ᠰᠤᠷᠭᠠᠬᠤ ᠠᠵᠢᠯ ᠤᠨ ᠬᠤᠷᠠᠯᠳᠤᠭᠠᠨ ᠳᠡᠭᠡᠷ᠎ᠡ ᠲᠡᠷᠢᠭᠦᠨ ᠱᠠᠩ ᠢ ᠠᠪᠤᠪᠠ᠃ 2003 ᠤᠨ ᠳᠤ ᠪᠤᠰᠤᠳ ᠲᠠᠢ ᠬᠠᠮᠲᠤᠷᠠᠨ ᠬᠤᠷᠢᠨ ᠲᠦᠮᠡᠨ ᠦᠰᠦᠭ ᠪᠦᠬᠦᠢ ︽ᠰᠤᠷᠤᠯᠴᠠᠬᠤ ᠠᠷᠭ᠎ᠠ ᠪᠠ ᠤᠶᠤᠨ ᠴᠢᠳᠠᠪᠤᠷᠢ︾ ᠭᠡᠬᠦ ᠨᠤᠮ ᠢ ᠪᠢᠴᠢᠵᠦ ᠬᠡᠪᠯᠡᠭᠦᠯᠦᠭᠰᠡᠨ ᠪᠠ ᠮᠠᠯᠴᠢᠨ ᠲᠠᠷᠢᠶᠠᠴᠢᠳ ᠲᠤ ᠵᠤᠷᠢᠭᠤᠯᠤᠭᠰᠠᠨ ᠠᠷᠪᠠᠨ ᠲᠦᠷᠪᠡᠨ ᠲᠦᠮᠡᠨ ᠦᠰᠦᠭ ᠤᠨ ︽ᠪᠠᠶᠠᠵᠢᠯ ᠤᠨ ᠬᠠᠷᠭᠤᠢ︾ ᠭᠡᠬᠦ ᠨᠤᠮ ᠨᠢ ᠪᠦᠬᠦ ᠤᠷᠳᠤᠰ ᠬᠤᠲᠠ ᠶᠢᠨ ᠳᠤᠮᠳᠠᠳᠤ ᠪᠠᠭ᠎ᠠ ᠰᠤᠷᠭᠠᠭᠤᠯᠢ ᠶᠢᠨ ᠬᠢᠴᠢᠶᠡᠯ ᠤᠨ ᠪᠢᠴᠢᠭ ᠤᠨ ᠯᠠᠪᠯᠠᠯᠲᠠ ᠳᠤ ᠬᠡᠷᠡᠭᠯᠡᠭᠳᠡᠬᠦ ᠪᠤᠯᠪᠠ᠃ ᠡᠷᠬᠢᠮᠵᠢᠷᠭᠠᠯ 2004 ᠤᠨ ᠳᠤ ᠤᠷᠳᠤᠰ ᠬᠤᠲᠠ ᠶᠢᠨ ᠮᠤᠩᠭᠤᠯ ᠬᠡᠯᠡ ᠶᠢ ᠰᠤᠷᠴᠤ ᠬᠡᠷᠡᠭᠯᠡᠭᠰᠡᠨ ᠰᠠᠶᠢᠴᠤᠤᠯ ᠤᠨ ᠬᠤᠷᠠᠯ︾ ᠳᠤ ᠤᠷᠢᠭᠳᠠᠨ ᠤᠷᠤᠯᠴᠠᠪᠠ᠃       ᠡᠷᠬᠢᠮᠵᠢᠷᠭᠠᠯ ᠪᠦᠰᠡᠬᠦᠢ ᠽᠠᠨᠳᠠᠨ ᠬᠤᠶᠠᠭᠤᠯᠠ ᠪᠠᠨ ᠬᠤᠶᠠᠷ ᠰᠠᠶᠢᠬᠠᠨ ᠬᠦᠪᠡᠭᠦᠨ ᠲᠠᠢ᠃ ᠽᠠᠨᠳᠠᠨ ᠨᠢ ᠮᠦᠨ ᠪᠠᠭᠰᠢ ᠶᠢᠨ ᠠᠵᠢᠯ ᠲᠠᠢ᠃ ᠠᠵᠢᠯᠴᠢ ᠪᠤᠷᠤᠭᠵᠢᠭᠤᠨ ᠠᠮᠢᠳᠤᠷᠠᠯ ᠤᠨ ᠬᠢᠨᠢ ᠬᠡᠪ ᠰᠤᠷᠲᠠᠯ ᠡᠨᠡ ᠨᠢᠭᠡᠨ ᠬᠠᠯᠠᠭᠤᠨ ᠭᠡᠷ ᠪᠦᠯᠢ ᠳᠤ ᠨᠡᠶᠢᠲᠡᠮ ᠪᠢᠯᠬᠠᠵᠤ᠂ ᠡᠶᠡᠯᠳᠡᠭ ᠳᠤᠲᠤᠨᠤ ᠶᠠᠷᠢᠶ᠎ᠠ ᠬᠦᠭᠡᠷᠦᠭᠡ ᠦᠷᠭᠦᠯᠵᠢ ᠳᠠᠰᠤᠯᠳᠠᠳᠠᠭ ᠦᠭᠡᠢ᠃ ᠡᠷᠬᠢᠮᠵᠢᠷᠭᠠᠯ ᠦᠷᠯᠦᠭᠡ ᠪᠦᠷᠢ ᠡᠷᠲᠡ ᠪᠤᠰᠬᠤ ᠵᠠᠩᠰᠢᠯ ᠲᠠᠢ᠃ᠲᠡᠭᠡᠭᠡᠳ ︽ᠡᠳᠦᠷ ᠪᠤᠯᠭᠠᠨ ᠤᠤᠭᠠᠨ ᠪᠠᠶᠠᠷᠲᠠᠢ᠂ ᠤᠶᠤᠨ ᠪᠤᠳᠤᠯ ᠢ ᠰᠢᠨᠡᠴᠢᠯᠡᠬᠦ ᠡᠷᠳᠡᠮ ᠲᠠᠢ ᠁︾ᠲᠡᠷᠡ ᠡᠨᠡ ᠬᠦ ︽ᠦᠢᠯᠡᠰ ᠤᠨ ᠰᠠᠶᠢᠬᠠᠨ ᠤᠯᠠᠭᠠᠨᠪᠠᠭᠠᠲᠤᠷ︾ ᠭᠡᠬᠦ ᠢᠳᠡᠷᠡᠭᠦᠨ ᠵᠢᠪᠬᠤᠭᠠᠯᠢᠭ ᠳᠠᠭᠤᠤ ᠶᠢ ᠦᠷᠭᠦᠯᠵᠢ ᠳᠠᠭᠤᠯᠠᠵᠤ ᠶᠠᠪᠤᠨ᠎ᠠ᠃ ᠡᠨᠡ ᠬᠦ ᠳᠠᠭᠤᠤ ᠶᠢᠨ ᠠᠶᠠᠯᠭᠤᠨ ᠳᠤᠮᠳᠠᠭᠤᠷ ᠮᠤᠩᠭᠤᠯ ᠰᠤᠶᠤᠯ ᠤᠨ ᠪᠠᠷᠲᠠᠭᠠᠳᠤ ᠬᠠᠷᠭᠤᠢ ᠪᠠᠷ ᠨᠢᠭᠡᠨ ᠦᠨᠳᠦᠷ ᠪᠡᠶ᠎ᠡ ᠲᠠᠢ ᠬᠦᠮᠦᠨ ᠡᠨᠡᠬᠡᠨ ᠳᠡᠯᠡᠬᠡᠢ ᠶᠢᠨ ᠦᠨᠴᠦᠭ ᠪᠤᠯᠤᠩ ᠪᠦᠬᠦᠨ ᠠᠴᠠ ᠴᠤᠭᠯᠠᠭᠤᠯᠤᠨ ᠠᠷᠠᠢ ᠮᠢᠩᠭᠠᠨ ᠲᠦᠮᠡ ᠴᠤ ᠬᠦᠷᠬᠦ ᠦᠭᠡᠢ ᠮᠤᠩᠭᠤᠯ ᠲᠤᠭᠠᠲᠠᠨ ᠤ ᠪᠤᠰᠤᠭ᠎ᠠ ᠦᠨᠳᠦᠷ ᠮᠤᠩᠭᠤᠯ ᠰᠤᠶᠤᠯ ᠢᠶᠠᠨ ᠲᠦᠰᠢᠭᠰᠡᠭᠡᠷ ᠠᠶᠠᠯᠠᠨ᠎ᠠ᠃       ᠲᠡᠭᠦᠨ ᠤ ᠠᠶᠠᠨ ᠤ ᠦᠷᠲᠡᠭᠡ ᠨᠡᠩ ᠤᠷᠳᠤ᠂ ᠨᠡᠩ ᠬᠤᠯᠠ ᠪᠠᠶᠢᠭ᠎ᠠ ᠶᠤᠮ ᠰᠢᠤ᠃       ᠤᠯᠠᠭᠠᠨ ᠨᠤᠬᠠᠢ ᠵᠢᠯ ᠤᠨ ᠡᠪᠦᠯ ᠤᠨ ᠳᠤᠮᠳᠠ ᠰᠠᠷ᠎ᠠ᠂ ᠤᠯᠠᠭᠠᠨᠪᠠᠯᠭᠠᠰᠤ ᠳᠤ                                    ︽ᠨᠤᠲᠤᠭ ᠤᠨ ᠴᠡᠩᠭᠡᠷ ᠠᠭᠤᠯᠠᠰ︾ ᠠ᠊  ᠴᠤᠭᠵᠢᠯ ᠵᠤᠬᠢᠶᠠᠪᠠ  ︵ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ