ᠯᠢ ᠺᠧ ᠴᠢᠶᠠᠩ ᠤᠨ ᠪᠦᠬᠦ ᠤᠯᠤᠰ ᠤᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠬᠦᠴᠦᠯᠡᠨ ᠪᠤᠶᠢᠵᠢᠭᠤᠯᠬᠤ ᠪᠠ ᠬᠥᠭᠵᠢᠭᠡᠬᠦ ᠲᠧᠯᠸᠢᠰ ᠤᠲᠠᠰᠤ ᠬᠤᠷᠠᠯ ᠳᠡᠭᠡᠷᠡᠬᠢ ᠶᠠᠷᠢᠶ᠎ᠠ
ᠨᠡᠶᠢᠲᠡᠯᠡᠭᠰᠡᠨ ᠴᠠᠭ᠄
2021/6/17
ᠪᠦᠬᠦ ᠤᠯᠤᠰ ᠤᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠬᠦᠴᠦᠯᠡᠨ ᠪᠤᠶᠢᠵᠢᠭᠤᠯᠬᠤ ᠪᠠ ᠬᠥᠭᠵᠢᠭᠡᠬᠦ ᠲᠧᠯᠸᠢᠰ ᠤᠲᠠᠰᠤ ᠬᠤᠷᠠᠯ ᠳᠡᠭᠡᠷᠡᠬᠢ ᠶᠠᠷᠢᠶ᠎ᠠ ᠯᠢ ᠺᠧ ᠴᠢᠶᠠᠩ ︵2021 ᠣᠨ ᠤ 6 ᠳ᠋ᠤᠭᠠᠷ ᠰᠠᠷ᠎ᠠ ᠶᠢᠨ 2 ᠤᠨ ᠡᠳᠦᠷ︶ ᠡᠨᠡ ᠤᠳᠠᠭ᠎ᠠ ᠶᠢᠨ ᠬᠤᠷᠠᠯ ᠪᠣᠯ ᠲᠦᠷᠦ ᠶᠢᠨ ᠶᠠᠪᠤᠳᠠᠯ ᠤᠨ ᠬᠤᠷᠢᠶᠠᠨ ᠤ ᠡᠨᠡ ᠵᠢᠯ ᠤᠨ ᠬᠤᠷᠠᠯᠳᠤᠭᠤᠯᠤᠭᠰᠠᠨ ᠨᠢᠭᠡ ᠤᠳᠠᠭ᠎ᠠ ᠶᠢᠨ ᠴᠢᠬᠤᠯᠠ ᠬᠤᠷᠠᠯ ᠪᠣᠯᠤᠨ᠎ᠠ᠃ ᠡᠭᠦᠨ ᠤ ᠭᠤᠣᠯ ᠡᠭᠦᠷᠭᠡ ᠨᠢ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠤ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠣᠯᠤᠨ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠬᠦ ᠲᠠᠯ᠎ᠠ ᠪᠠᠷ ᠲᠤᠭᠤᠰᠢᠯᠠᠭᠤᠯᠵᠤ᠂ ᠲᠥᠪ ᠤᠨ ᠠᠵᠤ ᠠᠬᠤᠶ ᠶᠢᠨ ᠠᠵᠢᠯ ᠤᠨ ᠬᠤᠷᠠᠯ ᠪᠣᠯᠤᠨ ︽ᠵᠠᠰᠠᠭ ᠤᠨ ᠣᠷᠳᠣᠨ ᠤ ᠠᠵᠢᠯ ᠤᠨ ᠢᠯᠡᠳᠬᠡᠯ︾ ᠤᠨ ᠪᠠᠶᠢᠷᠢᠯᠠᠭᠤᠯᠤᠯᠲᠠ ᠶᠢ ᠭᠦᠨᠵᠡᠭᠡᠶ ᠲᠤᠭᠤᠰᠢᠯᠠᠭᠤᠯᠵᠤ᠂ ᠰᠢᠨ᠎ᠡ ᠬᠥᠭᠵᠢᠯᠲᠡ ᠶᠢᠨ ᠱᠠᠲᠤᠨ ᠳᠤ ᠰᠠᠭᠤᠷᠢᠯᠠᠬᠤ᠂ ᠰᠢᠨ᠎ᠡ ᠬᠥᠭᠵᠢᠯᠲᠡ ᠶᠢᠨ ᠣᠨᠣᠯᠵᠢᠬᠤᠨ ᠢ ᠲᠤᠭᠤᠰᠢᠯᠠᠭᠤᠯᠬᠤ᠂ ᠰᠢᠨ᠎ᠡ ᠬᠥᠭᠵᠢᠯᠲᠡ ᠶᠢᠨ ᠪᠠᠶᠢᠷᠢᠰᠢᠯ ᠢ ᠪᠠᠶᠢᠭᠤᠯᠬᠤ᠂ ᠴᠢᠨᠠᠷᠯᠢᠭ ᠬᠥᠭᠵᠢᠯᠲᠡ ᠶᠢ ᠠᠬᠢᠭᠤᠯᠬᠤ ᠱᠠᠭᠠᠷᠳᠠᠯᠭ᠎ᠠ ᠶᠢ ᠨᠠᠶᠢᠳᠠᠪᠤᠷᠢᠵᠢᠭᠤᠯᠵᠤ᠂ ᠥᠩᠭᠡᠷᠡᠭᠰᠡᠨ ᠨᠢᠭᠡ ᠵᠢᠯ ᠤᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠦᠭᠰᠡᠨ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠦᠭᠰᠡᠨ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠠᠮᠢᠵᠢᠷᠠᠯ ᠤᠨ ᠬᠦᠴᠦᠨ ᠢ ᠪᠤᠶᠢᠵᠢᠭᠤᠯᠬᠤ ᠪᠠ ᠬᠥᠭᠵᠢᠭᠡᠭᠰᠡᠨ ᠠᠵᠢᠯ ᠢ ᠳ᠋ᠦᠩᠨᠡᠵᠦ᠂ ᠲᠠᠷᠠᠭᠠᠴᠢ ᠶᠢᠨ ᠱᠠᠲᠤᠨ ᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠦᠷᠭᠦᠯᠵᠢᠯᠡᠨ ᠨᠢᠭᠡ ᠴᠤᠭᠴᠠᠵᠢᠭᠤᠯᠤᠨ ᠠᠬᠢᠭᠤᠯᠬᠤ ᠭᠤᠤᠯᠳᠠᠯᠭ᠎ᠠ ᠲᠠᠢ ᠡᠭᠦᠷᠭᠡ ᠶᠢ ᠪᠠᠶᠢᠷᠢᠯᠠᠭᠤᠯᠤᠨ᠎ᠠ᠃ ᠨᠢᠭᠡ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠬᠡᠷᠡᠭᠴᠡᠭᠡ ᠱᠠᠭᠠᠷᠳᠠᠯᠭ᠎ᠠ ᠳᠤ ᠰᠢᠭᠤᠳ ᠬᠠᠨᠳᠤᠭᠤᠯᠤᠨ᠂ ᠬᠤᠷᠸ᠎ᠠ ᠲᠥᠷᠥ ᠶᠢᠨ ᠪᠣᠳᠣᠯᠭ᠎ᠠ ᠳᠤ ᠰᠢᠨ᠎ᠡ ᠶᠢ ᠡᠭᠦᠳᠦᠨ ᠬᠡᠷᠡᠭᠵᠢᠭᠦᠯᠬᠦ ᠶᠢᠨ ᠬᠠᠮᠲᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠯᠦᠭᠡ ᠬᠠᠷᠢᠯᠴᠠᠨ ᠤᠶᠠᠯᠳᠤᠭᠤᠯᠵᠤ ᠢᠯᠡᠳᠲᠡ ᠦᠷ᠎ᠡ ᠪᠦᠲᠦᠮᠵᠢ ᠣᠯᠣᠨ᠎ᠠ 2020 ᠣᠨ ᠳᠤ᠂ ᠣᠯᠠᠨ ᠳᠠᠪᠬᠤᠷ ᠬᠦᠨᠳᠦ ᠨᠣᠴᠢᠲᠠᠶ ᠳᠠᠭᠠᠷᠢᠯᠲᠠ ᠶᠢᠨ ᠡᠮᠦᠨ᠎ᠡ᠂ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠪᠢᠳᠡ ᠬᠢᠵᠢᠭ ᠢ ᠰᠡᠷᠭᠡᠶᠢᠯᠡᠨ ᠡᠵᠡᠮᠳᠡᠬᠦ ᠪᠠ ᠠᠵᠤ ᠠᠬᠤᠶ ᠨᠡᠶᠢᠭᠡᠮ ᠤᠨ ᠬᠥᠭᠵᠢᠯᠲᠡ ᠶᠢ ᠨᠢᠭᠡᠳᠦᠯᠲᠡᠶ ᠲᠥᠯᠥᠪᠯᠡᠵᠦ᠂ ᠴᠠᠭ ᠲᠤᠬᠠᠶ ᠳᠤ ᠨᠢ ᠡᠷᠡᠰ ᠰᠢᠭᠤᠷᠬᠠᠶ ᠠᠷᠭ᠎ᠠ ᠬᠡᠮᠵᠢᠶ᠎ᠡ ᠠᠪᠤᠭᠰᠠᠨ ᠮᠥᠷᠲᠡᠭᠡᠨ ᠲᠣᠭᠲᠠᠯ ᠬᠦᠴᠦᠨ ᠢᠶᠠᠨ ᠪᠠᠲᠤᠯᠠᠵᠤ᠂ ︽ᠪᠢᠯᠬᠠᠲᠠᠯ᠎ᠠ ᠤᠰᠤᠯᠠᠬᠤ︾ ᠮᠠᠶ᠋ᠢᠭ ᠢᠶᠠᠷ ᠬᠦᠴᠦᠲᠡᠶ ᠰᠡᠳᠡᠯᠲᠡ ᠥᠭᠬᠦ ᠦᠭᠡᠢ ᠪᠠᠶᠢᠬᠤ ᠶᠢ ᠪᠠᠷᠢᠮᠲᠠᠯᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠠᠴᠢᠮ ᠬᠡᠷᠡᠭᠴᠡᠭᠡ ᠲᠠᠢ ᠨᠢᠭᠲᠠ ᠤᠶᠠᠯᠳᠤᠭᠤᠯᠤᠨ᠂ ᠬᠤᠷᠸ᠎ᠠ ᠲᠦᠷᠦ ᠶᠢᠨ ᠪᠤᠳᠤᠯᠭ᠎ᠠ ᠶᠢ ᠰᠢᠨ᠎ᠡ ᠶᠢ ᠡᠭᠦᠳᠦᠨ ᠬᠡᠷᠡᠭᠵᠢᠭᠦᠯᠦᠭᠰᠡᠨ ᠤ ᠬᠠᠮᠲᠤ ᠵᠠᠰᠠᠭ ᠢ ᠴᠣᠮᠬᠠᠳᠬᠠᠨ ᠡᠷᠬᠡ ᠶᠢ ᠲᠠᠯᠪᠢᠬᠤ᠂ ᠲᠠᠯᠪᠢᠬᠤ ᠪᠠ ᠬᠠᠮᠢᠶᠠᠷᠬᠤ ᠶᠢ ᠤᠶᠠᠯᠳᠤᠭᠤᠯᠬᠤ᠂ ᠦᠢᠯᠡᠴᠢᠯᠡᠭᠡ ᠶᠢ ᠰᠢᠯᠢᠳᠡᠭᠵᠢᠭᠦᠯᠬᠦ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠲᠠᠢ ᠤᠶᠠᠯᠳᠤᠭᠤᠯᠵᠤ᠂ ᠠᠵᠤ ᠠᠬᠤᠶᠢᠯᠠᠯ ᠢ ᠬᠠᠪᠰᠤᠷᠤᠨ ᠬᠦᠴᠢᠷᠳᠡᠯ ᠢ ᠨᠢ ᠰᠢᠢᠳᠪᠦᠷᠢᠯᠡᠬᠦ ᠪᠠ ᠠᠮᠢᠵᠢᠷᠠᠯ ᠤᠨ ᠬᠦᠴᠦᠨ ᠢ ᠨᠢ ᠬᠥᠭᠵᠢᠭᠡᠬᠦ ᠶᠢ ᠵᠡᠷᠭᠡ ᠳᠤ ᠨᠢ ᠴᠢᠬᠤᠯᠠᠴᠢᠯᠠᠵᠤ ᠂ ᠠᠵᠤ ᠠᠬᠤᠶ ᠶᠢᠨ ᠨᠡᠯᠢᠶᠡᠳ ᠲᠦᠷᠭᠡᠨ ᠢᠶᠠᠷ ᠰᠡᠷᠭᠦᠨ ᠬᠥᠭᠵᠢᠬᠦ ᠶᠢ ᠬᠦᠴᠦᠲᠡᠶ ᠠᠬᠢᠭᠤᠯᠪᠠ᠃ ︵ᠨᠢᠭᠡ︶ ᠬᠤᠷᠸ᠎ᠠ ᠲᠥᠷᠥ ᠶᠢᠨ ᠪᠣᠳᠣᠯᠭ᠎ᠠ ᠶᠢ ᠰᠢᠨ᠎ᠡ ᠶᠢ ᠡᠭᠦᠳᠦᠨ ᠬᠡᠷᠡᠭᠵᠢᠭᠦᠯᠬᠦ ᠳᠤᠮᠳᠠ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢᠨ ᠰᠡᠳᠬᠢᠮᠵᠢ ᠪᠠ ᠠᠷᠭ᠎ᠠ ᠶᠢ ᠬᠡᠷᠡᠭᠯᠡᠨ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠬᠦᠴᠢᠷ ᠪᠡᠷᠬᠡᠰᠢᠶᠡᠯ ᠢ ᠲᠤᠭᠤᠯᠬᠤ ᠳᠤ ᠬᠠᠪᠰᠤᠷᠤᠮᠵᠢ ᠦᠵᠡᠭᠦᠯᠪᠡ᠃ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠨᠢ ᠬᠡᠮᠵᠢᠶ᠎ᠡ ᠶᠡᠭᠡ ᠬᠡᠪᠴᠢᠶ᠎ᠡ ᠥᠷᠭᠡᠨ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠰᠢᠭᠤᠳ ᠳᠠᠭᠠᠷᠢᠯᠲᠠ ᠳᠤ ᠤᠴᠠᠷᠠᠭᠤᠯᠵᠤ᠂ ᠠᠵᠢᠯ ᠣᠯᠭᠤᠯᠲᠠ ᠪᠠ ᠦᠨᠳᠦᠰᠦᠨ ᠠᠷᠠᠳ ᠤᠨ ᠠᠮᠢᠳᠤᠷᠠᠯ ᠳᠤ ᠬᠦᠨᠳᠦ ᠨᠣᠴᠢᠲᠠᠶ ᠨᠥᠯᠥᠭᠡ ᠦᠵᠡᠭᠦᠯᠪᠡ᠃ ᠪᠢᠳᠡ ︽ᠵᠢᠷᠭᠤᠭ᠎ᠠ ᠶᠢ ᠲᠣᠭᠲᠠᠪᠤᠷᠢᠵᠢᠭᠤᠯᠬᠤ︾ ᠰᠠᠭᠤᠷᠢᠨ ᠳᠡᠭᠡᠷ᠎ᠡ ︽ᠵᠢᠷᠭᠤᠭ᠎ᠠ ᠶᠢ ᠪᠠᠲᠤᠯᠠᠬᠤ︾ ᠶᠢ ᠲᠣᠳᠣᠷᠬᠠᠶ ᠳᠤᠷᠠᠳᠤᠨ ᠭᠠᠷᠭᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠠᠲᠤᠯᠠᠬᠤ ᠪᠠᠷ ᠴᠢᠬᠤᠯᠠ ᠠᠴᠠ ᠴᠢᠬᠤᠯᠠ ᠶᠠᠪᠤᠳᠠᠯ ᠪᠣᠯᠭᠠᠵᠤ᠂ ᠡᠭᠦᠨ ᠢᠶᠠᠷ ᠠᠵᠢᠯ ᠣᠯᠭᠤᠯᠲᠠ ᠪᠠ ᠠᠷᠠᠳ ᠤᠨ ᠠᠮᠢᠳᠤᠷᠠᠯ ᠢ ᠪᠠᠲᠤᠯᠠᠪᠠ᠃ ᠡᠳ᠋ ᠤᠨ ᠵᠠᠰᠠᠭ᠂ ᠵᠣᠭᠤᠰ᠂ ᠠᠵᠢᠯ ᠣᠯᠭᠤᠯᠲᠠ ᠶᠢᠨ ᠲᠦᠷᠦ ᠶᠢᠨ ᠪᠤᠳᠤᠯᠭ᠎ᠠ ᠨᠢ ᠴᠥᠮ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠲᠣᠭᠤᠷᠢᠨ ᠳᠤ᠂ ᠬᠤᠷᠸ᠎ᠠ ᠲᠦᠷᠦ ᠶᠢᠨ ᠪᠤᠳᠤᠯᠭ᠎ᠠ ᠪᠠ ᠬᠤᠮᠠᠬᠢ ᠭᠤᠣᠯ ᠴᠣᠭᠴᠠ ᠶᠢ ᠨᠢᠭᠲᠠ ᠤᠶᠠᠯᠳᠤᠭᠤᠯᠵᠤ᠂ ᠰᠢᠭᠤᠳ ᠬᠡᠷᠡᠭᠯᠡᠭᠦᠰᠢᠲᠡᠢ᠂ ᠨᠠᠷᠢᠯᠢᠭ ᠣᠨᠣᠴᠠᠲᠠᠶ ᠪᠥᠭᠡᠳ ᠥᠨᠳᠥᠷ ᠪᠦᠲᠦᠮᠵᠢᠲᠡᠶ ᠪᠠᠶᠢᠯᠭᠠᠵᠤ᠂ ︽ᠤᠰᠤᠯᠠᠵᠤ ᠪᠤᠷᠳᠤᠭᠤᠷ ᠣᠷᠣᠭᠤᠯᠬᠤ︾ ᠶᠢ ᠦᠨᠳᠦᠰᠦᠨ ᠠᠴᠠ ᠨᠢ ᠪᠡᠶᠡᠯᠡᠭᠦᠯᠪᠡ᠃ ᠪᠦᠬᠦ ᠵᠢᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠰᠢᠨ᠎ᠡ ᠪᠠᠷ ᠨᠡᠮᠡᠭᠳᠡᠭᠰᠡᠨ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠤᠭᠰᠠᠨ ᠬᠡᠮᠵᠢᠶ᠎ᠡ 2.6 ᠲᠦᠮᠡᠨ ᠳ᠋ᠦᠩᠰᠢᠭᠤᠷ ᠲᠥᠭᠦᠷᠢᠭ ᠢ ᠳᠠᠪᠠᠭᠰᠠᠨ ᠤ ᠬᠠᠮᠲᠤ ᠮᠥᠩᠭᠦᠨ ᠭᠦᠢᠯᠭᠡᠭᠡᠨ ᠤ ᠰᠢᠰᠲ᠋ᠧᠮ ᠤᠨ ᠪᠣᠳᠠᠲᠤ ᠴᠣᠭᠴᠠ ᠶᠢᠨ ᠠᠵᠤ ᠠᠬᠤᠶ ᠳᠤ 1.5 ᠲᠦᠮᠡᠨ ᠳ᠋ᠦᠩᠰᠢᠭᠤᠷ ᠲᠥᠭᠦᠷᠢᠭ ᠤᠨ ᠵᠦᠢ ᠵᠣᠬᠢᠰᠲᠠᠶ ᠠᠰᠢᠭ ᠣᠯᠭᠤᠬᠤ ᠶᠢ ᠠᠬᠢᠭᠤᠯᠪᠠ᠃ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ ᠪᠣᠯ ᠬᠠᠮᠤᠭ ᠤᠨ ᠰᠢᠭᠤᠳ᠂ ᠬᠠᠮᠤᠭ ᠤᠨ ᠪᠦᠲᠦᠮᠵᠢᠲᠡᠶ᠂ ᠬᠠᠮᠤᠭ ᠤᠨ ᠭᠤᠣᠯᠴᠢ ᠠᠷᠭ᠎ᠠ ᠬᠡᠮᠵᠢᠶ᠎ᠡ ᠪᠠᠶᠢᠵᠤ᠂ ᠪᠡᠷᠬᠡ ᠪᠣᠭᠤᠮᠲᠠ ᠶᠢ ᠲᠤᠭᠤᠯᠬᠤ ᠳᠤ ᠴᠢᠬᠤᠯᠠ ᠦᠢᠯᠡᠳᠦᠯ ᠦᠵᠡᠭᠦᠯᠪᠡ ᠭᠡᠵᠦ ᠠᠵᠤ ᠠᠬᠤᠶᠢᠯᠠᠯ ᠤᠳ ᠨᠡᠶᠢᠳᠡᠮ ᠳᠤ ᠪᠠᠨ ᠲᠤᠰᠬᠠᠵᠤ ᠪᠠᠶᠢᠨ᠎ᠠ᠃ ᠪᠢᠳᠡ ᠪᠠᠰᠠ ᠲᠥᠪ ᠤᠨ ᠰᠢᠨ᠎ᠡ ᠪᠠᠷ ᠨᠡᠮᠡᠭᠳᠡᠭᠰᠡᠨ ᠡᠳ᠋ ᠤᠨ ᠵᠠᠰᠠᠭ ᠤᠨ ᠪᠡᠯᠡ ᠮᠥᠩᠭᠦ ᠶᠢ ᠰᠢᠭᠤᠳ ᠬᠦᠷᠭᠡᠬᠦ ᠲᠣᠭᠲᠠᠴᠠ ᠶᠢ ᠰᠢᠨ᠎ᠡ ᠪᠠᠷ ᠡᠭᠦᠳᠦᠨ ᠪᠠᠶᠢᠭᠤᠯᠵᠤ᠂ ᠪᠡᠯᠡ ᠮᠥᠩᠭᠦ ᠶᠢ ︽ᠢᠷᠤᠭᠠᠷ ᠲᠤ ᠨᠢ ᠲᠤᠯᠭᠠᠵᠤ︾᠂ ᠵᠠᠪᠰᠠᠷ ᠤᠨ ᠭᠤᠭᠴᠤᠭ᠎ᠠ ᠶᠢ ᠶᠡᠭᠡ ᠪᠠᠷ ᠪᠠᠭᠠᠰᠬᠠᠵᠤ᠂ ᠮᠤᠵᠢ ᠶᠢᠨ ᠱᠠᠲᠤᠨ ᠤ ᠡᠳ᠋ ᠤᠨ ᠵᠠᠰᠠᠭ ᠢ ᠲᠥᠪ ᠤᠨ ᠰᠢᠨ᠎ᠡ ᠪᠠᠷ ᠨᠡᠮᠡᠭᠳᠡᠭᠰᠡᠨ ᠡᠳ᠋ ᠤᠨ ᠬᠦᠴᠦᠨ ᠤ ᠲᠠᠯ᠎ᠠ ᠪᠠᠷ ᠵᠥᠪᠬᠡᠨ ︽ᠵᠣᠭᠤᠰ ᠳᠠᠮᠵᠢᠭᠤᠯᠤᠭᠴᠢ︾ ᠪᠣᠯᠭᠠᠵᠤ᠂ ᠣᠷᠣᠨ ᠨᠤᠲᠤᠭ ᠤᠨ ᠡᠳ᠋ ᠤᠨ ᠬᠦᠴᠦᠨ ᠤ ᠲᠠᠯ᠎ᠠ ᠪᠠᠷ ︽ᠬᠠᠷᠢᠭᠤᠴᠠᠯᠭ᠎ᠠ ᠦᠭᠡᠢ ᠳᠠᠷᠤᠭ᠎ᠠ︾ ᠪᠣᠯᠭᠠᠬᠤ ᠦᠭᠡᠢ ᠶᠢ ᠭᠦᠢᠴᠡᠳᠬᠡᠵᠦ᠂ ᠬᠤᠲᠠ ᠰᠢᠶᠠᠨ ᠤ ᠦᠨᠳᠦᠰᠦᠨ ᠱᠠᠲᠤᠨ ᠤ ᠠᠵᠤ ᠠᠬᠤᠶᠢᠯᠠᠯ ᠳᠤ ᠠᠰᠢᠭ ᠣᠯᠭᠤᠵᠤ ᠠᠷᠠᠳ ᠲᠤ ᠠᠰᠢᠭ ᠬᠦᠷᠲᠡᠭᠡᠬᠦ ᠳᠤ ᠬᠠᠮᠲᠤ ᠪᠠᠷ ᠡᠳ᠋ ᠤᠨ ᠬᠦᠴᠦᠨ ᠢ ᠲᠦᠷᠭᠡᠨ ᠨᠥᠬᠦᠪᠥᠷᠢᠯᠡᠪᠡ᠃ ᠥᠩᠭᠡᠷᠡᠭᠰᠡᠨ ᠳᠤ ᠲᠥᠪ ᠤᠨ ᠡᠳ᠋ ᠤᠨ ᠵᠠᠰᠠᠭ ᠤᠨ ᠪᠠᠯᠠ ᠮᠥᠩᠭᠦ ᠶᠢ ᠦᠨᠳᠦᠰᠦᠨ ᠱᠠᠲᠤᠨ ᠳᠤ ᠱᠠᠲᠤ ᠱᠠᠲᠤ ᠪᠠᠷ ᠰᠠᠯᠭᠠᠨ ᠪᠠᠭᠤᠯᠭᠠᠬᠤ ᠳᠤ ᠬᠡᠷᠡᠭᠰᠡᠬᠦ ᠴᠠᠭ ᠨᠢ ᠳᠤᠮᠳᠠᠴᠢ ᠪᠠᠷ 120 ᠡᠳᠦᠷ ᠢ ᠬᠡᠲᠦᠷᠡᠵᠦ᠂ ᠨᠢᠳᠤᠨᠤᠨ ᠬᠠᠮᠤᠭ ᠤᠨ ᠲᠦᠷᠭᠡᠨ ᠳᠤ ᠪᠠᠨ 7 ᠡᠳᠦᠷ ᠬᠡᠷᠡᠭᠯᠡᠵᠦ᠂ ᠲᠥᠷᠥ ᠶᠢᠨ ᠪᠣᠳᠣᠯᠭ᠎ᠠ ᠶᠢᠨ ᠰᠠᠶᠢᠨ ᠲᠠᠢ ᠲᠠᠯ᠎ᠠ ᠶᠢ ᠬᠠᠮᠤᠭ ᠤᠨ ᠲᠦᠷᠭᠡᠨ ᠢᠶᠠᠷ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠬᠦᠷᠲᠡᠭᠡᠪᠡ᠃ ᠰᠢᠭᠤᠳ ᠬᠦᠷᠭᠡᠬᠦ ᠪᠡᠯᠡ ᠮᠥᠩᠭᠦ ᠶᠢ ᠰᠠᠶᠢᠲᠤᠷ ᠬᠠᠮᠢᠶᠠᠷᠴᠤ ᠬᠡᠷᠡᠭᠯᠡᠬᠦ ᠶᠢᠨ ᠲᠥᠯᠥᠭᠡ᠂ ᠪᠢᠳᠡ ᠪᠦᠬᠦ ᠬᠡᠯᠬᠢᠶ᠎ᠡ ᠶᠢᠨ ᠬᠢᠨᠠᠯᠲᠠ ᠡᠵᠡᠮᠳᠡᠯ ᠢ ᠴᠢᠩᠭᠠᠳᠬᠠᠵᠤ᠂ ᠪᠡᠯᠡ ᠮᠥᠩᠭᠦ ᠶᠢ ᠮᠡᠬᠡᠯᠡᠨ ᠠᠪᠬᠤ᠂ ᠰᠢᠬᠠᠨ ᠡᠵᠡᠯᠡᠵᠦ ᠨᠡᠭᠦᠯᠭᠡᠨ ᠬᠡᠷᠡᠭᠯᠡᠬᠦ ᠵᠡᠷᠭᠡ ᠠᠰᠠᠭᠤᠳᠠᠯ ᠢ ᠰᠡᠷᠭᠡᠶᠢᠯᠡᠪᠡ᠃ ᠬᠢᠨᠠᠨ ᠪᠤᠳᠤᠭᠰᠠᠨ ᠦᠷ᠎ᠡ ᠳ᠋ᠦᠩ ᠠᠴᠠ ᠦᠵᠡᠪᠡᠯ᠂ ᠰᠢᠭᠤᠳ ᠬᠦᠷᠭᠡᠬᠦ ᠪᠠᠯᠠ ᠮᠥᠩᠭᠦ ᠶᠢᠨ ᠬᠡᠷᠡᠭᠯᠡᠯᠲᠡ ᠶᠢᠨ ᠪᠠᠶᠢᠳᠠᠯ ᠨᠡᠯᠢᠶᠡᠳ ᠰᠠᠶᠢᠨ ᠪᠠᠶᠢᠨ᠎ᠠ᠃ ᠪᠢᠳᠡ ᠪᠠᠰᠠ ᠵᠣᠭᠤᠰᠣᠨ ᠤ ᠲᠥᠷᠥ ᠶᠢᠨ ᠪᠣᠳᠣᠯᠭ᠎ᠠ ᠶᠢᠨ ᠰᠢᠭᠤᠳ ᠬᠦᠷᠭᠡᠬᠦ ᠪᠠᠭᠠᠵᠢ ᠪᠠᠷ ᠳᠠᠮᠵᠢᠭᠤᠯᠤᠨ᠂ ᠳᠤᠮᠳᠠ ᠵᠢᠵᠢᠭ ᠪᠢᠴᠢᠯ ᠠᠵᠤ ᠠᠬᠤᠶᠢᠯᠠᠯ ᠪᠠ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠶᠢ ᠣᠨᠣᠴᠠᠲᠠᠶ ᠪᠥᠭᠡᠳ ᠲᠦᠷᠭᠡᠨ ᠳᠡᠮᠵᠢᠪᠡ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠠᠴᠢᠮ ᠬᠡᠷᠡᠭᠴᠡᠭᠡ ᠲᠠᠢ ᠨᠢᠭᠲᠠ ᠤᠶᠠᠯᠳᠤᠭᠤᠯᠤᠨ ᠬᠦᠴᠢᠷᠳᠡᠯ ᠢ ᠰᠢᠢᠳᠪᠦᠷᠢᠯᠡᠬᠦ᠂ ᠰᠢᠭᠤᠳ ᠬᠦᠷᠭᠡᠬᠦ ᠲᠣᠭᠲᠠᠴᠠ ᠪᠠ ᠪᠠᠭᠠᠵᠢ ᠶᠢ ᠪᠠᠶᠢᠭᠤᠯᠤᠨ ᠲᠣᠬᠢᠷᠠᠭᠤᠯᠬᠤ ᠪᠣᠯ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢᠨ ᠡᠳ᠋ ᠤᠨ ᠵᠠᠰᠠᠭ ᠮᠥᠩᠭᠦᠨ ᠭᠦᠢᠯᠭᠡᠭᠡᠨ ᠤ ᠬᠦᠷᠢᠶᠡᠨ ᠳᠠᠬᠢ ᠰᠢᠨ᠎ᠡ ᠶᠢ ᠡᠭᠦᠳᠦᠭᠰᠡᠨ ᠦᠢᠯᠡᠳᠦᠯᠭᠡ ᠪᠠᠶᠢᠵᠤ᠂ ᠬᠤᠷᠸ᠎ᠠ ᠲᠦᠷᠦ ᠶᠢᠨ ᠪᠤᠳᠤᠯᠭ᠎ᠠ ᠶᠢᠨ ᠨᠠᠶᠢᠳᠠᠪᠤᠷᠢᠵᠢᠭᠤᠯᠤᠯᠲᠠ ᠶᠢᠨ ︽ᠲᠦᠷᠭᠡᠳᠬᠡᠭᠦᠷ︾ ᠪᠠ ᠦᠷ᠎ᠡ ᠪᠦᠲᠦᠮᠵᠢ ᠶᠢᠨ ︽ᠨᠡᠮᠡᠭᠳᠡᠭᠦᠯᠦᠭᠴᠢ︾ ᠶᠢᠨ ᠦᠢᠯᠡᠳᠦᠯ ᠢ ᠪᠠᠳᠠᠷᠠᠭᠤᠯᠤᠭᠰᠠᠨ ᠶᠤᠮ ᠭᠡᠵᠦ ᠬᠡᠯᠡᠵᠦ ᠪᠣᠯᠤᠨ᠎ᠠ᠃ ︵ᠬᠤᠶᠠᠷ︶ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠲᠣᠰ ᠪᠡᠶ᠎ᠡ ᠶᠢᠨ ᠬᠡᠷᠡᠭᠴᠡᠭᠡ ᠱᠠᠭᠠᠷᠳᠠᠯᠭ᠎ᠠ ᠳᠤ ᠬᠠᠨᠳᠤᠭᠤᠯᠤᠨ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠨᠠᠩ ᠶᠡᠭᠡ ᠡᠷᠴᠢᠮ ᠢᠶᠠᠷ ᠭᠦᠨᠵᠡᠭᠡᠶᠢᠷᠡᠭᠦᠯᠪᠡ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠪᠣᠯ ᠥᠭᠡᠷᠡᠴᠢᠯᠡᠯᠲᠡ ᠶᠢ ᠪᠥᠬᠦ ᠲᠠᠯ᠎ᠠ ᠪᠠᠷ ᠭᠦᠨᠵᠡᠭᠡᠶᠢᠷᠡᠭᠦᠯᠬᠦ ᠶᠢᠨ ᠴᠢᠬᠤᠯᠠ ᠠᠭᠤᠯᠭ᠎ᠠ ᠪᠠᠶᠢᠵᠤ᠂ ᠵᠠᠰᠠᠭ ᠤᠨ ᠣᠷᠳᠣᠨ ᠤ ᠡᠭᠦᠷᠭᠡ ᠴᠢᠳᠠᠪᠬᠢ ᠶᠢ ᠬᠤᠪᠢᠷᠠᠭᠤᠯᠬᠤ ᠭᠤᠤᠯ ᠭᠠᠷᠳᠠᠴᠠ ᠮᠥᠨ᠃ ᠡᠳ᠋ ᠤᠨ ᠵᠠᠰᠠᠭ᠂ ᠵᠣᠭᠤᠰᠣᠨ ᠤ ᠲᠥᠷᠥ ᠶᠢᠨ ᠪᠣᠳᠣᠯᠭ᠎ᠠ ᠲᠠᠢ ᠬᠠᠷᠢᠴᠠᠭᠤᠯᠪᠠᠯ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠳᠤ ᠦᠨᠳᠦᠰᠦᠨ ᠳᠤ ᠪᠠᠨ ᠵᠣᠭᠤᠰ ᠵᠠᠷᠤᠴᠠᠭᠤᠯᠬᠤ ᠥᠬᠡᠶ ᠪᠤᠶᠤ ᠮᠠᠰᠢ ᠪᠠᠭ᠎ᠠ ᠵᠣᠭᠤᠰ ᠵᠠᠷᠤᠴᠠᠭᠤᠯᠬᠤ ᠮᠥᠷᠲᠡᠭᠡᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠬᠥᠭᠵᠢᠭᠡᠬᠦ ᠲᠠᠯ᠎ᠠ ᠪᠠᠷ ᠪᠠᠭ᠎ᠠ ᠬᠦᠴᠦ ᠣᠷᠣᠭᠤᠯᠵᠤ ᠶᠡᠭᠡ ᠠᠮᠵᠢᠯᠲᠠ ᠤᠯᠬᠤ᠂ ᠨᠢᠭᠡ ᠯᠡ ᠳᠡᠭᠡᠷ᠎ᠡ ᠣᠯᠠᠨ ᠠᠮᠵᠢᠯᠲᠠ ᠣᠯᠵᠤ ᠴᠢᠳᠠᠬᠤ ᠦᠢᠯᠡᠳᠦᠯ ᠲᠠᠢ ᠶᠤᠮ᠃ ᠵᠠᠰᠠᠭ ᠳᠥᠭᠦᠮ ᠪᠣᠯ ᠬᠡᠷᠡᠭᠵᠢᠭᠦᠯᠬᠦ ᠳᠤ ᠬᠢᠯᠪᠠᠷ᠂ ᠵᠠᠰᠠᠭ ᠲᠦᠪᠡᠭ ᠪᠣᠯ ᠭᠦᠢᠴᠡᠳᠬᠡᠬᠦ ᠳᠤ ᠬᠦᠴᠢᠷ᠃ ᠪᠢᠳᠡ ︽ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠲᠦᠷᠢᠮ︾ ᠢ ᠭᠦᠨᠵᠡᠭᠡᠶ ᠬᠡᠷᠡᠭᠵᠢᠭᠦᠯᠵᠦ᠂ ᠵᠠᠬ᠎ᠠ ᠳᠡᠯᠭᠡᠭᠦᠷ ᠲᠤ ᠵᠥᠪᠰᠢᠶᠡᠷᠡᠨ ᠣᠷᠣᠭᠤᠯᠬᠤ ᠠᠯᠳᠠᠭᠳᠠᠯ ᠲᠠᠢ ᠵᠦᠢᠯᠡᠰ ᠤᠨ ᠨᠠᠷᠢᠨ ᠬᠠᠭᠤᠳᠠᠰᠤ ᠶᠢ ᠪᠠᠭᠠᠰᠬᠠᠵᠤ᠂ ᠦᠨᠡᠮᠯᠡᠯ ᠠᠪᠬᠤ᠂ ᠪᠣᠭᠤᠮᠲᠠ ᠪᠠᠷ ᠥᠩᠭᠡᠷᠡᠬᠦ ᠂ ᠴᠠᠬᠢᠯᠭᠠᠨ ᠭᠠᠷᠭᠠᠬᠤ᠂ ᠪᠠᠷᠢᠯᠭ᠎ᠠ ᠶᠢᠨ ᠪᠦᠳᠦᠭᠡᠨ ᠪᠠᠶᠢᠭᠤᠯᠤᠯᠲᠠ ᠶᠢᠨ ᠲᠥᠷᠥᠯ ᠵᠦᠢᠯ ᠢ ᠬᠢᠨᠠᠨ ᠵᠥᠪᠰᠢᠶᠡᠷᠡᠬᠦ ᠵᠡᠷᠭᠡ ᠴᠠᠭ ᠢ ᠬᠠᠰᠤᠵᠤ᠂ ᠠᠵᠤ ᠠᠬᠤᠶᠢᠯᠠᠯ ᠳᠤ ᠬᠤᠯᠪᠣᠭᠳᠠᠭᠰᠠᠨ ᠰᠦᠢᠳᠬᠡᠯ ᠬᠤᠷᠢᠶᠠᠯᠲᠠ ᠶᠢ ᠢᠯᠭᠠᠷᠠᠭᠤᠯᠤᠨ ᠵᠢᠷᠤᠮᠵᠢᠭᠤᠯᠵᠤ᠂ ᠲᠦᠷᠢᠮ ᠤᠨ ᠴᠢᠨᠠᠷᠲᠠᠶ ᠠᠷᠠᠯᠵᠢᠶᠠᠨ ᠤ ᠥᠪᠡᠷ ᠤᠨ ᠦᠷᠳᠡᠭ ᠢ ᠪᠠᠭᠤᠷᠠᠭᠤᠯᠪᠠ᠃ ᠵᠠᠰᠠᠭ ᠳᠥᠭᠦᠮ ᠪᠣᠯ ᠬᠠᠮᠢᠶᠠᠷᠬᠤ ᠳᠤ ᠬᠢᠯᠪᠠᠷ᠂ ᠵᠠᠰᠠᠭ ᠲᠦᠪᠡᠭ ᠪᠣᠯ ᠢᠯᠵᠢᠷᠡᠬᠦ ᠳᠤ ᠬᠢᠯᠪᠠᠷ᠃ ᠪᠢᠳᠠ ᠲᠠᠯᠪᠢᠬᠤ ᠬᠠᠮᠢᠶᠠᠷᠬᠤ ᠶᠢ ᠤᠶᠠᠯᠳᠤᠭᠤᠯᠬᠤ ᠪᠠ ᠵᠡᠷᠭᠡ ᠪᠠᠷ ᠴᠢᠬᠤᠯᠠᠴᠢᠯᠠᠬᠤ ᠶᠢ ᠪᠠᠷᠢᠮᠲᠠᠯᠠᠵᠤ᠂ ᠢᠳᠡᠭᠡᠨ᠂ ᠡᠮ ᠤᠨ ᠵᠦᠢᠯᠡᠰ᠂ ᠸᠠᠺᠼᠢᠨ ᠵᠡᠷᠭᠡ ᠭᠤᠣᠯᠳᠠᠯᠭ᠎ᠠ ᠲᠠᠢ ᠬᠦᠷᠢᠶᠡᠨ ᠤ ᠬᠢᠨᠠᠯᠲᠠ ᠬᠠᠮᠢᠶᠠᠷᠤᠯᠲᠠ ᠶᠢ ᠴᠢᠩᠭᠠᠳᠬᠠᠵᠤ᠂ ᠶᠠᠰᠤ ᠴᠢᠨᠠᠷ ᠪᠣᠯᠤᠨ ᠠᠮᠤᠷ ᠲᠦᠪᠰᠢᠨ ᠤ ᠬᠤᠷᠢᠭ᠎ᠠ ᠱᠤᠭᠤᠮ ᠢ ᠡᠷᠡᠰ ᠪᠠᠲᠤ ᠰᠠᠬᠢᠪᠠ︔ ᠭᠠᠭᠴᠠᠭᠠᠷ ᠡᠵᠡᠮᠰᠢᠯ ᠢ ᠡᠰᠡᠷᠭᠦᠴᠡᠬᠦ ᠪᠠ ᠵᠦᠢ ᠪᠤᠰᠤ ᠥᠷᠢᠰᠥᠯᠳᠦᠭᠡᠨ ᠢ ᠡᠰᠡᠷᠭᠦᠴᠡᠬᠦ ᠶᠢ ᠴᠢᠩᠭᠠᠳᠬᠠᠵᠤ᠂ ︽ᠬᠤᠶᠠᠷ ᠢ ᠲᠠᠰᠢᠷᠠᠮ ᠪᠠᠷ ᠪᠠᠶᠢᠴᠠᠭᠠᠵᠤ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ᠂ ︽ᠢᠨᠲ᠋ᠧᠷ ᠰᠦᠯᠵᠢᠶ᠎ᠡ + ᠬᠢᠨᠠᠯᠲᠠ ᠬᠠᠮᠢᠶᠠᠷᠤᠯᠲᠠ︾ ᠵᠡᠷᠭᠡ ᠰᠢᠨ᠎ᠡ ᠬᠡᠯᠪᠡᠷᠢ ᠶᠢᠨ ᠬᠢᠨᠠᠯᠲᠠ ᠬᠠᠮᠢᠶᠠᠷᠤᠯᠲᠠ ᠶᠢ ᠭᠦᠨᠵᠡᠭᠡᠶ ᠠᠬᠢᠭᠤᠯᠵᠤ᠂ ᠭᠤᠣᠯᠴᠢ ᠥᠷᠢᠰᠥᠯᠳᠦᠭᠡᠨ ᠢ ᠬᠦᠴᠦᠲᠡᠶ ᠬᠠᠮᠠᠭᠠᠯᠠᠪᠠ᠃ ᠵᠠᠰᠠᠭ ᠳᠥᠭᠦᠮ ᠪᠣᠯ ᠠᠷᠠᠳ ᠲᠤ ᠳᠥᠭᠦᠮ᠂ ᠵᠠᠰᠠᠭ ᠲᠦᠪᠡᠭ ᠪᠣᠯ ᠠᠷᠠᠳ ᠲᠤ ᠶᠠᠷᠰᠢᠭ ᠃ ᠪᠢᠳᠡ ᠨᠡᠩ ᠤᠯᠠᠨ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠰᠦᠯᠵᠢᠶᠡᠨ ᠳᠡᠭᠡᠷ᠎ᠡ ᠭᠦᠢᠴᠡᠳᠬᠡᠬᠦ᠂ ᠠᠯᠠᠭᠠᠨ ᠳᠡᠭᠡᠷ᠎ᠡ ᠭᠦᠢᠴᠡᠳᠬᠡᠬᠦ ᠶᠢ ᠠᠬᠢᠭᠤᠯᠵᠤ᠂ ᠬᠠᠮᠤᠭ ᠤᠨ ᠶᠡᠭᠡ ᠪᠠᠷ ᠠᠵᠤ ᠠᠬᠤᠶᠢᠯᠠᠯ ᠳᠤ ᠠᠰᠢᠭ ᠬᠦᠷᠲᠡᠭᠡᠵᠦ ᠠᠷᠠᠳ ᠲᠤ ᠲᠦᠬᠦᠮ ᠦᠵᠡᠭᠦᠯᠪᠡ᠃ ᠡᠳᠡᠭᠡᠷ ᠥᠭᠡᠷᠡᠴᠢᠯᠡᠯᠲᠡ ᠨᠢ ᠵᠠᠩᠭᠢᠯᠠᠭ᠎ᠠ ᠶᠢᠨ ᠴᠡᠭ ᠢ ᠠᠳᠬᠤᠵᠤ᠂ ᠴᠢᠬᠤᠯᠠ ᠭᠠᠵᠠᠷ ᠢ ᠬᠥᠨᠳᠡᠭᠡᠭᠰᠡᠨ ᠮᠥᠷᠲᠡᠭᠡᠨ ᠢᠯᠡ ᠲᠣᠳᠣ᠂ ᠳᠥᠭᠦᠮ ᠳᠥᠲᠡ᠂ ᠬᠡᠷᠡᠭᠵᠢᠭᠦᠯᠬᠦ ᠳᠤ ᠬᠢᠯᠪᠡᠷ ᠪᠠᠶᠢᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠬᠥᠭᠵᠢᠭᠡᠬᠦ ᠲᠠᠯ᠎ᠠ ᠪᠠᠷ ᠦᠷ᠎ᠡ ᠪᠦᠲᠦᠮᠵᠢ ᠨᠢ ᠡᠳ᠋ ᠤᠨ ᠵᠠᠰᠠᠭ ᠵᠣᠭᠤᠰᠣᠨ ᠤ ᠲᠦᠷᠦ ᠶᠢᠨ ᠪᠤᠳᠤᠯᠭ᠎ᠠ ᠳᠤ ᠣᠷᠣᠭᠤᠯᠤᠭᠰᠠᠨ ᠪᠡᠯᠡ ᠮᠥᠩᠭᠦ ᠠᠴᠠ ᠳᠣᠣᠷ᠎ᠠ ᠦᠭᠡᠢ ᠪᠠᠶᠢᠵᠤ᠂ ᠡᠭᠦᠨ ᠢ ᠮᠠᠰᠢ ᠪᠦᠲᠦᠮᠵᠢᠲᠡᠶ ︽ᠵᠥᠭᠡᠯᠡᠨ ᠣᠷᠣᠭᠤᠯᠤᠯᠲᠠ︾ ᠭᠡᠵᠦ ᠬᠡᠯᠡᠵᠦ ᠪᠣᠯᠤᠨ᠎ᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠨᠢ ᠬᠢᠵᠢᠭ ᠲᠠᠢ ᠲᠡᠮᠡᠴᠡᠬᠦ ᠳᠤᠮᠳᠠ ᠴᠢᠬᠤᠯᠠ ᠦᠢᠯᠡᠳᠦᠯ ᠦᠵᠡᠭᠦᠯᠪᠡ᠃ ᠨᠢᠳᠤᠨᠤᠨ ᠬᠢᠵᠢᠭ ᠤᠨ ᠪᠠᠶᠢᠳᠠᠯ ᠬᠠᠮᠤᠭ ᠤᠨ ᠪᠠᠴᠢᠮ ᠪᠠᠶᠢᠭᠰᠠᠨ ᠦᠶ᠎ᠡ ᠳᠤ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠤᠳ ᠬᠢᠵᠢᠭ ᠢ ᠰᠡᠷᠭᠡᠶᠢᠯᠡᠬᠦ ᠪᠠ ᠡᠮᠴᠢᠯᠡᠭᠡᠨ ᠤ ᠡᠳ᠋ ᠪᠣᠳᠠᠰ ᠤᠨ ᠪᠠᠴᠢᠮ ᠪᠠᠶᠢᠳᠠᠯ ᠢ ᠠᠷᠭᠠᠴᠠᠭᠠᠬᠤ ᠬᠢᠨᠠᠨ ᠵᠥᠪᠰᠢᠶᠡᠷᠡᠯ ᠢ ᠦᠳᠲᠡᠷ ᠲᠦᠷᠭᠡᠨ ᠡᠬᠢᠯᠡᠭᠦᠯᠦᠭᠰᠡᠨ ᠪᠥᠭᠡᠳ ᠬᠢᠷᠢ ᠲᠡᠩᠴᠡᠬᠦ ᠦᠭᠡᠢ ᠦᠢᠯᠡᠳᠬᠦᠨ ᠪᠠ ᠬᠠᠤᠯᠢ ᠪᠤᠰᠤ ᠪᠠᠷ ᠡᠵᠡᠩᠨᠡᠬᠦ ᠠᠵᠢᠯᠯᠠᠭ᠎ᠠ ᠳᠤ ᠴᠢᠩᠭ᠎ᠠ ᠴᠣᠬᠢᠯᠲᠠ ᠥᠭᠴᠦ᠂ ᠠᠮᠠᠪᠴᠢ᠂ ᠬᠠᠮᠠᠭᠠᠯᠠᠯᠲᠠ ᠶᠢᠨ ᠬᠤᠪᠴᠠᠰᠤ ᠵᠡᠷᠭᠡ ᠶᠢᠨ ᠦᠢᠯᠡᠳᠪᠦᠷᠢᠯᠡᠬᠦ ᠴᠢᠳᠠᠪᠤᠷᠢ ᠶᠢᠨ ᠦᠳᠲᠡᠷ ᠲᠦᠷᠭᠡᠨ ᠨᠡᠮᠡᠭᠳᠡᠬᠦ ᠶᠢ ᠠᠬᠢᠭᠤᠯᠪᠠ᠃ ᠬᠢᠵᠢᠭ ᠤᠨ ᠪᠠᠶᠢᠳᠠᠯ ᠤᠨ ᠡᠬᠢᠨ ᠤ ᠬᠤᠭᠤᠴᠠᠭᠠᠨ ᠳᠤ ᠠᠮᠠᠪᠴᠢ ᠶᠢᠨ ᠡᠳᠦᠷ ᠤᠨ ᠭᠠᠷᠤᠯᠲᠠ 600 ᠲᠦᠮᠡ ᠯᠡ ᠪᠠᠶᠢᠭᠰᠠᠨ ᠪᠣᠯᠪᠠᠴᠤ ᠤᠳᠠᠯ ᠦᠭᠡᠶ ᠨᠡᠮᠡᠭᠳᠡᠵᠦ᠂ ᠣᠳᠣᠬᠠᠨ ᠳᠤ ᠡᠳᠦᠷ ᠤᠨ ᠦᠢᠯᠡᠳᠪᠦᠷᠢᠯᠡᠬᠦ ᠴᠢᠳᠠᠪᠤᠷᠢ ᠨᠢ ᠨᠢᠭᠡᠨᠲᠡ 12 ᠳ᠋ᠦᠩᠰᠢᠭᠤᠷ ᠢ ᠳᠠᠪᠠᠵᠠᠶ᠃ ᠣᠯᠠᠨ ᠵᠢᠯ ᠤᠨ ᠲᠤᠷᠰᠢ ︽ᠲᠠᠯᠪᠢᠬᠤ ᠬᠠᠮᠢᠶᠠᠷᠬᠤ ᠦᠢᠯᠡᠴᠢᠯᠡᠬᠦ︾ ᠵᠡᠷᠭᠡ ᠭᠤᠤᠯᠳᠠᠯᠭ᠎ᠠ ᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠰᠢᠨ᠎ᠡ ᠠᠵᠤ ᠦᠢᠯᠡᠰ ᠰᠢᠨ᠎ᠡ ᠡᠵᠡᠩᠨᠡᠯᠲᠡ ᠶᠢᠨ ᠪᠠᠶᠢᠳᠠᠯ ᠰᠢᠨ᠎ᠡ ᠵᠠᠭᠪᠤᠷ ᠤᠨ ᠲᠦᠷᠭᠡᠨ ᠪᠤᠶᠢᠵᠢᠯᠲᠠ ᠳᠤ ᠬᠦᠴᠦᠨ ᠨᠡᠮᠡᠷᠢᠯᠡᠵᠦ᠂ ᠰᠦᠯᠵᠢᠶ᠎ᠡ ᠪᠠᠷ ᠪᠠᠷᠠᠭ᠎ᠠ ᠬᠤᠳᠠᠯᠳᠤᠨ ᠠᠪᠬᠤ᠂ ᠠᠯᠤᠰ ᠠᠴᠠ ᠠᠯᠪᠠᠯᠠᠬᠤ᠂ ᠰᠦᠯᠵᠢᠶᠡᠨ ᠳᠡᠭᠡᠷ᠎ᠡ ᠵᠢᠭᠠᠨ ᠰᠤᠷᠭᠠᠯᠲᠠ ᠬᠢᠭᠡᠳ ᠡᠮᠴᠢᠯᠡᠭᠡ ᠵᠡᠷᠭᠡ ᠲᠠᠯ᠎ᠠ ᠪᠠᠷ ᠦᠯᠦ ᠬᠦᠷᠦᠯᠴᠡᠬᠦ ᠦᠢᠯᠡᠴᠢᠯᠡᠭᠡ ᠬᠠᠩᠭᠠᠵᠤ᠂ ᠣᠯᠠᠨ ᠲᠦᠮᠡᠨ ᠤ ᠠᠮᠢᠳᠤᠷᠠᠯ᠂ ᠠᠵᠢᠯ ᠪᠠ ᠰᠤᠷᠤᠯᠴᠠᠯᠭ᠎ᠠ ᠳᠤ ᠲᠥᠬᠦᠮ ᠦᠵᠡᠭᠦᠯᠪᠡ᠃ ᠡᠳᠡᠭᠡᠷ ᠨᠢ ᠬᠢᠵᠢᠭ ᠲᠠᠢ ᠲᠡᠮᠡᠴᠡᠭᠰᠡᠨ ᠪᠠ ᠰᠡᠷᠭᠡᠶᠢᠯᠡᠨ ᠬᠤᠷᠢᠭᠯᠠᠭᠰᠠᠨ ᠦᠷ᠎ᠡ ᠪᠦᠲᠦᠭᠡᠯ ᠢ ᠪᠠᠬᠢᠵᠢᠭᠦᠯᠬᠦ ᠶᠢ ᠬᠦᠴᠦᠲᠡᠶ ᠠᠬᠢᠭᠤᠯᠵᠤ᠂ ᠬᠡᠪ ᠤᠨ ᠦᠢᠯᠡᠳᠪᠦᠷᠢᠯᠡᠯ ᠠᠮᠢᠳᠤᠷᠠᠯ ᠤᠨ ᠡᠮᠬᠢ ᠵᠢᠷᠤᠮ ᠢ ᠬᠠᠮᠠᠭᠠᠯᠠᠪᠠ᠃ ᠡᠯ᠎ᠡ ᠭᠠᠵᠠᠷ ᠣᠷᠣᠨ ᠨᠢ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠢᠳᠡᠪᠬᠢᠲᠡᠶ ᠬᠠᠶᠢᠨ ᠰᠦᠪᠡᠭᠴᠢᠯᠡᠵᠦ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠪᠠᠷ ᠨᠡᠶᠢᠳᠡᠮ ᠳᠤ ᠪᠠᠨ ᠠᠵᠢᠯ ᠤᠨ ᠭᠤᠤᠯᠳᠠᠯᠭ᠎ᠠ ᠪᠠᠨ ᠪᠣᠯᠭᠠᠵᠤ᠂ ᠮᠠᠰᠢ ᠣᠯᠠᠨ ᠬᠦᠷᠢᠶᠡᠨ ᠳᠤ ︽ᠭᠠᠭᠴᠠ ᠵᠦᠢᠯ ᠤᠨ ᠮᠠᠩᠯᠠᠶ︾᠂ ︽ᠨᠢᠭᠡ ᠠᠵᠢᠯ ᠳᠤ ᠨᠢᠭᠡ ᠦᠨᠡᠮᠯᠡᠯ︾᠂ ᠠᠵᠤ ᠠᠬᠤᠶᠢᠯᠠᠯ ᠳᠤ ᠠᠰᠢᠭ ᠬᠦᠷᠲᠡᠭᠡᠬᠦ ᠲᠥᠷᠥ ᠶᠢᠨ ᠪᠣᠳᠣᠯᠭ᠎ᠠ ᠶᠢᠨ ︽ᠭᠤᠶᠤᠴᠢᠯᠠᠬᠤ ᠥᠬᠡᠶ ᠪᠠᠷ ᠡᠳ᠋ᠯᠡᠬᠦ︾᠂ ᠲᠦᠭᠰᠢᠭᠦᠷᠢ ᠶᠣᠰᠣᠭᠠᠷ ᠲᠠᠰ ᠬᠤᠪᠢᠶᠠᠨ ᠲᠥᠷᠥᠯ ᠠᠩᠭᠢᠯᠠᠵᠤ ᠬᠢᠨᠠᠨ ᠬᠠᠮᠢᠶᠠᠷᠬᠤ ᠵᠡᠷᠭᠡ ᠰᠢᠨ᠎ᠡ ᠠᠷᠭ᠎ᠠ ᠬᠡᠮᠵᠢᠶ᠎ᠡ ᠶᠢ ᠡᠭᠦᠳᠴᠦ᠂ ᠠᠵᠤ ᠠᠬᠤᠶᠢᠯᠠᠯ ᠪᠠ ᠣᠯᠠᠨ ᠲᠦᠮᠡᠨ ᠤ ᠥᠷᠭᠡᠨ ᠬᠦᠷᠢᠶᠡᠯᠡᠯ ᠢ ᠣᠯᠪᠠ᠃ ︵ᠭᠤᠷᠪᠠ︶ ᠠᠵᠤ ᠠᠬᠤᠶᠢᠯᠠᠯ ᠢ ᠬᠠᠪᠰᠤᠷᠤᠨ ᠬᠦᠴᠢᠷᠳᠡᠯ ᠢ ᠨᠢ ᠰᠢᠢᠳᠪᠦᠷᠢᠯᠡᠬᠦ ᠪᠠ ᠠᠮᠢᠵᠢᠷᠠᠯ ᠤᠨ ᠬᠦᠴᠦᠨ ᠢ ᠨᠢ ᠬᠥᠭᠵᠢᠭᠡᠬᠦ ᠶᠢ ᠵᠡᠷᠭᠡ ᠪᠠᠷ ᠴᠢᠬᠤᠯᠠᠴᠢᠯᠠᠵᠤ᠂ ᠶᠡᠭᠡ ᠬᠡᠮᠵᠢᠶᠡᠨ ᠤ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠬᠦᠴᠦᠲᠡᠶ ᠪᠠᠲᠤᠯᠠᠵᠤ ᠨᠡᠮᠡᠭᠳᠡᠭᠦᠯᠪᠡ᠃ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠠᠵᠢᠯ ᠣᠯᠭᠤᠯᠲᠠ ᠪᠠ ᠠᠵᠤ ᠠᠬᠤᠶ ᠶᠢᠨ ᠦᠨᠳᠦᠰᠦᠨ ᠪᠠᠶᠢᠳᠠᠯ ᠢ ᠲᠣᠭᠲᠠᠪᠤᠷᠢᠵᠢᠭᠤᠯᠬᠤ ᠬᠦᠴᠦᠲᠡᠶ ᠲᠦᠰᠢᠭ ᠮᠥᠨ᠃ ᠨᠢᠳᠤᠨᠤᠨ ᠤ ᠲᠡᠶᠢᠮᠦ ᠬᠦᠴᠢᠷ ᠲᠠᠢ ᠪᠠᠶᠢᠳᠠᠯ ᠳᠣᠣᠷ᠎ᠠ᠂ ᠰᠢᠨ᠎ᠡ ᠪᠠᠷ ᠪᠠᠶᠢᠭᠤᠯᠤᠭᠳᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠲᠤᠭ᠎ᠠ ᠨᠢᠭᠡᠳᠦᠭᠡᠷ ᠤᠯᠠᠷᠢᠯ ᠳᠤ ᠢᠯᠡᠳᠲᠡ ᠪᠠᠭᠤᠷᠠᠭᠰᠠᠨ ᠪᠣᠯᠪᠠᠴᠤ ᠪᠦᠬᠦ ᠵᠢᠯ ᠳᠤ ᠮᠥᠨ 2500 ᠭᠠᠷᠤᠶ ᠲᠦᠮᠡᠨ ᠡᠷᠦᠭᠡ ᠳᠤ ᠬᠦᠷᠴᠦ᠂ ᠰᠥᠷᠭᠡᠦ ᠨᠡᠮᠡᠭᠳᠡᠯ ᠢᠯᠡᠷᠡᠪᠡ︔ ᠡᠨᠡ ᠵᠢᠯ ᠤᠨ ᠲᠦᠷᠦᠭᠦᠦ 4 ᠰᠠᠷ᠎ᠠ ᠳᠤ ᠦᠷᠭᠦᠯᠵᠢᠯᠡᠨ ᠳᠡᠭᠡᠳᠦ ᠬᠤᠷᠳᠤᠴᠠ ᠪᠠᠷ ᠨᠡᠮᠡᠭᠳᠡᠬᠦ ᠶᠢ ᠪᠠᠲᠤᠯᠠᠵᠤ᠂ 900 ᠲᠦᠮᠡ ᠰᠢᠬᠠᠮ ᠵᠠᠬ᠎ᠠ ᠳᠡᠯᠭᠡᠭᠦᠷ ᠤᠨ ᠭᠤᠣᠯ ᠴᠣᠭᠴᠠ ᠰᠢᠨ᠎ᠡ ᠪᠠᠷ ᠪᠠᠶᠢᠭᠤᠯᠤᠭᠳᠠᠪᠠ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠠᠲᠤᠯᠠᠪᠠᠯ ᠠᠵᠢᠯ ᠣᠯᠭᠤᠯᠲᠠ ᠶᠢ ᠲᠣᠭᠲᠠᠪᠤᠷᠢᠵᠢᠭᠤᠯᠵᠤ ᠴᠢᠳᠠᠨ᠎ᠠ᠃ ᠨᠢᠳᠤᠨᠤᠨ ᠬᠤᠲᠠ ᠪᠠᠯᠭᠠᠰᠤᠨ ᠤ 1186 ᠲᠦᠮᠡᠨ ᠬᠥᠮᠦᠨ ᠳᠤ ᠰᠢᠨ᠎ᠡ ᠪᠠᠷ ᠠᠵᠢᠯ ᠣᠯᠭᠤᠵᠤ᠂ ᠬᠤᠲᠠ ᠪᠠᠯᠭᠠᠰᠤᠨ ᠤ ᠪᠠᠶᠢᠴᠠᠭᠠᠭᠰᠠᠨ ᠠᠵᠢᠯ ᠠᠯᠳᠠᠭᠰᠠᠨ ᠨᠤᠷᠮ᠎ᠠ ᠬᠠᠮᠤᠭ ᠤᠨ ᠥᠨᠳᠥᠷ ᠦᠶ᠎ᠡ ᠪᠣᠯᠬᠤ 2 ᠳ᠋ᠤᠭᠠᠷ ᠰᠠᠷ᠎ᠠ ᠳᠤ 6.2% ᠪᠠᠶᠢᠭᠰᠠᠨ ᠠᠴᠠ ᠪᠠᠨ ᠵᠢᠯ ᠤᠨ ᠡᠴᠦᠰ ᠲᠤ 5.2% ᠪᠤᠯᠵᠤ ᠪᠠᠭᠤᠷᠠᠪᠠ᠃ ᠠᠵᠢᠯ ᠣᠯᠪᠠᠯ ᠣᠷᠣᠯᠭ᠎ᠠ ᠣᠯᠣᠨ᠎ᠠ᠃ ᠨᠢᠳᠤᠨᠤᠨ ᠪᠦᠬᠦ ᠤᠯᠤᠰ ᠤᠨ ᠰᠠᠭᠤᠭᠠᠯᠢ ᠠᠷᠠᠳ ᠤᠨ ᠬᠥᠮᠦᠨ ᠳᠤᠮᠳᠠᠴᠢ ᠡᠵᠡᠮᠳᠡᠵᠦ ᠪᠣᠯᠬᠤ ᠣᠷᠣᠯᠭ᠎ᠠ ᠪᠣᠳᠠᠲᠠᠢ ᠪᠠᠷ 2. 1% ᠪᠠᠷ ᠨᠡᠮᠡᠭᠳᠡᠵᠦ᠂ ᠠᠵᠤ ᠠᠬᠤᠢ ᠶᠢᠨ ᠨᠡᠮᠡᠭᠳᠡᠯ ᠲᠠᠢ ᠦᠨᠳᠦᠰᠦᠨ ᠳᠤ ᠪᠠᠨ ᠠᠯᠬᠤᠮ ᠨᠢᠭᠡᠳᠴᠡᠢ᠃ ᠰᠢᠨ᠎ᠡ ᠪᠠᠷ ᠪᠠᠶᠢᠭᠤᠯᠤᠭᠳᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠨᠢ ᠮᠠᠰᠢ ᠲᠦᠷᠭᠡᠨ ᠢᠶᠠᠷ ᠭᠠᠶᠢᠯᠢ ᠲᠠᠲᠠᠪᠤᠷᠢ ᠶᠢᠨ ᠴᠢᠬᠤᠯᠠ ᠢᠷᠡᠯᠳᠡ ᠪᠣᠯᠪᠠ᠃ 2013 ᠣᠨ ᠳᠤ᠂ ᠪᠥᠬᠦ ᠤᠯᠤᠰ ᠤᠨ ᠰᠢᠨ᠎ᠡ ᠪᠠᠷ ᠡᠷᠭᠢᠯᠡᠭᠰᠡᠨ ᠭᠠᠶᠢᠯᠢ ᠳᠤ ᠬᠤᠯᠪᠣᠭᠳᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠲᠣᠰ ᠵᠢᠯ ᠳᠤ ᠪᠠᠨ 1600 ᠳ᠋ᠦᠩᠰᠢᠭᠤᠷ ᠲᠥᠭᠦᠷᠢᠭ ᠤᠨ ᠭᠠᠶᠢᠯᠢ ᠲᠤᠰᠢᠶᠠᠵᠠᠶ︔ ᠨᠢᠳᠤᠨᠤᠨ ᠪᠣᠯᠬᠤ ᠳᠤ᠂ ᠣᠶᠢᠷ᠎ᠠ ᠶᠢᠨ ᠬᠡᠳᠦᠨ ᠵᠢᠯ ᠳᠤ ᠰᠢᠨ᠎ᠡ ᠪᠠᠷ ᠡᠷᠭᠢᠯᠡᠭᠰᠡᠨ ᠭᠠᠶᠢᠯᠢ ᠳᠤ ᠬᠤᠯᠪᠣᠭᠳᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠭᠠᠶᠢᠯᠢ ᠲᠤᠰᠢᠶᠠᠭᠰᠠᠨ ᠬᠡᠮᠵᠢᠶ᠎ᠡ ᠨᠡᠶᠢᠲᠡ 3.82 ᠲᠦᠮᠡᠨ ᠳ᠋ᠦᠩᠰᠢᠭᠤᠷ ᠲᠥᠭᠦᠷᠢᠭ ᠲᠤ ᠬᠦᠷᠴᠦ᠂ ᠨᠢᠳᠤᠨᠤᠨ ᠤ ᠪᠥᠬᠦ ᠤᠯᠤᠰ ᠤᠨ ᠭᠠᠶᠢᠯᠢ ᠶᠢᠨ ᠣᠷᠣᠯᠭ᠎ᠠ ᠶᠢᠨ 1/4 ᠶᠢ ᠳᠠᠪᠠᠭᠰᠠᠨ ᠪᠥᠭᠡᠳ ᠨᠢᠳᠤᠨᠤᠨ ᠤ ᠰᠢᠨ᠎ᠡ ᠪᠠᠷ ᠨᠡᠮᠡᠭᠳᠡᠭᠰᠡᠨ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠤᠭᠰᠠᠨ ᠬᠡᠪᠴᠢᠶ᠎ᠡ ᠠᠴᠠ ᠴᠦ ᠳᠠᠪᠠᠪᠠ᠃ ᠤᠯᠠᠨ ᠳᠠᠪᠬᠤᠷ ᠬᠦᠨᠳᠦ ᠨᠣᠴᠢᠲᠠᠢ ᠲᠠᠭᠠᠷᠢᠯᠳᠠ ᠶᠢᠨ ᠡᠮᠦᠨ᠎ᠡ᠂ ᠳ᠋ᠦᠩᠰᠢᠭᠤᠷ ᠭᠠᠷᠤᠢ ᠵᠠᠬ᠎ᠠ ᠳᠡᠯᠭᠡᠭᠦᠷ ᠤᠨ ᠭᠤᠣᠯ ᠴᠣᠭᠴᠠ ᠨᠢ ᠬᠦᠴᠦᠷᠬᠡᠭ ᠶᠡᠭᠡ ᠤᠶᠠᠨ ᠬᠠᠳᠠᠨ ᠴᠢᠨᠠᠷ ᠢ ᠢᠯᠡᠷᠡᠭᠦᠯᠪᠡ᠃ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠴᠢᠬᠤᠯᠠ ᠬᠦᠴᠦᠨ ᠪᠠᠶᠢᠵᠤ᠂ ᠠᠷᠠᠳ ᠲᠦᠮᠡᠨ ᠪᠣᠯ ᠵᠢᠩᠬᠢᠨᠢ ᠪᠠᠭᠠᠲᠤᠷ ᠮᠥᠨ ᠭᠡᠳᠡᠭ ᠢ ᠦᠢᠯᠡᠳᠦᠯᠭᠡ ᠭᠡᠷᠡᠴᠢᠯᠡᠪᠡ᠃ ᠡᠨᠡ ᠵᠢᠯ ᠠᠴᠠ ᠨᠠᠭᠠᠰᠢ ᠮᠠᠨ ᠤ ᠤᠯᠤᠰ ᠤᠨ ᠠᠵᠤ ᠠᠬᠤᠶ ᠶᠢᠨ ᠠᠵᠢᠯᠯᠠᠭᠠᠨ ᠦᠷᠭᠦᠯᠵᠢᠯᠡᠨ ᠲᠣᠭᠲᠠᠭᠤᠨ ᠳᠤᠮᠳᠠ ᠪᠠᠬᠢᠵᠢᠵᠦ᠂ ᠲᠣᠭᠲᠠᠭᠤᠨ ᠳᠤᠮᠳᠠ ᠰᠠᠶᠢᠵᠢᠷᠠᠭᠰᠠᠨ ᠪᠣᠯᠪᠠᠴᠤ ᠤᠯᠤᠰ ᠤᠨ ᠳᠣᠲᠣᠭᠠᠳᠤ ᠭᠠᠳᠠᠭᠠᠳᠤ ᠶᠢᠨ ᠣᠷᠴᠢᠨ ᠨᠥᠬᠦᠴᠡᠯ ᠮᠥᠨ ᠬᠦ ᠨᠠᠷᠢᠨ ᠪᠤᠳᠤᠯᠢᠶᠠᠨᠲᠠᠶ ᠪᠥᠭᠡᠳ ᠬᠦᠨᠳᠦ ᠬᠡᠴᠡᠭᠦᠦ ᠪᠠᠶᠢᠨ᠎ᠠ᠃ ᠪᠦᠬᠦ ᠪᠥᠮᠪᠥᠷᠴᠡᠭ ᠤᠨ ᠬᠢᠵᠢᠭ ᠤᠨ ᠪᠠᠶᠢᠳᠠᠯ ᠮᠥᠨ ᠯᠡ ᠦᠷᠭᠦᠯᠵᠢᠯᠡᠵᠦ᠂ ᠥᠷᠭᠡᠨ ᠬᠡᠷᠡᠭᠴᠡᠭᠡᠨ ᠤ ᠲᠠᠸᠠᠷ ᠤᠨ ᠦᠨ᠎ᠡ ᠥᠰᠴᠦ᠂ ᠵᠣᠭᠤᠰ ᠮᠠᠭᠤᠳᠠᠯ ᠵᠢᠱᠢᠯᠲᠡ ᠠᠴᠠ ᠳᠡᠭᠡᠭᠰᠢᠯᠡᠵᠦ ᠪᠠᠶᠢᠨ᠎ᠠ᠃ ᠤᠯᠤᠰ ᠤᠨ ᠳᠣᠲᠣᠭᠠᠳᠤ ᠶᠢᠨ ᠠᠵᠤ ᠠᠬᠤᠶ ᠶᠢᠨ ᠰᠡᠷᠭᠦᠯᠲᠡ ᠪᠠᠰᠠ ᠲᠡᠩᠴᠡᠭᠦᠷᠢ ᠦᠭᠡᠢ ᠪᠠᠶᠢᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠢᠯᠠᠩᠭᠤᠶ᠎ᠠ ᠳᠤᠮᠳᠠ ᠵᠢᠵᠢᠭ ᠪᠢᠴᠢᠯ ᠠᠵᠤ ᠠᠬᠤᠶᠢᠯᠠᠯ ᠪᠠ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠴᠥᠭᠡᠨ ᠪᠤᠰᠤ ᠬᠦᠴᠢᠷᠳᠡᠯ ᠳᠤ ᠲᠤᠯᠭᠠᠷᠠᠭᠰᠠᠭᠠᠷ ᠪᠠᠶᠢᠨ᠎ᠠ᠃ ᠠᠵᠢᠯ ᠣᠯᠭᠤᠯᠲᠠ ᠶᠢᠨ ᠳᠠᠷᠤᠯᠲᠠ ᠮᠥᠨ ᠯᠡ ᠨᠡᠯᠢᠶᠡᠳ ᠶᠡᠭᠡ ᠪᠠᠶᠢᠵᠤ᠂ ᠵᠥᠪᠬᠡᠨ ᠶᠡᠭᠡ ᠳᠡᠭᠡᠳᠦ ᠰᠤᠷᠭᠠᠭᠤᠯᠢ ᠲᠡᠭᠦᠰᠦᠭᠰᠡᠨ ᠰᠣᠷᠣᠭᠴᠢ 909 ᠲᠦᠮᠡ ᠳᠤ ᠬᠦᠷᠴᠡᠶ᠃ ᠬᠡᠳᠦ᠋ᠢᠪᠡᠷ 4 ᠳ᠋ᠦ᠋ᠭᠡᠷ ᠰᠠᠷ᠎ᠠ ᠳᠤ ᠪᠥᠬᠦ ᠤᠯᠤᠰ ᠤᠨ ᠬᠤᠲᠠ ᠪᠠᠯᠭᠠᠰᠤᠨ ᠤ ᠪᠠᠶᠢᠴᠠᠭᠠᠯᠲᠠ ᠶᠢᠨ ᠠᠵᠢᠯ ᠠᠯᠳᠠᠭᠰᠠᠨ ᠨᠣᠷᠮ᠎ᠠ ᠨᠢᠭᠡᠨᠲᠡ 5.1% ᠪᠣᠯᠲᠠᠯ᠎ᠠ ᠪᠠᠭᠤᠷᠠᠭᠰᠠᠨ ᠴᠤ 8 ᠮᠤᠵᠢ ᠣᠷᠣᠨ ᠳᠤ 6% ᠶᠢ ᠳᠠᠪᠠᠪᠠ᠃ ᠪᠢᠳᠡ ᠦᠷᠭᠦᠯᠵᠢᠯᠡᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠩᠬᠠᠷᠤᠯ ᠤᠨ ᠲᠣᠭᠤᠷᠢᠨ ᠳᠤ ᠬᠤᠷᠸ᠎ᠠ ᠲᠦᠷᠦ ᠶᠢᠨ ᠪᠤᠳᠤᠯᠭ᠎ᠠ ᠶᠢ ᠰᠢᠨᠵᠢᠯᠡᠬᠦ ᠤᠬᠠᠭᠠᠨᠴᠢ ᠪᠠᠷ ᠨᠠᠷᠢᠯᠢᠭ ᠣᠨᠣᠴᠠᠲᠠᠶ ᠬᠡᠷᠡᠭᠵᠢᠭᠦᠯᠵᠦ᠂ ᠪᠠᠶᠢᠩᠭᠤᠵᠢᠭᠰᠠᠨ ᠡᠳ᠋ ᠤᠨ ᠵᠠᠰᠠᠭ ᠤᠨ ᠪᠡᠯᠡ ᠮᠥᠩᠭᠦ ᠶᠢ ᠰᠢᠭᠤᠳ ᠬᠦᠷᠭᠡᠬᠦ ᠲᠣᠭᠲᠠᠴᠠ ᠪᠠ ᠵᠣᠭᠤᠰᠣᠨ ᠤ ᠲᠦᠷᠦ ᠶᠢᠨ ᠪᠤᠳᠤᠯᠭ᠎ᠠ ᠶᠢᠨ ᠰᠢᠭᠤᠳ ᠬᠦᠷᠭᠡᠬᠦ ᠪᠠᠭᠠᠵᠢ ᠶᠢ ᠰᠠᠶᠢᠲᠤᠷ ᠨᠠᠶᠢᠳᠠᠪᠤᠷᠢᠵᠢᠭᠤᠯᠬᠤ ᠶᠢᠨ ᠳᠠᠭᠠᠤ ᠳᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠵᠡᠷᠭᠡ ᠭᠤᠣᠯᠳᠠᠯᠭ᠎ᠠ ᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠬᠠᠪᠰᠤᠷᠤᠨ ᠤᠯᠠᠮ ᠨᠢᠭᠡ ᠠᠯᠬᠤᠮ ᠲᠠᠮᠢᠷ ᠲᠡᠩᠬᠡᠭᠡ ᠶᠢ ᠨᠢ ᠰᠡᠷᠭᠦᠭᠡᠵᠦ᠂ ᠠᠵᠤ ᠠᠬᠤᠶ ᠶᠢᠨ ᠬᠥᠭᠵᠢᠯᠲᠡ ᠶᠢᠨ ᠬᠥᠳᠡᠯᠭᠡᠬᠦ ᠬᠦᠴᠦᠨ ᠢ ᠴᠢᠩᠭᠠᠷᠠᠭᠤᠯᠵᠤ᠂ ᠠᠵᠤ ᠠᠬᠤᠶ ᠶᠢᠨ ᠠᠵᠢᠯᠯᠠᠭᠠᠨ ᠢ ᠵᠦᠢ ᠵᠣᠬᠢᠰᠲᠠᠶ ᠣᠷᠣᠨ ᠪᠠᠶᠢᠷᠢ ᠳᠤ ᠪᠠᠶᠢᠯᠭᠠᠬᠤ ᠶᠢ ᠪᠠᠲᠤᠯᠠᠬᠤ ᠶᠢᠨ ᠬᠠᠮᠲᠤ ᠬᠤᠶᠢᠰᠢᠳᠠ ᠶᠢᠨ ᠬᠥᠭᠵᠢᠯᠲᠡ ᠳᠤ ᠪᠠᠲᠤ ᠪᠠᠬᠢ ᠰᠠᠭᠤᠷᠢ ᠶᠢ ᠲᠠᠯᠪᠢᠬᠤ ᠬᠡᠷᠡᠭᠲᠡᠢ᠃ ᠠᠵᠤ ᠠᠬᠤᠶ ᠶᠢᠨ ᠨᠡᠮᠡᠭᠳᠡᠯ ᠤᠨ ᠲᠣᠭᠲᠠᠭᠤᠨ ᠰᠡᠷᠭᠦᠯᠲᠡ ᠶᠢ ᠦᠨᠳᠦᠰᠦᠯᠡᠨ᠂ ᠡᠨᠡ ᠵᠢᠯ ᠪᠢᠳᠡ ᠱᠠᠳᠤᠴᠢ ᠴᠢᠨᠠᠷᠲᠠᠶ ᠪᠠᠴᠢᠮ ᠪᠠᠶᠢᠳᠠᠯ ᠢ ᠠᠷᠭᠠᠴᠠᠭᠠᠬᠤ ᠬᠡᠰᠡᠭ ᠲᠦᠷᠦ ᠶᠢᠨ ᠪᠤᠳᠤᠯᠭ᠎ᠠ ᠶᠢ ᠳᠠᠬᠢᠵᠤ ᠬᠡᠷᠡᠭᠵᠢᠭᠦᠯᠬᠦ ᠦᠭᠡᠢ᠂ ᠭᠡᠪᠡᠴᠦ ᠣᠭᠵᠣᠮ ᠡᠷᠭᠢᠯᠲᠡ ᠬᠢᠭᠰᠡᠨ ᠶᠠᠪᠤᠳᠠᠯ ᠪᠢᠰᠢ᠂ ᠬᠠᠷᠢᠨ ᠪᠦᠲᠦᠴᠡ ᠶᠢᠨ ᠴᠢᠨᠠᠷᠲᠠᠶ ᠪᠠᠷ ᠭᠠᠶᠢᠯᠢ ᠶᠢ ᠬᠥᠩᠭᠡᠯᠡᠬᠦ ᠵᠡᠷᠭᠡ ᠲᠤᠯᠭᠠᠨ ᠬᠠᠰᠤᠬᠤ ᠰᠢᠨ᠎ᠡ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠪᠥᠭᠡᠳ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠳᠤ ᠦᠵᠡᠭᠦᠯᠬᠦ ᠲᠦᠭᠡᠮᠡᠯ ᠬᠠᠷᠠᠭᠠᠯᠵᠠᠯᠳᠤ ᠮᠥᠩᠭᠦᠨ ᠭᠦᠢᠯᠭᠡᠭᠡᠨ ᠤ ᠳᠡᠮᠵᠢᠯᠭᠡ ᠶᠢ ᠨᠡᠮᠡᠭᠳᠡᠭᠦᠯᠪᠡ᠃ ᠶᠡᠷᠦᠩᠬᠡᠶ ᠳᠤ ᠨᠢ ᠦᠵᠡᠪᠡᠯ ᠡᠳᠡᠭᠡᠷ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠭᠰᠠᠨ ᠨᠢ ᠨᠡᠯᠢᠶᠡᠳ ᠰᠠᠶᠢᠨ ᠪᠠᠶᠢᠨ᠎ᠠ᠂ ᠭᠡᠪᠡᠴᠦ ᠠᠵᠤ ᠠᠬᠤᠶᠢᠯᠠᠯ ᠤᠳ ᠤᠨ ᠲᠤᠰᠬᠠᠭᠰᠠᠨ ᠢᠶᠠᠷ᠂ ᠲᠦᠷᠦ ᠶᠢᠨ ᠪᠤᠳᠤᠯᠭ᠎ᠠ ᠶᠢ ᠮᠡᠳᠡᠬᠦ ᠦᠭᠡᠢ᠂ ᠭᠤᠶᠤᠴᠢᠯᠠᠬᠤ ᠭᠠᠷᠳᠠᠮ ᠬᠠᠷᠢᠴᠠᠩᠭᠤᠢ ᠪᠤᠳᠤᠯᠢᠶᠠᠨᠲᠠᠶ ᠵᠡᠷᠭᠡ ᠰᠢᠯᠲᠠᠭᠠᠨ ᠠᠴᠠ ᠪᠤᠯᠵᠤ᠂ ᠲᠦᠷᠦ ᠶᠢᠨ ᠪᠤᠳᠤᠯᠭ᠎ᠠ ᠶᠢᠨ ᠠᠰᠢᠭᠲᠠᠢ ᠲᠠᠯ᠎ᠠ ᠶᠢ ᠣᠯᠵᠤ ᠡᠳ᠋ᠯᠡᠬᠦ ᠦᠭᠡᠢ ᠪᠠᠶᠢᠨ᠎ᠠ ᠭᠡᠪᠡ᠃ ᠦᠢᠯᠡᠴᠢᠯᠡᠭᠡᠨ ᠤ ᠤᠬᠠᠮᠰᠠᠷ ᠢᠶᠠᠨ ᠴᠢᠨᠠᠭᠰᠢᠳᠠ ᠴᠢᠩᠭᠠᠳᠬᠠᠵᠤ᠂ ᠲᠦᠷᠦ ᠶᠢᠨ ᠪᠤᠳᠤᠯᠭ᠎ᠠ ᠶᠢ ᠤᠬᠠᠭᠤᠯᠤᠨ ᠲᠠᠨᠢᠯᠴᠠᠭᠤᠯᠬᠤ ᠡᠷᠴᠢᠮ ᠢᠶᠠᠨ ᠴᠢᠩᠭᠠᠷᠠᠭᠤᠯᠵᠤ᠂ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠬᠤ ᠲᠣᠭᠲᠠᠴᠠ ᠶᠢ ᠰᠢᠯᠢᠳᠡᠭᠵᠢᠭᠦᠯᠵᠦ᠂ ᠤᠳᠤ ᠦᠶ᠎ᠡ ᠶᠢᠨ ᠮᠡᠳᠡᠭᠡ ᠵᠠᠩᠭᠢ ᠶᠢᠨ ᠮᠡᠷᠭᠡᠵᠢᠯ ᠢ ᠰᠠᠶᠢᠲᠤᠷ ᠬᠡᠷᠡᠭᠯᠡᠵᠦ᠂ ︽ᠬᠥᠮᠦᠨ ᠨᠢ ᠲᠦᠷᠦ ᠶᠢᠨ ᠪᠤᠳᠤᠯᠭ᠎ᠠ ᠶᠢ ᠡᠷᠢᠬᠦ︾ ᠶᠢ ︽ᠲᠦᠷᠦ ᠶᠢᠨ ᠪᠤᠳᠤᠯᠭ᠎ᠠ ᠨᠢ ᠬᠥᠮᠦᠨ ᠢ ᠡᠷᠢᠬᠦ︾ ᠪᠣᠯᠭᠠᠬᠤ ᠪᠠᠷ ᠴᠢᠷᠮᠠᠶᠢᠵᠤ᠂ ᠠᠵᠤ ᠠᠬᠤᠶᠢᠯᠠᠯ ᠳᠤ ᠠᠰᠢᠭ ᠬᠦᠷᠲᠡᠭᠡᠬᠦ ᠲᠦᠷᠦ ᠶᠢᠨ ᠪᠤᠳᠤᠯᠭ᠎ᠠ ᠶᠢ ᠡᠳ᠋ᠯᠡᠪᠡᠰᠦ ᠵᠣᠬᠢᠬᠤ ᠳᠤ ᠨᠢ ᠪᠦᠬᠦᠨ ᠢ ᠡᠳ᠋ᠯᠡᠭᠦᠯᠬᠦ᠂ ᠲᠦᠷᠭᠡᠨ ᠨᠠᠶᠢᠳᠠᠪᠤᠷᠢᠵᠢᠭᠤᠯᠬᠤ ᠶᠢ ᠠᠬᠢᠭᠤᠯᠬᠤ ᠬᠡᠷᠡᠭᠲᠡᠢ᠃ ᠬᠤᠶᠠᠷ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠤᠶᠢᠵᠢᠭᠤᠯᠤᠨ ᠪᠤᠵᠠᠭᠠᠶᠢᠷᠠᠭᠤᠯᠬᠤ ᠲᠠᠯ᠎ᠠ ᠪᠠᠷ ᠬᠦᠴᠦᠯᠡᠵᠦ᠂ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠪᠠ ᠨᠡᠶᠢᠭᠡᠮ ᠤᠨ ᠪᠦᠲᠦᠭᠡᠯᠴᠢ ᠬᠦᠴᠦᠨ ᠢ ᠨᠡᠩ ᠶᠡᠭᠡ ᠪᠠᠷ ᠬᠥᠭᠵᠢᠭᠡᠨ᠎ᠡ ᠠᠵᠤ ᠠᠬᠤᠢ ᠶᠢᠨ ᠬᠥᠭᠵᠢᠯᠲᠡ ᠶᠢᠨ ᠰᠠᠭᠤᠷᠢ ᠨᠢ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠪᠤᠢ᠃ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠶ ᠶᠢ ᠬᠥᠭᠵᠢᠭᠦᠯᠬᠦ ᠳᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠮᠢᠵᠢᠷᠠᠯ ᠤᠨ ᠬᠦᠴᠦᠨ ᠢ ᠲᠠᠰᠤᠷᠠᠯᠲᠠ ᠦᠭᠡᠢ ᠪᠤᠶᠢᠵᠢᠭᠤᠯᠤᠨ ᠬᠥᠭᠵᠢᠭᠡᠬᠦ ᠬᠡᠷᠡᠭᠲᠡᠶ᠃ ᠶᠠᠮᠠᠷ ᠬᠦᠴᠢᠷᠳᠡᠯ ᠥᠷᠢᠰᠥᠯᠳᠦᠭᠡᠨ ᠳᠤ ᠲᠤᠯᠭᠠᠷᠠᠭᠰᠠᠨ ᠴᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠬᠠᠮᠠᠭᠠᠯᠠᠵᠤ᠂ ︽ᠬᠥᠬᠡᠮᠳᠦᠭ ᠠᠭᠤᠯᠠ ᠶᠢ ᠦᠯᠡᠳᠡᠭᠡᠵᠦ︾᠂ ᠲᠡᠷᠡᠴᠢᠯᠡᠨ ᠴᠢᠷᠮᠠᠶᠢᠵᠤ ᠪᠠᠶᠢᠭᠠᠳ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠨᠡᠩ ᠬᠥᠭᠵᠢᠶᠡᠨᠲᠡᠢ ᠪᠣᠯᠭᠠᠵᠤ᠂ ︽ᠬᠥᠬᠡᠮᠳᠦᠭ ᠠᠭᠤᠯᠠ ᠶᠢ ᠡᠭᠦᠷᠢᠳᠡ ᠪᠠᠶᠢᠯᠭᠠᠬᠤ︾ ᠳᠤ ᠬᠦᠷᠪᠡᠯ᠂ ᠮᠠᠨ ᠤ ᠤᠯᠤᠰ ᠤᠨ ᠠᠵᠤ ᠠᠬᠤᠢ ᠶᠢᠨ ᠬᠥᠭᠵᠢᠯᠲᠡ ᠲᠠᠰᠤᠷᠠᠯᠳᠡ ᠦᠭᠡᠢ ᠬᠥᠳᠡᠯᠭᠡᠬᠦ ᠬᠦᠴᠦᠨ ᠲᠠᠢ ᠪᠣᠯᠵᠤ ᠴᠢᠳᠠᠨ᠎ᠠ᠃ ︵ᠨᠢᠭᠡ︶ ᠵᠠᠬ᠎ᠠ ᠳᠡᠯᠭᠡᠭᠦᠷ ᠤᠨ ᠭᠤᠣᠯ ᠴᠣᠭᠴᠠ ᠬᠥᠭᠵᠢᠨ ᠪᠤᠵᠠᠭᠠᠶᠢᠷᠠᠵᠤ᠂ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠶ ᠶᠢᠨ ᠪᠠᠶᠢᠭᠤᠯᠤᠯ ᠤᠨ ᠪᠠᠶᠢᠭᠤᠯᠤᠭᠳᠠᠨ ᠲᠡᠭᠦᠯᠳᠡᠷᠵᠢᠬᠦ ᠶᠢ ᠬᠦᠴᠦᠲᠡᠶ ᠠᠬᠢᠭᠤᠯᠪᠠ᠃ ᠲᠥᠯᠥᠪᠯᠡᠭᠡᠲᠦ ᠠᠵᠤ ᠠᠬᠤᠶ ᠶᠢᠨ ᠦᠶ᠎ᠡ ᠳᠤ᠂ ᠦᠢᠯᠡᠳᠪᠦᠷᠢᠯᠡᠯ ᠤᠨ ᠴᠢᠬᠤᠯᠠ ᠬᠦᠴᠦᠨ ᠵᠦᠢᠯ ᠪᠠ ᠠᠵᠤ ᠠᠬᠤᠶ ᠶᠢᠨ ᠠᠵᠢᠯᠯᠠᠭ᠎ᠠ ᠶᠢ ᠦᠨᠳᠦᠰᠦᠨ ᠳᠤ ᠪᠠᠨ ᠤᠯᠤᠰ ᠤᠨ ᠲᠥᠯᠥᠪᠯᠡᠭᠡ ᠳᠤ ᠲᠦᠰᠢᠭᠯᠡᠨ ᠲᠣᠬᠢᠷᠠᠭᠤᠯᠵᠤ ᠪᠠᠶᠢᠪᠠ᠃ ᠥᠭᠡᠷᠡᠴᠢᠯᠡᠯᠲᠡ ᠨᠡᠭᠡᠭᠡᠯᠳᠡ ᠬᠢᠭᠰᠡᠨ ᠤ ᠲᠠᠷᠠᠭ᠎ᠠ᠂ ᠡᠷᠤᠭᠡ ᠳᠤ ᠳᠠᠭᠠᠭᠠᠴᠢᠯᠠᠭᠤᠯᠬᠤ ᠬᠠᠷᠢᠭᠤᠴᠠᠯᠭ᠎ᠠ ᠶᠢᠨ ᠲᠦᠷᠢᠮ ᠢ ᠬᠡᠷᠡᠭᠵᠢᠭᠦᠯᠬᠦ ᠪᠠᠷ ᠲᠠᠮᠵᠢᠨ᠂ ᠲᠠᠷᠢᠶᠠᠴᠢᠨ ᠡᠷᠤᠭᠡ ᠦᠢᠯᠡᠳᠪᠦᠷᠢᠯᠡᠯ ᠡᠵᠡᠩᠨᠡᠯᠲᠡ ᠶᠢᠨ ᠭᠤᠣᠯ ᠴᠣᠭᠴᠠ ᠪᠤᠯᠵᠤ᠂ ᠬᠥᠳᠡᠭᠡ ᠲᠣᠰᠬᠤᠨ ᠤ ᠦᠯᠡᠭᠦᠦ ᠬᠥᠳᠡᠯᠮᠦᠷᠢ ᠬᠦᠴᠦᠨ ᠭᠠᠳᠠᠭᠰᠢ ᠭᠠᠷᠴᠤ ᠬᠥᠯᠥᠰᠥᠨ ᠠᠵᠢᠯ ᠬᠢᠵᠦ ᠪᠣᠯᠬᠤ ᠪᠣᠯᠤᠭᠰᠠᠨ ᠠᠴᠠ ᠢᠳᠡᠵᠦ ᠴᠠᠳᠬᠤ ᠦᠭᠡᠢ ᠠᠰᠠᠭᠤᠳᠠᠯ ᠢ ᠮᠠᠰᠢ ᠲᠦᠷᠭᠡᠨ ᠰᠢᠢᠳᠪᠦᠷᠢᠯᠡᠭᠰᠡᠨ ᠪᠥᠭᠡᠳ ᠦᠢᠯᠡᠳᠪᠦᠷᠢᠯᠡᠯ ᠤᠨ ᠬᠥᠭᠵᠢᠯᠲᠡ ᠳᠤᠮᠳᠠ ᠠᠮᠢᠳᠤᠷᠠᠯ ᠤᠨ ᠲᠦᠪᠰᠢᠨ ᠢᠶᠠᠨ ᠠᠯᠬᠤᠮ ᠠᠯᠬᠤᠮ ᠢᠶᠠᠷ ᠳᠡᠭᠡᠭᠰᠢᠯᠡᠭᠦᠯᠵᠡᠶ︔ ᠬᠤᠳᠠ ᠳᠤ ᠪᠠᠨ ᠪᠤᠴᠠᠭᠰᠠᠨ ᠰᠡᠬᠡᠭᠡᠲᠡᠳ ᠤᠨ ᠥᠪᠡᠷ ᠢᠶᠠᠨ ᠠᠵᠢᠯ ᠤᠯᠬᠤ ᠶᠢ ᠵᠣᠷᠢᠭᠵᠢᠭᠤᠯᠵᠤ᠂ ᠬᠤᠪᠢ ᠶᠢᠨ ᠠᠵᠤ ᠠᠬᠤᠶ᠂ ᠠᠷᠠᠳ ᠤᠨ ᠡᠵᠡᠩᠨᠡᠭᠰᠡᠨ ᠠᠵᠤ ᠠᠬᠤᠶᠢᠯᠠᠯ ᠤᠨ ᠬᠥᠭᠵᠢᠯᠲᠡ ᠪᠠᠷ ᠲᠡᠮᠵᠢᠵᠤ᠂ ᠲᠡᠳᠡᠨ ᠢ ᠮᠠᠰᠢ ᠲᠦᠷᠭᠡᠨ ᠢᠶᠠᠷ ᠮᠠᠨ ᠤ ᠤᠯᠤᠰ ᠤᠨ ᠠᠵᠤ ᠠᠬᠤᠶ ᠶᠢᠨ ᠴᠢᠬᠤᠯᠠ ᠪᠦᠷᠢᠯᠳᠦᠬᠦᠨ ᠬᠡᠰᠡᠭ ᠪᠣᠯᠭᠠᠪᠠ᠃ ᠤᠯᠤᠰ ᠤᠨ ᠥᠮᠴᠢᠯᠡᠯᠲᠦ ᠠᠵᠤ ᠠᠬᠤᠶᠢᠯᠠᠯ ᠤᠳ ᠤᠷᠢᠳ ᠢᠶᠠᠷ ᠡᠵᠡᠩᠨᠡᠯᠲᠡ ᠶᠢᠨ ᠡᠵᠡᠨ ᠮᠡᠳᠡᠬᠦ ᠡᠷᠬᠡ ᠶᠢ ᠲᠠᠯᠪᠢᠵᠤ᠂ ᠠᠵᠤ ᠠᠬᠤᠶ ᠶᠢᠨ ᠬᠠᠷᠢᠭᠤᠴᠠᠯᠭ᠎ᠠ ᠶᠢᠨ ᠲᠦᠷᠢᠮ ᠢ ᠬᠡᠷᠡᠭᠵᠢᠭᠦᠯᠦᠨ᠂ ︽ᠠᠰᠢᠭ ᠢ ᠭᠠᠶᠢᠯᠢᠴᠢᠯᠠᠬᠤ︾ ᠶᠢ ᠬᠡᠷᠡᠭᠵᠢᠭᠦᠯᠦᠭᠡᠳ᠂ ᠲᠡᠬᠢᠠ ᠤᠳᠦ ᠦᠶ᠎ᠡ ᠶᠢᠨ ᠠᠵᠤ ᠠᠬᠤᠶᠢᠯᠠᠯ ᠤᠨ ᠲᠦᠷᠢᠮ ᠲᠡᠶᠢᠰᠢ ᠤᠷᠤᠭᠰᠢᠯᠠᠭᠰᠠᠨ ᠠᠴᠠ᠂ ᠥᠭᠡᠷᠡᠴᠢᠯᠡᠯᠲᠡ ᠳᠤᠮᠳᠠ ᠠᠮᠢᠳᠤ ᠬᠦᠴᠦᠨ ᠪᠦᠬᠦᠢ ᠵᠠᠬ᠎ᠠ ᠳᠡᠯᠭᠡᠭᠦᠷ ᠤᠨ ᠭᠤᠣᠯ ᠴᠣᠭᠴᠠ ᠪᠣᠯᠪᠠ᠃ ᠭᠠᠳᠠᠭᠠᠳᠤ ᠲᠠᠢ ᠴᠢᠯᠥᠭᠡᠲᠡᠶ ᠶᠠᠪᠤᠯᠴᠠᠬᠤ ᠶᠠᠪᠤᠴᠠ ᠳᠤ ᠭᠠᠳᠠᠭᠠᠳᠤ ᠶᠢᠨ ᠶᠡᠭᠡ ᠬᠡᠮᠵᠢᠶᠡᠨ ᠤ ᠪᠡᠯᠡ ᠣᠷᠣᠭᠤᠯᠵᠤ ᠡᠵᠡᠩᠨᠡᠭᠰᠡᠨ ᠠᠵᠤ ᠠᠬᠤᠶᠢᠯᠠᠯ ᠤᠳ ᠪᠡᠯᠡ ᠮᠥᠩᠭᠦ᠂ ᠲᠧᠭᠨᠢᠭ ᠮᠡᠷᠭᠡᠵᠢᠯ ᠪᠠ ᠬᠠᠮᠢᠶᠠᠷᠤᠯᠲᠠ ᠶᠢᠨ ᠲᠤᠷᠰᠢᠯᠭ᠎ᠠ ᠶᠢ ᠠᠪᠴᠢᠷᠠᠵᠤ ᠤᠯᠤᠰ ᠤᠨ ᠳᠣᠲᠣᠭᠠᠳᠤ ᠶᠢᠨ ᠠᠵᠤ ᠠᠬᠤᠶᠢᠯᠠᠯ ᠲᠠᠢ ᠥᠷᠢᠰᠥᠯᠳᠦᠬᠦ ᠪᠠ ᠬᠠᠮᠲᠤᠷᠠᠨ ᠠᠵᠢᠯᠯᠠᠬᠤ ᠶᠠᠪᠤᠴᠠ ᠳᠤ ᠬᠠᠮᠲᠤ ᠪᠠᠷ ᠬᠥᠭᠵᠢᠨ ᠪᠤᠵᠠᠭᠠᠶᠢᠷᠠᠵᠠᠶ᠃ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠵᠠᠬ᠎ᠠ ᠳᠡᠯᠭᠡᠭᠦᠷ ᠤᠨ ᠠᠵᠤ ᠠᠬᠤᠶ ᠶᠢᠨ ᠪᠢᠴᠢᠯ ᠰᠠᠭᠤᠷᠢ ᠮᠥᠨ᠃ ᠶᠠᠮᠠᠷ ᠨᠢᠭᠡᠨ ᠤᠳᠬ᠎ᠠ ᠠᠭᠤᠯᠭ᠎ᠠ ᠠᠴᠠ ᠠᠪᠴᠤ ᠬᠡᠯᠡᠪᠡᠯ᠂ ᠮᠠᠨ ᠤ ᠤᠯᠤᠰ ᠤᠨ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠶ ᠶᠢᠨ ᠬᠥᠭᠵᠢᠯᠲᠡ ᠶᠢᠨ ᠶᠠᠪᠤᠴᠠ ᠪᠣᠯ ᠪᠠᠰᠠ ᠴᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠦᠴᠦᠨ ᠤ ᠲᠠᠰᠤᠷᠠᠯᠳᠠ ᠦᠭᠡᠢ ᠬᠥᠭᠵᠢᠨ ᠪᠤᠵᠠᠭᠠᠶᠢᠷᠬᠠᠰᠠᠨ ᠶᠠᠪᠤᠴᠠ ᠮᠥᠨ᠃ ᠤᠶᠢᠢᠷ᠎ᠠ ᠶᠢᠨ ᠵᠢᠯ ᠤᠳ ᠲᠤ᠂ ᠪᠢᠳᠡ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠤᠶᠢᠵᠢᠭᠤᠯᠬᠤ ᠂ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠪᠠ ᠨᠡᠶᠢᠭᠡᠮ ᠤᠨ ᠪᠦᠲᠦᠭᠡᠯᠴᠢ ᠬᠦᠴᠦᠨ ᠢ ᠬᠥᠭᠵᠢᠭᠡᠬᠦ ᠠᠴᠠ ᠡᠭᠦᠰᠦᠨ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠵᠡᠷᠭᠡ ᠭᠤᠣᠯᠳᠠᠯᠭ᠎ᠠ ᠲᠠᠢ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠵᠦ᠂ ᠤᠯᠠᠨ ᠢᠶᠠᠷ ᠢᠶᠠᠨ ᠦᠢᠯᠡᠰ ᠴᠣᠭᠴᠠᠯᠠᠵᠤ ᠰᠢᠨ᠎ᠡ ᠶᠢ ᠡᠭᠦᠳᠬᠦ ᠶᠢ ᠠᠬᠢᠭᠤᠯᠵᠤ᠂ ᠨᠡᠶᠢᠭᠡᠮ ᠵᠢᠷᠤᠮ ᠤᠨ ᠵᠠᠬ᠎ᠠ ᠳᠡᠯᠭᠡᠭᠦᠷ ᠤᠨ ᠠᠵᠤ ᠠᠬᠤᠶ ᠶᠢᠨ ᠪᠠᠶᠢᠭᠤᠯᠤᠯ ᠢ ᠲᠡᠭᠦᠯᠳᠡᠷᠵᠢᠭᠦᠯᠬᠦ ᠬᠡᠷᠡᠭᠴᠡᠭᠡ ᠳᠤ ᠵᠣᠬᠢᠴᠠᠭᠰᠠᠨ ᠢᠶᠠᠷ ᠪᠠᠷᠠᠬᠤ ᠦᠭᠡᠢ ᠠᠷᠠᠳ ᠤᠯᠠᠨ ᠤ ᠠᠵᠢᠯ ᠣᠯᠵᠤ ᠠᠳᠠᠯ ᠦᠢᠯᠡᠰ ᠴᠣᠭᠴᠠᠯᠠᠬᠤ ᠬᠡᠷᠡᠭᠴᠡᠭᠡ ᠳᠤ ᠵᠣᠬᠢᠴᠠᠪᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠪᠣᠯ ᠵᠠᠬ᠎ᠠ ᠳᠡᠯᠭᠡᠭᠦᠷ ᠤᠨ ᠬᠠᠨᠳᠤᠯᠭ᠎ᠠ ᠶᠢ ᠪᠠᠷᠢᠮᠲᠠᠯᠠᠬᠤ ᠥᠭᠡᠷᠡᠴᠢᠯᠡᠯᠲᠡ ᠪᠠᠶᠢᠵᠤ᠂ ᠵᠠᠬ᠎ᠠ ᠳᠡᠯᠭᠡᠭᠦᠷ ᠤᠨ ᠡᠬᠢ ᠪᠠᠶᠠᠯᠢᠭ ᠤᠨ ᠳᠤᠬᠢᠷᠠᠭᠤᠯᠤᠯᠳᠠ ᠳᠠᠬᠢ ᠰᠢᠢᠳᠪᠦᠷᠢᠯᠡᠭᠴᠢ ᠴᠢᠨᠠᠷᠲᠠᠢ ᠦᠢᠯᠡᠳᠦᠯ ᠢ ᠪᠠᠳᠠᠷᠠᠭᠤᠯᠵᠤ᠂ ᠵᠠᠰᠠᠭ ᠤᠨ ᠣᠷᠳᠣᠨ ᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠬᠤ ᠪᠠᠷ ᠵᠣᠷᠢᠯᠲᠠ ᠪᠣᠯᠭᠠᠪᠠ᠃ ᠳᠡᠭᠡᠷ᠎ᠡ ᠬᠤᠭᠤᠴᠠᠭᠠᠨ ᠤ ᠵᠠᠰᠠᠭ ᠤᠨ ᠣᠷᠳᠣᠨ ᠪᠠᠶᠢᠭᠤᠯᠤᠭᠳᠠᠭᠰᠠᠨ ᠡᠬᠢᠨ ᠤ ᠦᠶ᠎ᠡ ᠳᠤ᠂ ᠪᠢᠳᠡ ᠵᠠᠰᠠᠭ ᠢ ᠴᠣᠮᠬᠠᠳᠬᠠᠨ ᠡᠷᠬᠡ ᠶᠢ ᠲᠠᠯᠪᠢᠬᠤ ᠪᠠᠷ ᠵᠠᠰᠠᠭ ᠤᠨ ᠣᠷᠳᠣᠨ ᠤ ᠡᠭᠦᠷᠭᠡ ᠴᠢᠳᠠᠪᠬᠢ ᠶᠢ ᠬᠤᠪᠢᠷᠠᠭᠤᠯᠬᠤ᠂ ᠠᠵᠤ ᠠᠬᠤᠢ ᠶᠢᠨ ᠪᠠᠭᠤᠷᠠᠯᠲᠠ ᠶᠢᠨ ᠳᠠᠷᠤᠯᠲᠠ ᠶᠢ ᠠᠷᠭᠠᠴᠠᠭᠠᠬᠤ ᠶᠢᠨ ︽ᠲᠡᠷᠢᠭᠦᠨ ᠰᠢᠲᠠᠷ᠎ᠠ︾ ᠪᠣᠯᠭᠠᠵᠤ᠂ ᠬᠤᠳᠠᠯᠳᠤᠭᠠᠨ ᠤ ᠶᠠᠪᠤᠳᠠᠯ ᠤᠨ ᠳᠦᠷᠢᠮ ᠵᠡᠷᠭᠡ ᠶᠢᠨ ᠥᠭᠡᠷᠡᠴᠢᠯᠡᠯᠲᠡ ᠶᠢ ᠲᠠᠰᠤᠷᠠᠯᠲᠠ ᠦᠭᠡᠢ ᠠᠬᠢᠭᠤᠯᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠦᠯᠢᠶᠡᠰᠦ ᠶᠢ ᠰᠤᠯᠠᠯᠠᠨ ᠳᠠᠷᠤᠭᠠᠰᠤ ᠶᠢ ᠬᠥᠩᠭᠡᠷᠡᠭᠦᠯᠬᠦ ᠪᠠᠷ ᠬᠦᠴᠦᠯᠡᠵᠦ᠂ ᠲᠡᠳᠡᠨ ᠤ ᠬᠥᠭᠵᠢᠨ ᠪᠤᠵᠠᠭᠠᠶᠢᠢᠷᠠᠬᠤ ᠬᠥᠷᠥᠰᠥ ᠰᠢᠷᠣᠢ ᠶᠢ ᠰᠢᠮᠡᠵᠢᠭᠦᠯᠦᠭᠰᠡᠨ ᠤ ᠬᠠᠮᠲᠤ ᠠᠵᠢᠯ ᠶᠠᠪᠤᠳᠠᠯ ᠳᠤᠮᠳᠠᠬᠢ ᠪᠠ ᠠᠵᠢᠯ ᠶᠠᠪᠤᠳᠠᠯ ᠤᠨ ᠳᠠᠷᠠᠭᠠᠬᠢ ᠡᠷᠬᠡ ᠲᠡᠭᠰᠢ ᠲᠥᠪ ᠭᠤᠣᠯᠴᠢ ᠬᠢᠨᠠᠯᠲᠠ ᠬᠠᠮᠢᠶᠠᠷᠤᠯᠲᠠ ᠶᠢ ᠴᠢᠩᠭᠠᠳᠬᠠᠪᠠ᠃ ᠡᠳᠡᠭᠡᠷ ᠵᠢᠯ ᠤᠳ ᠤᠨ ᠰᠢᠨᠲᠠᠷᠠᠰᠢ ᠦᠭᠡᠢ ᠴᠢᠷᠮᠠᠶᠢᠯᠭ᠎ᠠ ᠪᠠᠷ ᠳᠠᠮᠵᠢᠭᠠᠳ ᠠᠵᠤ ᠠᠬᠤᠶᠢᠯᠠᠯ ᠪᠠ ᠤᠯᠠᠨ ᠲᠦᠮᠡᠨ ᠤ ᠠᠵᠢᠯ ᠶᠠᠪᠤᠳᠠᠯ ᠭᠦᠢᠴᠡᠳᠬᠡᠵᠦ ᠠᠳᠠᠯ ᠦᠢᠯᠡᠰ ᠴᠣᠭᠴᠠᠯᠠᠬᠤ ᠳᠤ ᠲᠦᠢᠯ ᠤᠨ ᠶᠡᠭᠡ ᠲᠦᠬᠦᠮ ᠦᠵᠡᠭᠦᠯᠦᠭᠰᠡᠨ ᠪᠠᠶᠢᠨ᠎ᠠ᠃ ᠡᠭᠦᠨ ᠤ ᠳᠤᠪᠤᠶᠢᠮ᠎ᠠ ᠢᠯᠡᠷᠡᠯ ᠨᠢ ᠭᠡᠪᠡᠯ᠂ ᠵᠠᠬ᠎ᠠ ᠳᠡᠯᠭᠡᠭᠦᠷ ᠤᠨ ᠠᠵᠤ ᠠᠬᠤᠶ ᠶᠢᠨ ᠲᠣᠭᠲᠠᠯᠴᠠᠭ᠎ᠠ ᠶᠢᠨ ᠳᠠᠰᠤᠷᠠᠯᠳᠠ ᠦᠬᠡᠢ ᠬᠥᠭᠵᠢᠨ ᠲᠡᠭᠦᠯᠳᠡᠷᠵᠢᠬᠦ ᠶᠠᠪᠤᠴᠠ ᠳᠤ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠠᠶᠢᠭᠤᠯᠤᠭᠰᠠᠨ ᠶᠠᠪᠤᠳᠠᠯ ᠪᠣᠯᠤᠨ᠎ᠠ᠃ ᠲᠦᠷᠦᠭᠦᠬᠡᠨ ᠲᠥᠷᠥ ᠶᠢᠨ ᠶᠠᠪᠤᠳᠠᠯ ᠤᠨ ᠬᠤᠷᠢᠶᠠᠨ ᠤ ᠪᠠᠶᠢᠩᠭᠤ ᠶᠢᠨ ᠬᠤᠷᠠᠯ ᠳᠤ ︽ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠳᠡᠩᠰᠡᠯᠡᠨ ᠬᠠᠮᠢᠶᠠᠷᠬᠤ ᠲᠦᠷᠢᠮ︾ ᠢ ᠪᠠᠲᠤᠯᠠᠪᠠ᠃ ᠲᠦᠷᠢᠮ ᠢ ᠦᠨᠳᠦᠰᠦᠯᠡᠪᠡᠯ᠂ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠡᠯ᠎ᠡ ᠲᠦᠷᠦᠯ ᠤᠨ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠪᠠ ᠲᠠᠷᠢᠶᠠᠴᠢᠨ ᠤ ᠲᠤᠰᠬᠠᠢ ᠬᠤᠷᠰᠢᠶᠠᠵᠢᠯ ᠵᠡᠷᠭᠡ ᠪᠠᠭᠲᠠᠨ᠎ᠠ᠃ ᠪᠦᠷᠢᠳᠬᠡᠯ ᠢ ᠦᠨᠳᠦᠰᠦᠯᠡᠪᠡᠯ᠂ 2013 ᠣᠨ ᠠᠴᠠ ᠨᠠᠭᠠᠰᠢ ᠵᠢᠯ ᠪᠦᠷᠢ ᠳᠤᠮᠳᠠᠴᠢ ᠪᠠᠷ ᠰᠢᠨ᠎ᠡ ᠪᠠᠷ ᠨᠡᠮᠡᠭᠳᠡᠭᠰᠡᠨ ᠵᠠᠬ᠎ᠠ ᠳᠡᠯᠭᠡᠭᠦᠷ ᠤᠨ ᠭᠤᠣᠯ ᠴᠣᠭᠴᠠ ᠮᠢᠩᠭᠠᠨ ᠲᠦᠮᠡ ᠶᠢ ᠳᠠᠪᠠᠵᠤ᠂ ᠳᠠᠩᠰᠠᠯᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠶᠡᠷᠦᠩᠬᠡᠢ ᠲᠤᠭ᠎ᠠ 2012 ᠣᠨ ᠳᠤ 5500 ᠲᠦᠮᠡ ᠰᠢᠬᠠᠮ ᠡᠷᠦᠬᠡ ᠪᠠᠶᠢᠭᠰᠠᠨ ᠠᠴᠠ ᠪᠠᠨ ᠡᠨᠡ ᠵᠢᠯ ᠤᠨ 4 ᠰᠠᠷ᠎ᠠ ᠳᠤ 1.43 ᠳ᠋ᠦᠩᠰᠢᠭᠤᠷ ᠡᠷᠦᠬᠡ ᠪᠣᠯᠵᠤ᠂ 1.6 ᠳᠠᠬᠢᠨ ᠢᠶᠠᠷ ᠨᠡᠮᠡᠭᠳᠡᠵᠡᠢ᠃ ᠡᠭᠦᠨ ᠤ ᠳᠣᠲᠣᠷ᠎ᠠ᠂ ᠠᠵᠤ ᠠᠬᠤᠶᠢᠯᠠᠯ 1300 ᠭᠠᠷᠤᠶ ᠲᠦᠮᠡᠨ ᠡᠷᠦᠬᠡ ᠪᠠᠶᠢᠭᠰᠠᠨ ᠠᠴᠠ ᠪᠠᠨ ᠨᠡᠮᠡᠭᠳᠡᠭᠡᠳ 4500 ᠭᠠᠷᠤᠶ ᠲᠦᠮᠡᠨ ᠡᠷᠦᠬᠡ ᠪᠤᠯᠵᠤ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ 4000 ᠭᠠᠷᠤᠶ ᠲᠦᠮᠡᠨ ᠡᠷᠦᠬᠡ ᠪᠠᠶᠢᠭᠰᠠᠨ ᠠᠴᠠ ᠪᠠᠨ ᠨᠡᠮᠡᠭᠳᠡᠭᠡᠳ 9600 ᠲᠦᠮᠡ ᠰᠢᠬᠠᠮ ᠡᠷᠦᠬᠡ ᠪᠤᠯᠵᠤ᠂ ᠲᠠᠷᠢᠶᠠᠴᠢᠨ ᠤ ᠲᠤᠰᠬᠠᠶ ᠬᠤᠷᠰᠢᠶᠠᠵᠢᠯ 70 ᠲᠦᠮᠡ ᠰᠢᠬᠠᠮ ᠡᠷᠦᠬᠡ ᠪᠠᠶᠢᠭᠰᠠᠨ ᠠᠴᠠ ᠪᠠᠨ ᠨᠡᠮᠡᠭᠳᠡᠭᠡᠳ 220 ᠭᠠᠷᠤᠶ ᠲᠦᠮᠡᠨ ᠡᠷᠦᠬᠡ ᠪᠣᠯᠵᠠᠶ᠃ ᠡᠨᠡ ᠨᠢ ︽ᠲᠦᠷᠪᠡᠨ ᠠᠵᠤ ᠠᠬᠤᠶ ᠶᠢ ᠲᠦᠭᠡᠮᠡᠯᠵᠢᠭᠦᠯᠬᠦ︾ ᠳᠤ ᠲᠤᠰᠬᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠨᠡᠯᠢᠶᠡᠳ ᠲᠦᠷᠭᠡᠨ ᠨᠡᠮᠡᠭᠳᠡᠯ ᠤᠨ ᠪᠠᠶᠢᠳᠠᠯ ᠲᠠᠢ ᠨᠢᠭᠡᠳᠦᠯᠲᠡᠶ ᠶᠤᠮ᠃ ᠬᠡᠯᠡᠯᠭᠡᠨ ᠦᠭᠡᠢ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠦᠵᠡᠬᠦ ᠳᠤ ᠵᠥᠪᠬᠡᠨ ᠲᠤᠭ᠎ᠠ ᠶᠢ ᠨᠢ ᠦᠵᠡᠭᠡᠳ ᠪᠣᠯᠬᠤ ᠦᠭᠡᠢ᠂ ᠪᠠᠰᠠ ᠢᠳᠡᠪᠬᠢᠵᠢᠯ ᠢ ᠨᠢ ᠦᠵᠡᠬᠦ ᠬᠡᠷᠡᠭᠲᠡᠶ᠂ ᠵᠠᠬ᠎ᠠ ᠳᠡᠯᠭᠡᠭᠦᠷ ᠤᠨ ᠠᠵᠤ ᠠᠬᠤᠶ ᠶᠢᠨ ᠨᠥᠬᠦᠴᠡᠯ ᠳᠣᠣᠷ᠎ᠠ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ︽ᠣᠷᠣᠰᠢᠵᠤ ᠤᠰᠠᠳᠬᠤ︾ ᠪᠣᠯ ᠬᠡᠪ ᠤᠨ ᠶᠠᠪᠤᠳᠠᠯ ᠮᠥᠨ᠂ ᠣᠳᠣᠬᠠᠨ ᠤ ᠢᠳᠡᠪᠬᠢᠵᠢᠯ ᠤᠨ ᠬᠡᠮᠵᠢᠶ᠎ᠡ ᠨᠢ ᠶᠡᠭᠡ ᠲᠥᠯᠥᠪ 70% ᠣᠷᠴᠢᠮ ᠪᠠᠶᠢᠨ᠎ᠠ᠃ ︵ᠬᠤᠶᠠᠷ︶ ᠳ᠋ᠦᠩᠰᠢᠭᠤᠷ ᠭᠠᠷᠤᠶ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠠᠵᠤ ᠠᠬᠤᠶ ᠨᠡᠶᠢᠭᠡᠮ ᠤᠨ ᠬᠥᠭᠵᠢᠯᠲᠡ ᠶᠢ ᠠᠬᠢᠭᠤᠯᠬᠤ ᠴᠢᠬᠤᠯᠠ ᠬᠦᠴᠦᠨ ᠮᠥᠨ᠃ ᠤᠯᠠᠨ ᠵᠢᠯ ᠤᠨ ᠬᠥᠭᠵᠢᠯᠲᠡ ᠪᠠᠷ ᠳᠠᠮᠵᠢᠭᠠᠳ᠂ ᠮᠠᠨ ᠤ ᠤᠯᠤᠰ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠲᠤᠭ᠎ᠠ ᠨᠡᠮᠡᠭᠳᠡᠵᠦ᠂ ᠡᠳᠦᠷ ᠢᠷᠡᠬᠦᠶ᠎ᠡ ᠤᠯᠠᠨ ᠶᠠᠩᠵᠤ ᠶᠢᠨ ᠪᠤᠯᠵᠤ ᠪᠠᠶᠢᠬᠤ ᠪᠠᠷ ᠪᠠᠷᠠᠬᠤ ᠦᠭᠡᠢ᠂ ᠥᠷᠢᠰᠥᠯᠳᠦᠬᠦ ᠬᠦᠴᠦᠨ ᠪᠠ ᠪᠣᠳᠠᠲᠤ ᠬᠦᠴᠦᠨ ᠨᠢ ᠴᠦ ᠲᠠᠰᠤᠷᠠᠯᠳᠠ ᠦᠭᠡᠢ ᠳᠡᠭᠡᠭᠰᠢᠯᠡᠵᠦ᠂ ᠪᠠᠳᠠᠷᠠᠭᠤᠯᠬᠤ ᠦᠢᠯᠡᠳᠦᠯ ᠨᠢ ᠤᠯᠠᠮ ᠠᠴᠠ ᠤᠯᠠᠮ ᠶᠡᠬᠡᠰᠴᠦ ᠪᠠᠶᠢᠨ᠎ᠠ᠃ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠠᠵᠢᠯ ᠣᠯᠭᠤᠯᠲᠠ ᠶᠢ ᠲᠣᠭᠲᠠᠪᠤᠷᠢᠵᠢᠭᠤᠯᠤᠨ ᠠᠵᠢᠯ ᠣᠯᠭᠤᠯᠲᠠ ᠶᠢ ᠥᠷᠭᠡᠳᠬᠡᠬᠦ ︽ᠲᠤᠯᠭᠠᠭᠤᠷᠢ︾ ᠮᠥᠨ᠃ ᠵᠥᠪᠬᠡᠨ ᠡᠳ᠋ ᠤᠨ ᠵᠠᠰᠠᠭ ᠤᠨ ᠬᠤᠭᠤᠯᠠ ᠳᠤ ᠲᠦᠰᠢᠭᠯᠡᠪᠡᠯ ᠠᠵᠢᠯ ᠣᠯᠭᠤᠯᠲᠠ ᠶᠢ ᠲᠡᠳᠦᠢ ᠨᠡᠮᠡᠭᠳᠡᠭᠦᠯᠵᠦ ᠴᠢᠳᠠᠬᠤ ᠦᠭᠡᠢ ᠪᠥᠭᠡᠳ ᠠᠵᠢᠯ ᠣᠯᠭᠤᠯᠲᠠ ᠶᠢ ᠦᠷᠭᠦᠯᠵᠢᠯᠡᠭᠦᠯᠵᠦ ᠴᠦ ᠴᠢᠳᠠᠬᠤ ᠦᠭᠡᠢ ᠶᠤᠮ᠂ ᠠᠵᠢᠯ ᠣᠯᠭᠤᠯᠲᠠ ᠶᠢ ᠲᠣᠭᠲᠠᠪᠤᠷᠢᠵᠢᠭᠤᠯᠤᠨ ᠥᠷᠭᠡᠳᠬᠡᠬᠦ ᠳᠤ ᠪᠠᠰᠠ ᠵᠠᠬ᠎ᠠ ᠳᠡᠯᠭᠡᠭᠦᠷ ᠤᠨ ᠭᠤᠣᠯ ᠴᠣᠭᠴᠠ ᠪᠠᠷ ︽ᠭᠤᠣᠯ ᠳᠦᠷᠢ ᠶᠢ ᠲᠣᠭᠯᠠᠭᠤᠯᠬᠤ︾ ᠬᠡᠷᠡᠭᠲᠡᠶ ᠭᠡᠳᠡᠭ ᠢ ᠦᠢᠯᠡᠳᠦᠯᠭᠡ ᠭᠡᠷᠡᠴᠢᠯᠡᠵᠡᠶ᠃ ᠤᠶᠢᠢᠷ᠎ᠠ ᠶᠢᠨ ᠵᠢᠯ ᠤᠳ ᠲᠤ ᠂ ᠮᠠᠨ ᠤ ᠤᠯᠤᠰ ᠤᠨ ᠬᠤᠳᠠ ᠪᠠᠯᠭᠠᠰᠤᠨ ᠤ ᠰᠢᠨ᠎ᠡ ᠪᠠᠷ ᠠᠵᠢᠯ ᠣᠯᠤᠭᠰᠠᠨ ᠬᠥᠮᠦᠨ ᠦᠨᠳᠦᠰᠦᠨ ᠳᠤ ᠪᠠᠨ ᠵᠢᠯ ᠪᠦᠷᠢ 1300 ᠲᠦᠮᠡ ᠶᠢ ᠳᠠᠪᠠᠵᠤ᠂ ᠡᠭᠦᠨ ᠳᠤ ᠵᠣᠩᠬᠢᠯᠠᠬᠤ ᠤᠯᠠᠨ ᠲᠤᠭ᠎ᠠ ᠶᠢ ᠨᠢ ᠭᠤᠣᠯᠳᠠᠭᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠰᠢᠩᠭᠡᠭᠡᠨ ᠠᠪᠬᠤ ᠳᠤ ᠲᠦᠰᠢᠭᠯᠡᠭᠰᠡᠨ ᠶᠤᠮ᠃ ᠬᠤᠯᠪᠣᠭᠳᠠᠯ ᠪᠥᠬᠦᠶ ᠲᠥᠰᠥᠭᠡᠯᠡᠯ ᠢ ᠦᠨᠳᠦᠰᠦᠯᠡᠪᠡᠯ᠂ ᠨᠢᠭᠡ ᠵᠠᠬ᠎ᠠ ᠳᠡᠯᠭᠡᠭᠦᠷ ᠤᠨ ᠭᠤᠣᠯ ᠴᠣᠭᠴᠠ ᠨᠢ ᠳᠤᠮᠳᠠᠴᠢ ᠪᠠᠷ 8 — 10 ᠬᠥᠮᠦᠨ ᠤ ᠠᠵᠢᠯ ᠣᠯᠭᠤᠯᠲᠠ ᠶᠢ ᠳᠠᠶᠢᠴᠢᠯᠠᠵᠤ᠂ ᠪᠣᠳᠠᠲᠠᠶ ᠪᠠᠷ ᠠᠵᠢᠯᠯᠠᠭᠤᠯᠤᠨ ᠡᠵᠡᠩᠨᠡᠵᠦ ᠪᠠᠶᠢᠭ᠎ᠠ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ 1 ᠳ᠋ᠦᠩᠰᠢᠭᠤᠷ ᠡᠷᠦᠬᠡ ᠠᠴᠠ ᠳᠡᠭᠡᠭᠰᠢ ᠪᠠᠶᠢᠬᠤ ᠶᠢ ᠪᠠᠲᠤᠯᠠᠳᠠᠭ ᠯᠠ ᠶᠤᠮ ᠪᠣᠯ᠂ ᠮᠠᠨ ᠤ ᠤᠯᠤᠰ ᠤᠨ ᠬᠡᠪᠴᠢᠶ᠎ᠡ ᠪᠠᠷ ᠯᠤᠲᠤ ᠶᠡᠭᠡ ᠬᠥᠳᠡᠯᠮᠦᠷᠢ ᠬᠦᠴᠦᠨ ᠤ ᠠᠵᠢᠯ ᠣᠯᠭᠤᠯᠲᠠ ᠨᠢ ᠳᠠᠷᠤᠶ ᠲᠣᠭᠲᠠᠭᠤᠨ ᠪᠥᠭᠡᠳ ᠨᠡᠯᠢᠶᠡᠳ ᠭᠦᠢᠴᠡᠳ ᠪᠠᠶᠢᠬᠤ ᠶᠢ ᠪᠠᠲᠤᠯᠠᠵᠤ ᠴᠢᠳᠠᠨ᠎ᠠ᠃ ᠢᠯᠠᠩᠭᠤᠶ᠎ᠠ ᠥᠷᠭᠡᠨ ᠣᠯᠠᠨ ᠳᠤᠮᠳᠠ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠭᠡ ᠪᠣᠯ ᠠᠵᠢᠯ ᠣᠯᠭᠤᠯᠲᠠ ᠶᠢᠨ ︽ᠲᠣᠮᠣ ᠰᠠᠪᠠ︾ ᠮᠥᠨ᠂ ᠲᠡᠳᠡ 85% ᠶᠢᠨ ᠬᠤᠳᠠ ᠪᠠᠯᠭᠠᠰᠤᠨ ᠤ ᠠᠵᠢᠯ ᠣᠯᠭᠤᠯᠲᠠ ᠶᠢᠨ ᠠᠵᠢᠯ ᠤᠨ ᠪᠠᠶᠢᠷᠢ ᠶᠢ ᠬᠠᠩᠭᠠᠵᠤ᠂ ᠬᠤᠳᠠ ᠪᠠᠯᠭᠠᠰᠤᠨ ᠤ 4. 4 ᠳ᠋ᠦᠩᠰᠢᠭᠤᠷ ᠠᠵᠢᠯ ᠣᠯᠤᠭᠰᠠᠳ᠂ 2.9 ᠳ᠋ᠦᠩᠰᠢᠭᠤᠷ ᠰᠢᠬᠠᠮ ᠬᠥᠯᠥᠰᠥᠨ ᠠᠵᠢᠯᠴᠢᠨ ᠤ ᠠᠵᠢᠯ ᠣᠯᠭᠤᠯᠲᠠ ᠶᠢ ᠨᠡᠯᠢᠶᠡᠳ ᠶᠡᠭᠡ ᠬᠡᠮᠵᠢᠶ᠎ᠡ ᠪᠠᠷ ᠲᠤᠯᠭᠠᠭᠤᠷᠢᠯᠠᠪᠠ᠃ ᠠᠷᠠᠳ ᠤᠯᠠᠨ ᠪᠣᠯ ᠥᠮᠥᠭ ᠲᠦᠰᠢᠭ ᠮᠥᠨ᠂ ᠵᠠᠬ᠎ᠠ ᠳᠡᠯᠭᠡᠭᠦᠷ ᠤᠨ ᠭᠤᠣᠯ ᠴᠣᠭᠴᠠ ᠪᠣᠯ ᠡᠳ᠋ ᠪᠠᠶᠠᠯᠢᠭ ᠢ ᠡᠭᠦᠳᠦᠨ ᠪᠦᠲᠦᠭᠡᠬᠦ ᠰᠢᠷᠭᠢᠰᠢ ᠦᠭᠡᠢ ᠪᠤᠯᠠᠭ ᠮᠥᠷᠲᠡᠭᠡᠨ ᠭᠠᠶᠢᠯᠢ ᠲᠠᠲᠠᠪᠤᠷᠢ ᠬᠠᠩᠭᠠᠬᠤ ᠭᠤᠣᠯ ᠢᠷᠡᠯᠳᠡ ᠮᠥᠨ᠃ ᠤᠶᠢᠢᠷ᠎ᠠ ᠶᠢᠨ ᠵᠢᠯ ᠤᠳ ᠲᠤ᠂ ᠪᠢᠳᠡ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ ᠪᠠᠷ ᠥᠷᠢᠰᠥᠯᠳᠦᠭᠡᠨ ᠢ ᠠᠷᠭᠠᠴᠠᠭᠠᠬᠤ᠂ ᠠᠵᠤ ᠠᠬᠤᠢ ᠶᠢᠨ ᠲᠣᠭᠲᠠᠭᠤᠨ ᠬᠥᠭᠵᠢᠯᠲᠡ ᠶᠢ ᠪᠠᠲᠤᠯᠠᠬᠤ ᠬᠦᠴᠦᠲᠡᠢ ᠠᠷᠭ᠎ᠠ ᠬᠡᠮᠵᠢᠶ᠎ᠡ ᠪᠣᠯᠭᠠᠵᠤ᠂ ᠲᠦᠷᠢᠮ ᠤᠨ ᠴᠢᠨᠠᠷᠲᠠᠢ ᠲᠤᠬᠢᠷᠠᠭᠤᠯᠤᠯᠳᠠ ᠪᠣᠯᠤᠨ ᠱᠠᠳᠤᠴᠢ ᠴᠢᠨᠠᠷᠲᠠᠢ ᠲᠦᠷᠦ ᠶᠢᠨ ᠪᠤᠳᠤᠯᠭ᠎ᠠ ᠶᠢ ᠵᠡᠷᠭᠡ ᠪᠠᠷ ᠬᠡᠷᠡᠭᠵᠢᠭᠦᠯᠬᠦ ᠶᠢ ᠪᠠᠷᠢᠮᠲᠠᠯᠠᠵᠤ᠂ ᠴᠡᠭ ᠠᠴᠠ ᠲᠠᠯ᠎ᠠ ᠳᠤ ᠬᠦᠷᠲᠡᠯ᠎ᠡ ᠡᠵᠡᠩᠨᠡᠯᠲᠡ ᠶᠢᠨ ᠭᠠᠶᠢᠯᠢ ᠶᠢ ᠦᠷᠳᠡᠭ ᠨᠡᠮᠡᠭᠳᠡᠯ ᠤᠨ ᠭᠠᠶᠢᠯᠢ ᠪᠣᠯᠭᠠᠨ ᠥᠭᠡᠷᠡᠴᠢᠯᠡᠬᠦ ᠶᠢ ᠠᠬᠢᠭᠤᠯᠵᠤ᠂ ᠶᠡᠭᠡ ᠬᠡᠪᠴᠢᠶ᠎ᠡ ᠪᠠᠷ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ ᠶᠢ ᠦᠷᠭᠦᠯᠵᠢᠯᠡᠨ ᠬᠡᠷᠡᠭᠵᠢᠭᠦᠯᠵᠦ᠂ ᠠᠷᠪᠠᠨ ᠭᠤᠷᠪᠠᠳᠤᠭᠠᠷ ᠲᠠᠪᠤᠨ ᠵᠢᠯ ᠤᠨ ᠲᠥᠯᠥᠪᠵᠢᠭᠦᠯᠭᠡ ᠶᠢᠨ ᠬᠤᠭᠤᠴᠠᠭᠠᠨ ᠳᠤ ᠰᠢᠨ᠎ᠡ ᠪᠠᠷ ᠨᠡᠮᠡᠭᠳᠡᠭᠰᠡᠨ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠤᠭᠰᠠᠨ ᠬᠡᠮᠵᠢᠶ᠎ᠡ ᠨᠡᠶᠢᠳᠡ 7.6 ᠲᠦᠮᠡᠨ ᠳ᠋ᠦᠩᠰᠢᠭᠤᠷ ᠲᠥᠭᠦᠷᠢᠭ ᠲᠤ ᠬᠦᠷᠴᠡᠢ᠃ ᠡᠨᠡ ᠬᠦ ᠣᠬᠤᠷᠬᠠᠨ ᠬᠤᠭᠤᠴᠠᠭᠠᠨ ᠳᠤ ᠡᠳ᠋ ᠤᠨ ᠵᠠᠰᠠᠭ ᠤᠨ ᠳᠠᠷᠤᠯᠲᠠ ᠶᠢ ᠨᠡᠮᠡᠭᠳᠡᠭᠦᠯᠦᠭᠰᠡᠨ ᠪᠣᠯᠪᠠᠴᠤ ᠣᠷᠳᠣ ᠬᠤᠭᠤᠴᠠᠭᠠᠨ ᠠᠴᠠ ᠠᠪᠴᠤ ᠦᠵᠡᠪᠡᠯ ︽ᠤᠰᠤ ᠲᠠᠯᠪᠢᠨ ᠵᠢᠭᠠᠰᠤ ᠲᠡᠵᠢᠭᠡᠵᠦ︾᠂ ᠭᠠᠶᠢᠯᠢ ᠶᠢᠨ ᠢᠷᠡᠯᠲᠡ ᠶᠢ ᠬᠠᠳᠠᠭᠠᠯᠠᠨ᠂ ᠭᠠᠶᠢᠯᠢ ᠶᠢᠨ ᠰᠠᠭᠤᠷᠢ ᠶᠢ ᠥᠷᠭᠡᠳᠬᠡᠵᠦ᠂ ᠨᠠᠩ ᠣᠯᠠᠨ ᠭᠠᠶᠢᠯᠢ ᠲᠠᠲᠠᠪᠤᠷᠢ ᠬᠤᠷᠢᠶᠠᠬᠤ ᠳᠤ ᠬᠤᠪᠢ ᠨᠡᠮᠡᠷᠢ ᠦᠵᠡᠭᠦᠯᠵᠦ᠂ ︽ᠤᠰᠤ ᠠᠷᠪᠢᠨ ᠪᠣᠯ ᠵᠢᠭᠠᠰᠤ ᠠᠷᠪᠢᠨ︾ ᠭᠡᠵᠦ ᠬᠡᠯᠡᠵᠦ ᠪᠣᠯᠬᠤ ᠪᠥᠭᠡᠳ ᠰᠠᠶᠢᠨ ᠣᠷᠴᠢᠯ ᠢ ᠪᠦᠷᠢᠯᠳᠦᠭᠦᠯᠪᠡ᠃ ᠠᠷᠪᠠᠨ ᠭᠤᠷᠪᠠᠳᠤᠭᠠᠷ ᠲᠠᠪᠤᠨ ᠵᠢᠯ ᠤᠨ ᠲᠥᠯᠥᠪᠵᠢᠭᠦᠯᠭᠡ ᠶᠢᠨ ᠬᠤᠭᠤᠴᠠᠭᠠᠨ ᠳᠠᠬᠢ ᠰᠢᠨ᠎ᠡ ᠪᠠᠷ ᠡᠷᠭᠢᠯᠡᠭᠰᠡᠨ ᠭᠠᠶᠢᠯᠢ ᠲᠠᠢ ᠬᠤᠯᠪᠣᠭᠳᠠᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠥᠩᠭᠡᠷᠡᠭᠰᠡᠨ ᠲᠠᠪᠤᠨ ᠵᠢᠯ ᠤᠨ ᠭᠠᠶᠢᠯᠢ ᠲᠤᠰᠢᠶᠠᠭᠰᠠᠨ ᠬᠡᠮᠵᠢᠶ᠎ᠡ ᠨᠢ ᠨᠡᠶᠢᠲᠡ 7.8 ᠲᠦᠮᠡᠨ ᠳ᠋ᠦᠩᠰᠢᠭᠤᠷ ᠲᠥᠭᠦᠷᠢᠭ ᠢ ᠳᠠᠪᠠᠵᠤ᠂ ᠠᠳᠠᠯᠢ ᠬᠤᠭᠤᠴᠠᠭᠠᠨ ᠤ ᠰᠢᠨ᠎ᠡ ᠪᠠᠷ ᠨᠡᠮᠡᠭᠳᠡᠭᠰᠡᠨ ᠭᠠᠶᠢᠯᠢ ᠶᠢ ᠬᠥᠩᠭᠡᠯᠡᠵᠦ ᠰᠦᠢᠳᠬᠡᠯ ᠢ ᠪᠠᠭᠤᠷᠠᠭᠤᠯᠬᠤ ᠬᠡᠪᠴᠢᠶ᠎ᠡ ᠠᠴᠠ ᠴᠦ ᠶᠡᠭᠡ ᠪᠣᠯᠵᠠᠶ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠥᠭᠵᠢᠯᠲᠡ ᠨᠢ ᠠᠵᠤ ᠠᠬᠤᠶ ᠶᠢᠨ ᠪᠦᠲᠦᠴᠡ ᠶᠢ ᠰᠢᠯᠢᠳᠡᠭᠵᠢᠭᠦᠯᠵᠦ᠂ ᠰᠢᠨ᠎ᠡ ᠬᠥᠳᠡᠯᠭᠡᠭᠴᠢ ᠡᠨᠧᠷᠭᠢ ᠶᠢ ᠪᠤᠵᠠᠭᠠᠶᠢᠷᠠᠭᠤᠯᠵᠤ᠂ ᠠᠵᠤ ᠠᠬᠤᠶ ᠶᠢᠨ ᠣᠷᠴᠢᠯ ᠤᠨ ᠰᠠᠭᠠᠳ ᠦᠭᠡᠢ ᠨᠡᠪᠲᠡᠷᠡᠬᠦ ᠶᠢ ᠠᠬᠢᠭᠤᠯᠪᠠ᠃ ᠤᠶᠢᠢᠷ᠎ᠠ ᠶᠢᠨ ᠵᠢᠯ ᠤᠳ ᠲᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠲᠤᠭ᠎ᠠ ᠵᠢᠯ ᠪᠦᠷᠢ ᠮᠢᠩᠭᠠᠨ ᠲᠦᠮᠡ ᠶᠢᠨ ᠳᠡᠰ ᠢᠶᠠᠷ ᠨᠡᠮᠡᠭᠳᠡᠬᠦ ᠪᠠᠶᠢᠳᠠᠯ ᠢᠯᠡᠷᠡᠵᠦ᠂ ᠶᠡᠭᠡ ᠬᠡᠮᠵᠢᠶᠡᠨ ᠤ ᠰᠢᠨ᠎ᠡ ᠪᠦᠲᠦᠮᠵᠢᠲᠡᠢ ᠬᠠᠩᠭᠠᠯᠭ᠎ᠠ ᠪᠠ ᠪᠡᠯᠡ ᠣᠷᠣᠭᠤᠯᠤᠯᠲᠠ ᠶᠢᠨ ᠬᠡᠷᠡᠭᠯᠡᠭᠡ ᠱᠠᠭᠠᠷᠳᠠᠯᠭ᠎ᠠ ᠶᠢ ᠪᠤᠢ ᠪᠣᠯᠭᠠᠵᠠᠢ︔ ᠵᠢᠵᠢᠭ ᠪᠢᠴᠢᠯ ᠠᠵᠤ ᠠᠬᠤᠶᠢᠯᠠᠯ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠬᠡ ᠨᠡᠩ ᠴᠤ ᠥᠷᠨᠢᠨ ᠬᠥᠭᠵᠢᠵᠦ᠂ ᠲᠡᠳᠡᠨ ᠤ ᠠᠵᠤ ᠦᠢᠯᠡᠰ ᠤᠨ ᠬᠡᠯᠬᠢᠶ᠎ᠡ ᠶᠢᠨ ᠬᠠᠩᠭᠠᠯᠭ᠎ᠠ ᠶᠢᠨ ᠬᠡᠯᠬᠢᠶ᠎ᠡ ︽ᠬᠢᠯᠭᠠᠰᠤᠨ ᠰᠤᠳᠠᠰᠤ︾ ᠪᠠ ᠵᠠᠬ᠎ᠠ ᠳᠡᠯᠭᠡᠭᠦᠷ ᠤᠨ ︽ᠮᠡᠳᠡᠷᠡᠯ ᠤᠨ ᠰᠡᠵᠢᠭᠦᠷ︾ ᠪᠣᠯᠤᠭᠰᠠᠨ ᠤ ᠬᠤᠪᠢ ᠳᠤ᠂ ᠮᠠᠨ ᠤ ᠤᠯᠤᠰ ᠤᠨ ᠠᠵᠤ ᠦᠢᠯᠡᠰ ᠪᠠ ᠵᠠᠬ᠎ᠠ ᠳᠡᠯᠭᠡᠭᠦᠷ ᠤᠨ ᠲᠣᠭᠲᠠᠯᠴᠠᠭ᠎ᠠ ᠶᠢ ᠲᠡᠭᠦᠯᠳᠡᠷᠵᠢᠭᠦᠯᠬᠦ ᠳᠤ ᠥᠪᠡᠷᠮᠢᠴᠡ ᠴᠢᠬᠤᠯᠠ ᠦᠢᠯᠡᠳᠦᠯ ᠢᠶᠠᠨ ᠪᠠᠳᠠᠷᠠᠭᠤᠯᠪᠠ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠥᠭᠵᠢᠯᠲᠡ ᠨᠢ ᠰᠢᠨᠵᠢᠯᠡᠬᠦ ᠤᠬᠠᠭᠠᠨ ᠮᠡᠷᠭᠡᠵᠢᠯ ᠤᠨ ᠰᠢᠨ᠎ᠡ ᠡᠭᠦᠳᠦᠯᠲᠡ ᠶᠢ ᠠᠬᠢᠭᠤᠯᠵᠤ᠂ ᠠᠵᠤ ᠠᠬᠤᠶ ᠶᠢᠨ ᠰᠢᠨ᠎ᠡ ᠬᠠᠭᠤᠴᠢᠨ ᠬᠥᠳᠡᠯᠭᠡᠭᠴᠢ ᠡᠨᠧᠷᠭᠢ ᠶᠢᠨ ᠲᠦᠷᠭᠡᠪᠴᠢᠯᠡᠨ ᠰᠣᠯᠢᠭᠳᠠᠬᠤ ᠶᠢ ᠠᠬᠢᠭᠤᠯᠤᠭᠰᠠᠨ ᠢ ᠪᠠᠰᠠ ᠣᠯᠵᠤ ᠬᠠᠷᠠᠬᠤ ᠬᠡᠷᠡᠭᠲᠡᠶ᠃ ᠣᠳᠣᠬᠠᠨ ᠳᠤ᠂ ᠮᠠᠨ ᠤ ᠤᠯᠤᠰ ᠤᠨ ︽ᠭᠤᠷᠪᠠᠨ ᠰᠢᠨ᠎ᠡ︾ ᠠᠵᠤ ᠠᠬᠤᠶ ᠶᠢᠨ ᠨᠡᠮᠡᠭᠳᠡᠯ ᠥᠷᠲᠡᠭ ᠤᠨ GDP ᠳᠤ ᠡᠵᠡᠯᠡᠬᠦ ᠬᠤᠪᠢ ᠶᠢᠨ ᠵᠢᠩ ᠨᠢᠭᠡᠨᠲᠡ 16% ᠶᠢ ᠳᠠᠪᠠᠵᠤ᠂ ᠮᠠᠰᠢ ᠣᠯᠠᠨ ᠤᠯᠠᠮᠵᠢᠯᠠᠯᠲᠤ ᠠᠵᠤ ᠦᠢᠯᠡᠰ ᠴᠦ ᠰᠢᠨ᠎ᠡ ᠮᠡᠷᠭᠡᠵᠢᠯ ᠰᠢᠨ᠎ᠡ ᠡᠵᠡᠩᠨᠡᠯᠲᠡ ᠶᠢᠨ ᠬᠡᠯᠪᠡᠷᠢ ᠪᠠᠶᠢᠳᠠᠯ ᠢᠶᠠᠷ ᠳᠡᠮᠵᠢᠨ ᠰᠤᠳᠤᠯᠤᠨ ᠨᠡᠭᠡᠭᠡᠬᠦ ᠪᠠ ᠦᠢᠯᠡᠳᠪᠦᠷᠢᠯᠡᠵᠦ ᠡᠵᠡᠩᠨᠡᠬᠦ ᠠᠷᠭ᠎ᠠ ᠮᠠᠶ᠋ᠢᠭ ᠢ ᠳᠠᠬᠢᠨ ᠪᠦᠲᠦᠭᠡᠪᠡ᠃ ᠠᠷᠪᠠᠨ ᠭᠤᠷᠪᠠᠳᠤᠭᠠᠷ ᠲᠠᠪᠤᠨ ᠵᠢᠯ ᠤᠨ ᠲᠥᠯᠥᠪᠵᠢᠭᠦᠯᠭᠡ ᠶᠢᠨ ᠬᠤᠭᠤᠴᠠᠭᠠᠨ ᠳᠤ᠂ ᠪᠥᠬᠦ ᠤᠯᠤᠰ ᠤᠨ ᠳᠡᠭᠡᠳᠦ ᠰᠢᠨ᠎ᠡ ᠮᠡᠷᠭᠡᠵᠢᠯ ᠤᠨ ᠠᠵᠤ ᠠᠬᠤᠶᠢᠯᠠᠯ 7.6 ᠲᠦᠮᠡ ᠪᠠᠶᠢᠭᠰᠠᠨ ᠠᠴᠠ ᠪᠠᠨ 27.5 ᠲᠦᠮᠡ ᠪᠣᠯᠵᠣ ᠨᠡᠮᠡᠭᠳᠡᠪᠡ᠃ ᠭᠠᠳᠠᠭᠠᠳᠤ ᠶᠢᠨ ᠪᠠᠶᠢᠭᠤᠯᠤᠮᠵᠢ ᠶᠢᠨ ᠪᠦᠷᠢᠳᠬᠡᠭᠰᠡᠨ ᠢᠶᠠᠷ᠂ ᠨᠢᠳᠤᠨᠤᠨ ᠪᠥᠬᠦ ᠳᠡᠯᠡᠬᠡᠶ ᠶᠢᠨ 500 ᠭᠠᠷᠤᠶ ︽ᠭᠠᠭᠴᠠ ᠡᠪᠡᠷᠲᠦ︾ ᠠᠵᠤ ᠠᠬᠤᠶᠢᠯᠠᠯ ᠳᠣᠲᠣᠷ᠎ᠠ᠂ ᠮᠠᠨ ᠤ ᠤᠯᠤᠰ ᠤᠨ ᠡᠬᠡ ᠬᠠᠭᠤᠷᠠᠶ ᠳᠤ ᠳᠠᠷᠤᠢ 112 ᠠᠵᠤ ᠠᠬᠤᠶᠢᠯᠠᠯ ᠪᠠᠶᠢᠵᠤ᠂ ᠲᠤᠭ᠎ᠠ ᠬᠡᠮᠵᠢᠶ᠎ᠡ ᠪᠠᠷ ᠬᠤᠶᠠᠳᠤᠭᠠᠷ ᠲᠤ ᠤᠷᠤᠭᠰᠠᠨ ᠪᠠᠶᠢᠨ᠎ᠠ᠃ ︽ᠢᠨᠲ᠋ᠧᠷ ᠰᠦᠯᠵᠢᠶ᠎ᠡ +︾ ᠵᠡᠷᠭᠡ ᠶᠢᠨ ᠲᠦᠷᠭᠡᠨ ᠬᠥᠭᠵᠢᠯᠲᠡ ᠨᠢ ᠡᠬᠢ ᠪᠠᠶᠠᠯᠢᠭ ᠤᠨ ᠲᠣᠬᠢᠷᠠᠭᠤᠯᠤᠯᠲᠠ ᠶᠢᠨ ᠦᠷ᠎ᠡ ᠪᠦᠲᠦᠮᠵᠢ ᠶᠢ ᠳᠡᠭᠡᠭᠰᠢᠯᠡᠭᠦᠯᠵᠦ᠂ ᠰᠢᠯᠢᠳᠡᠭ ᠰᠤᠷᠭᠠᠨ ᠬᠥᠮᠦᠵᠢᠯ᠂ ᠡᠮ ᠡᠮᠨᠡᠯᠭᠡ ᠵᠡᠷᠭᠡ ᠠᠷᠠᠳ ᠤᠨ ᠠᠮᠢᠳᠤᠷᠠᠯ ᠤᠨ ᠡᠬᠢ ᠪᠠᠶᠠᠯᠢᠭ ᠤᠨ ᠬᠥᠳᠡᠭᠡ ᠲᠣᠰᠬᠤᠨ᠂ ᠪᠤᠶᠢᠳᠠ ᠪᠥᠭᠯᠡᠭᠦᠤ ᠭᠠᠵᠠᠷ ᠣᠷᠣᠨ ᠲᠡᠶᠢᠰᠢ ᠥᠷᠭᠡᠵᠢᠬᠦ ᠶᠢ ᠠᠬᠢᠭᠤᠯᠤᠭᠰᠠᠨ ᠢᠶᠠᠷ ᠪᠠᠷᠠᠬᠤ ᠥᠬᠡᠶ᠂ ᠵᠠᠬ᠎ᠠ ᠳᠡᠯᠭᠡᠭᠦᠷ ᠤᠨ ᠣᠷᠣᠨ ᠵᠠᠶ ᠶᠢ ᠥᠷᠭᠡᠳᠬᠡᠪᠡ᠃ ᠡᠨᠡ ᠵᠢᠯ ᠤᠨ 1 — 4 ᠰᠠᠷ᠎ᠠ ᠳᠤ ᠪᠥᠬᠦ ᠤᠯᠤᠰ ᠤᠨ ᠰᠦᠯᠵᠢᠶᠡᠨ ᠳᠡᠭᠡᠷ᠎ᠡ ᠵᠢᠵᠢᠭᠯᠡᠨ ᠬᠤᠳᠠᠯᠳᠤᠭᠰᠠᠨ ᠬᠡᠮᠵᠢᠶ᠎ᠡ ᠶᠢᠨ ᠨᠡᠶᠢᠭᠡᠮ ᠤᠨ ᠬᠡᠷᠡᠭᠯᠡᠭᠡ ᠶᠢᠨ ᠵᠦᠢᠯᠡᠰ ᠤᠨ ᠵᠢᠵᠢᠭᠯᠡᠨ ᠬᠤᠳᠠᠯᠳᠤᠭᠰᠠᠨ ᠪᠥᠬᠦ ᠲᠣᠭᠠᠨ ᠳᠠᠬᠢ ᠡᠵᠡᠯᠡᠬᠦ ᠬᠤᠪᠢ ᠶᠢᠨ ᠵᠢᠩ ᠨᠢ 22% ᠢ ᠳᠠᠪᠠᠵᠤ᠂ ᠨᠢᠳᠤᠨᠤᠨ ᠤ ᠬᠢᠯᠢ ᠠᠯᠤᠰᠯᠠᠭᠰᠠᠨ ᠡᠯᠧᠺᠳ᠋ᠷᠣᠨ ᠬᠤᠳᠠᠯᠳᠤᠭᠠᠨ ᠤ ᠬᠠᠮᠢᠶᠠᠷᠤᠯᠲᠠ ᠶᠢᠨ ᠲᠠᠪᠴᠠᠩ ᠤᠨ ᠭᠠᠳᠠᠭᠠᠳᠤ ᠳᠤ ᠭᠠᠷᠭᠠᠭᠰᠠᠨ ᠬᠡᠮᠵᠢᠶ᠎ᠡ ᠠᠳᠠᠯᠢ ᠬᠤᠭᠤᠴᠠᠭᠠᠨ ᠤ ᠬᠢ ᠠᠴᠠ 150% ᠠᠴᠠ ᠳᠡᠭᠡᠭᠰᠢ ᠨᠡᠮᠡᠭᠳᠡᠵᠡᠶ᠂ ᠡᠨᠡ ᠨᠢ ᠠᠵᠤ ᠦᠢᠯᠡᠳᠪᠦᠷᠢ ᠲᠠᠷᠢᠶᠠᠯᠠᠩ ᠤᠨ ᠦᠢᠯᠡᠳᠪᠦᠷᠢᠯᠡᠯ ᠪᠠ ᠭᠠᠳᠠᠭᠠᠳᠤ ᠠᠷᠠᠯᠵᠢᠶ᠎ᠠ ᠳᠤ ᠵᠠᠬ᠎ᠠ ᠳᠡᠯᠭᠡᠭᠦᠷ ᠤᠨ ᠰᠢᠨ᠎ᠡ ᠠᠷᠭ᠎ᠠ ᠵᠠᠮ ᠢ ᠨᠡᠭᠡᠭᠡᠵᠦ ᠥᠭᠭᠦᠭᠰᠡᠨ ᠪᠠᠶᠢᠨ᠎ᠠ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠪᠠᠶᠢᠳᠠᠯ ᠨᠢ ᠪᠠᠰᠠ ᠣᠷᠣᠨ ᠪᠦᠰᠡ ᠶᠢᠨ ᠬᠥᠭᠵᠢᠯᠲᠡ ᠶᠢᠨ ᠠᠮᠢᠵᠢᠷᠠᠯ ᠤᠨ ᠬᠦᠴᠦᠨ ᠪᠠ ᠰᠡᠯᠭᠦᠬᠦ ᠬᠦᠴᠦᠨ ᠲᠠᠢ ᠬᠤᠯᠪᠣᠭᠳᠠᠳᠠᠭ᠃ ᠦᠢᠯᠡᠳᠦᠯᠭᠡ ᠶᠢᠨ ᠢᠯᠡᠷᠡᠭᠦᠯᠦᠭᠰᠡᠨ ᠢᠶᠠᠷ᠂ ᠠᠯᠢ ᠭᠠᠵᠠᠷ ᠣᠷᠣᠨ ᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠥᠭᠵᠢᠯᠲᠡ ᠨᠢ ᠰᠠᠶᠢᠨ ᠪᠠᠶᠢᠪᠠᠯ᠂ ᠣᠷᠣᠨ ᠨᠤᠲᠤᠭ ᠤᠨ ᠠᠵᠤ ᠠᠬᠤᠶ ᠶᠢᠨ ᠬᠥᠭᠵᠢᠯᠲᠡ ᠨᠢ ᠳᠠᠷᠤᠶ ᠰᠠᠶᠢᠨ ᠪᠠᠶᠢᠵᠤ᠂ ᠠᠷᠠᠳ ᠤᠨ ᠠᠮᠢᠳᠤᠷᠠᠯ ᠤᠨ ᠰᠠᠶᠢᠵᠢᠷᠠᠯᠲᠠ ᠨᠢ ᠳᠠᠷᠤᠶ ᠲᠦᠷᠭᠡᠨ ᠪᠣᠯᠵᠤ ᠴᠢᠳᠠᠨ᠎ᠠ᠃ ᠤᠶᠢᠢᠷ᠎ᠠ ᠶᠢᠨ ᠵᠢᠯ ᠤᠳ ᠲᠤ᠂ ᠮᠠᠨ ᠤ ᠤᠯᠤᠰ ᠤᠨ ᠭᠠᠵᠠᠷ ᠣᠷᠣᠨ ᠤ ᠬᠥᠭᠵᠢᠯᠲᠡ ᠳᠤ ᠵᠥᠷᠢᠶ᠎ᠡ ᠡᠭᠦᠰᠦᠭᠰᠡᠨ ᠨᠢᠭᠡᠨ ᠴᠢᠬᠤᠯᠠ ᠰᠢᠯᠲᠠᠭᠠᠨ ᠪᠣᠯ ᠳᠠᠷᠤᠶ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠥᠭᠵᠢᠯᠲᠡ ᠶᠢᠨ ᠪᠠᠶᠢᠳᠠᠯ ᠠᠳᠠᠯᠢ ᠪᠤᠰᠤ ᠪᠠᠶᠢᠬᠤ ᠠᠴᠠ ᠪᠣᠯᠵᠠᠢ᠃ ᠵᠠᠷᠢᠮ ᠭᠠᠵᠠᠷ ᠣᠷᠣᠨ ᠳᠤ ᠰᠢᠨ᠎ᠡ ᠪᠠᠷ ᠪᠤᠢ ᠪᠣᠯᠤᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠴᠥᠭᠡᠨ ᠪᠠᠶᠢᠬᠤ ᠪᠠᠷ ᠪᠠᠷᠠᠬᠤ ᠦᠭᠡᠢ᠂ ᠴᠢᠨᠠᠭᠰᠢᠯᠠᠪᠠᠯ ᠤᠤᠯ ᠤᠨ ᠪᠠᠶᠢᠭᠰᠠᠨ ᠵᠠᠬ᠎ᠠ ᠳᠡᠯᠭᠡᠭᠦᠷ ᠤᠨ ᠭᠤᠣᠯ ᠴᠣᠭᠴᠠ ᠨᠢ ᠴᠤ ᠲᠠᠰᠤᠷᠠᠯᠳᠠ ᠦᠭᠡᠢ ᠤᠬᠤᠷᠢᠨ ᠭᠠᠷᠤᠭᠰᠠᠨ ᠠᠴᠠ᠂ ᠠᠵᠤ ᠠᠬᠤᠶ ᠶᠢᠨ ᠬᠥᠭᠵᠢᠯᠲᠡ ᠨᠢ ᠠᠮᠢᠵᠢᠷᠠᠯ ᠤᠨ ᠬᠦᠴᠦᠨ ᠳᠤᠲᠠᠵᠤ᠂ ᠰᠠᠭᠤᠭᠠᠯᠢ ᠠᠷᠠᠳ ᠤᠨ ᠠᠵᠢᠯ ᠣᠯᠭᠤᠯᠲᠠ᠂ ᠣᠷᠣᠯᠭ᠎ᠠ ᠵᠡᠷᠭᠡ ᠨᠢ ᠴᠦ ᠨᠥᠯᠥᠭᠡᠯᠡᠭᠳᠡᠪᠡ᠃ ᠡᠨᠡ ᠨᠢ ᠠᠳᠠᠯᠢ ᠪᠤᠰᠤ ᠭᠠᠵᠠᠷ ᠣᠷᠣᠨ ᠤ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠵᠥᠷᠢᠶ᠎ᠡ ᠶᠢ ᠲᠤᠰᠬᠠᠵᠤ ᠪᠠᠶᠢᠨ᠎ᠠ᠃ ᠬᠤᠯᠪᠣᠭᠳᠠᠯ ᠪᠦᠬᠦᠢ ᠭᠠᠵᠠᠷ ᠣᠷᠣᠨ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠰᠠᠶᠢᠵᠢᠷᠠᠯᠲᠠ ᠶᠢ ᠴᠢᠩᠭ᠎ᠠ ᠠᠳᠬᠤᠵᠤ᠂ ᠵᠥᠷᠢᠶ᠎ᠡ ᠶᠢ ᠳᠠᠯᠳᠠ ᠬᠦᠴᠦᠨ ᠪᠣᠯᠭᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠪᠤᠶᠢᠵᠢᠭᠤᠯᠤᠨ ᠪᠤᠵᠠᠭᠠᠶᠢᠷᠠᠭᠤᠯᠬᠤ ᠲᠠᠯ᠎ᠠ ᠪᠠᠷ ᠲᠠᠰᠤᠷᠠᠯᠲᠠ ᠦᠭᠡᠢ ᠰᠢᠨ᠎ᠡ ᠦᠷ᠎ᠡ ᠪᠦᠲᠦᠮᠵᠢ ᠤᠯᠬᠤ ᠪᠠᠷ ᠴᠢᠷᠮᠠᠶᠢᠵᠤ᠂ ᠡᠭᠦᠨ ᠢᠶᠠᠷ ᠳᠠᠮᠵᠢᠨ ᠭᠠᠵᠠᠷ ᠣᠷᠣᠨ ᠤ ᠬᠥᠭᠵᠢᠯᠲᠡ ᠶᠢᠨ ᠦᠷᠢᠰᠦᠯᠳᠦᠬᠦ ᠬᠦᠴᠦᠨ ᠪᠣᠯᠤᠨ ᠶᠡᠷᠦᠩᠬᠡᠶᠢᠯᠡᠭᠰᠡᠨ ᠪᠣᠳᠠᠲᠤ ᠬᠦᠴᠦᠨ ᠢ ᠳᠡᠭᠡᠭᠰᠢᠯᠡᠭᠦᠯᠬᠦ ᠬᠡᠷᠡᠭᠲᠡᠢ᠃ ᠣᠳᠣᠬᠠᠨ ᠳᠤ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠠᠳᠠᠯ ᠦᠢᠯᠡᠰ ᠴᠣᠭᠴᠠᠯᠠᠬᠤ ᠬᠥᠭᠵᠢᠯᠲᠡ ᠨᠢ ᠮᠥᠨ ᠬᠦ ᠪᠠᠭ᠎ᠠ ᠪᠤᠰᠤ ᠬᠠᠷᠰᠢ ᠰᠠᠭᠠᠳ ᠲᠤ ᠲᠤᠯᠭᠠᠷᠠᠵᠤ ᠪᠠᠶᠢᠨ᠎ᠠ᠂ ᠡᠷᠬᠡᠪᠰᠢ ᠥᠭᠡᠷᠡᠴᠢᠯᠡᠯᠲᠡ ᠶᠢ ᠪᠦᠬᠦ ᠲᠠᠯ᠎ᠠ ᠪᠠᠷ ᠭᠦᠨᠵᠡᠭᠡᠶᠢᠷᠡᠭᠦᠯᠵᠦ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠬᠦᠴᠢᠷ ᠲᠦᠪᠡᠭᠲᠡᠢ ᠲᠠᠯ᠎ᠠ ᠠᠴᠠ ᠭᠠᠷᠳᠠᠨ ᠬᠢᠬᠦ ᠶᠢ ᠪᠠᠷᠢᠮᠲᠠᠯᠠᠵᠤ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠪᠦᠬᠦ ᠬᠡᠯᠬᠢᠶ᠎ᠡ ᠪᠠᠷ ᠰᠢᠯᠢᠳᠡᠭᠵᠢᠭᠦᠯᠵᠦ ᠬᠢᠨᠠᠨ ᠵᠥᠪᠰᠢᠶᠡᠷᠡᠬᠦ᠂ ᠪᠦᠬᠦ ᠶᠠᠪᠤᠴᠠ ᠳᠤ ᠲᠥᠪ ᠭᠤᠣᠯᠴᠢ ᠪᠠᠷ ᠬᠢᠨᠠᠨ ᠬᠠᠮᠢᠶᠠᠷᠬᠤ᠂ ᠪᠦᠬᠦ ᠦᠶᠡᠯᠡᠯ ᠢᠶᠠᠷ ᠦᠢᠯᠡᠴᠢᠯᠡᠭᠡ ᠶᠢ ᠳᠡᠭᠡᠭᠰᠢᠯᠡᠭᠦᠯᠬᠦ ᠶᠢ ᠠᠬᠢᠭᠤᠯᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠨᠡᠩ ᠬᠥᠭᠵᠢᠶᠡᠨᠲᠡᠢ ᠪᠣᠯᠭᠠᠵᠤ᠂ ᠡᠷᠬᠡ ᠲᠡᠭᠰᠢ ᠪᠠᠷ ᠦᠷᠢᠰᠦᠯᠳᠦᠬᠦᠯᠵᠦ᠂ ᠰᠢᠨ᠎ᠡ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠳᠠᠰᠤᠷᠠᠯᠳᠠ ᠦᠬᠡᠢ ᠪᠤᠢ ᠪᠣᠯᠭᠠᠬᠤ ᠬᠡᠷᠡᠭᠲᠡᠢ᠃ ᠵᠠᠰᠠᠭ ᠤᠨ ᠣᠷᠳᠣᠨ ᠪᠠᠰᠠ ᠤᠯᠠᠨ ᠨᠡᠶᠢᠲᠡ ᠶᠢᠨ ᠦᠢᠯᠡᠴᠢᠯᠡᠭᠡ ᠶᠢ ᠰᠢᠯᠢᠳᠡᠭᠵᠢᠭᠦᠯᠵᠦ᠂ ︽ᠬᠤᠶᠠᠷ ᠢ ᠬᠠᠩᠭᠠᠬᠤ︾ ᠲᠠᠯ᠎ᠠ ᠪᠠᠷ ᠨᠡᠩ ᠶᠡᠭᠡ ᠬᠦᠴᠦ ᠵᠠᠷᠤᠴᠠᠭᠤᠯᠬᠤ ᠬᠡᠷᠡᠭᠲᠡᠶ᠃ ᠨᠢᠭᠡ ᠲᠠᠯ᠎ᠠ ᠪᠠᠷ ᠨᠢ᠂ ᠠᠵᠤ ᠠᠬᠤᠶᠢᠯᠠᠯ ᠠᠵᠢᠯ ᠦᠢᠯᠡᠰ ᠤᠨ ᠨᠢᠭᠡᠴᠢ ᠪᠠ ᠨᠡᠶᠢᠭᠡᠮ ᠤᠨ ᠬᠦᠴᠦᠨ ᠤ ᠢᠳᠡᠪᠬᠢᠵᠢᠯ ᠢ ᠭᠦᠢᠴᠡᠳ ᠲᠠᠶᠢᠴᠢᠯᠠᠵᠤ᠂ ᠤᠰᠤ ᠴᠠᠬᠢᠯᠭᠠᠨ ᠬᠡᠢ ᠢᠯᠴᠢ᠂ ᠵᠠᠮ ᠬᠠᠷᠢᠯᠴᠠᠭ᠎ᠠ᠂ ᠴᠠᠬᠢᠯᠭᠠᠨ ᠬᠤᠯᠪᠣᠭ᠎ᠠ ᠵᠡᠷᠭᠡ ᠰᠠᠭᠤᠷᠢ ᠪᠡᠯᠡᠳᠬᠡᠮᠵᠢ ᠶᠢᠨ ᠲᠠᠯ᠎ᠠ ᠪᠠᠷ ᠬᠠᠩᠭᠠᠯᠭ᠎ᠠ ᠶᠢ ᠨᠡᠮᠡᠭᠳᠡᠭᠦᠯᠵᠦ᠂ ᠦᠢᠯᠡᠴᠢᠯᠡᠭᠡᠨ ᠤ ᠶᠠᠰᠤ ᠴᠢᠨᠠᠷ ᠪᠠ ᠬᠢᠷᠢ ᠲᠦᠪᠰᠢᠨ ᠢ ᠳᠡᠭᠡᠭᠰᠢᠯᠡᠭᠦᠯᠵᠦ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠡᠵᠡᠩᠨᠡᠯᠲᠡ ᠬᠥᠭᠵᠢᠯᠲᠡ ᠳᠤ ᠰᠠᠶᠢᠨ ᠰᠠᠶᠢᠬᠠᠨ ᠨᠥᠬᠦᠴᠡᠯ ᠢ ᠪᠦᠷᠢᠯᠳᠦᠭᠦᠯᠵᠦ ᠥᠭᠬᠦ ᠬᠡᠷᠡᠭᠲᠡᠢ᠃ ᠨᠦᠭᠦᠭᠡ ᠲᠠᠯ᠎ᠠ ᠪᠠᠷ ᠨᠢ ᠠᠷᠠᠳ ᠤᠨ ᠦᠨᠳᠦᠰᠦᠨ‌ᠠᠮᠢᠳᠤᠷᠠᠯ ᠢ ᠰᠠᠶᠢᠲᠤᠷ ᠪᠠᠲᠤᠯᠠᠵᠤ᠂ ᠴᠢᠳᠠᠯ ᠤᠨ ᠢᠶᠠᠨ ᠬᠢᠷᠢ ᠪᠠᠷ ᠴᠢᠷᠮᠠᠶᠢᠵᠤ᠂ ᠬᠦᠴᠦᠨ ᠤ ᠪᠠᠨ ᠬᠢᠷᠢ ᠪᠠᠷ ᠬᠢᠵᠦ᠂ ᠠᠯᠪᠠᠨ ᠵᠢᠷᠤᠮ ᠤᠨ ᠰᠤᠷᠭᠠᠨ ᠬᠥᠮᠦᠵᠢᠯ᠂ ᠦᠨᠳᠦᠰᠦᠨ ᠡᠮ ᠡᠮᠨᠡᠯᠭᠡ᠂ ᠦᠨᠳᠦᠰᠦᠨ ᠣᠷᠣᠨ ᠰᠠᠭᠤᠴᠠ ᠵᠡᠷᠭᠡ ᠶᠢᠨ ᠪᠠᠲᠤᠯᠠᠭ᠎ᠠ ᠶᠢ ᠭᠤᠣᠯᠳᠠᠯᠭ᠎ᠠ ᠲᠠᠢ ᠴᠢᠩᠭᠠᠳᠬᠠᠵᠤ᠂ ᠠᠵᠢᠯ ᠠᠯᠳᠠᠭᠰᠠᠳ ᠤᠨ ᠪᠠᠲᠤᠯᠠᠭ᠎ᠠ᠂ ᠠᠮᠢᠳᠤᠯᠢᠭ ᠢᠶᠠᠷ ᠠᠵᠢᠯ ᠣᠯᠤᠭᠰᠠᠳ ᠤᠨ ᠦᠨᠳᠦᠰᠦᠨ ᠡᠷᠬᠡ ᠠᠰᠢᠭ ᠤᠨ ᠪᠠᠲᠤᠯᠠᠭ᠎ᠠ ᠵᠡᠷᠭᠡ ᠲᠦᠷᠢᠮ ᠢ ᠲᠡᠭᠦᠯᠳᠡᠷᠵᠢᠭᠦᠯᠵᠦ᠂ ᠪᠠᠲᠤᠯᠠᠭ᠎ᠠ ᠶᠢᠨ ᠬᠢᠷᠢ ᠲᠦᠪᠰᠢᠨ ᠢ ᠠᠯᠬᠤᠮ ᠠᠯᠬᠤᠮ ᠢᠶᠠᠷ ᠳᠡᠭᠡᠭᠰᠢᠯᠡᠭᠦᠯᠬᠦ ᠬᠡᠷᠡᠭᠲᠡᠢ᠃ ᠨᠡᠶᠢᠭᠡᠮ ᠤᠨ ᠪᠠᠲᠤᠯᠠᠭ᠎ᠠ ᠶᠢᠨ ︽ᠠᠮᠤᠷ ᠲᠦᠪᠰᠢᠨ ᠤ ᠲᠣᠣᠷ︾ ᠢ ᠨᠢᠭᠲᠠ ᠪᠥᠭᠡᠳ ᠪᠠᠲᠤ ᠰᠦᠯᠵᠢᠬᠦ ᠪᠠᠷ ᠳᠠᠮᠵᠢᠭᠤᠯᠵᠤ᠂ ᠬᠤᠶᠢᠰᠢᠳᠠ ᠶᠢᠨ ᠵᠣᠪᠠᠨᠢᠯ ᠢ ᠠᠷᠢᠯᠭᠠᠵᠤ᠂ ᠠᠷᠠᠳ ᠤᠯᠠᠨ ᠢ ᠵᠣᠷᠢᠭᠲᠠᠢ ᠪᠠᠷ ᠠᠳᠠᠯ ᠦᠢᠯᠡᠰ ᠴᠣᠭᠴᠠᠯᠠᠭᠤᠯᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠵᠣᠷᠢᠭᠲᠠᠢ ᠪᠠᠷ ᠰᠢᠨ᠎ᠡ ᠶᠢ ᠡᠭᠦᠳᠦᠨ ᠬᠥᠭᠵᠢᠭᠦᠯᠬᠦ ᠬᠡᠷᠡᠭᠲᠡᠢ᠃ ᠭᠤᠷᠪᠠ᠂ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠠᠩᠬᠠᠷᠤᠯ ᠳᠤ ᠲᠥᠪᠯᠡᠷᠡᠭᠦᠯᠵᠦ᠂ ᠵᠠᠬ᠎ᠠ ᠳᠡᠯᠭᠡᠭᠦᠷᠴᠢᠯᠡᠭᠰᠡᠨ ᠬᠠᠤᠯᠢᠵᠢᠭᠰᠠᠨ ᠳᠡᠯᠡᠬᠡᠶᠢᠴᠢᠯᠡᠭᠰᠡᠨ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠦᠷᠭᠦᠯᠵᠢᠯᠡᠨ ᠪᠣᠶ ᠪᠣᠯᠭᠠᠨ᠎ᠠ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠪᠣᠯ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠲᠤᠯᠭᠠᠷᠠᠵᠤ ᠪᠠᠶᠢᠭ᠎ᠠ ᠲᠦᠷᠢᠮ ᠤᠨ ᠴᠢᠨᠠᠷᠲᠠᠶ ᠨᠥᠬᠦᠴᠡᠯ ᠮᠥᠨ᠂ ᠲᠡᠳᠡᠨ ᠤ ᠣᠷᠣᠰᠢᠨ ᠲᠣᠭᠲᠠᠨᠢᠵᠤ ᠬᠥᠭᠵᠢᠬᠦ ᠶᠢᠨ ᠬᠥᠷᠥᠰᠥ ᠰᠢᠷᠣᠶ ᠮᠥᠨ᠃ ᠠᠰᠢᠭᠲᠠᠢ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠪᠣᠯ ᠳᠠᠷᠤᠢ ᠦᠢᠯᠡᠳᠪᠦᠷᠢᠯᠡᠯ ᠤᠨ ᠬᠦᠴᠦᠨ᠂ ᠦᠷᠢᠰᠦᠯᠳᠦᠬᠦ ᠬᠦᠴᠦᠨ ᠪᠣᠯᠤᠨ᠎ᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠪᠣᠯ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠵᠠᠩᠭᠢᠯᠠᠭ᠎ᠠ ᠶᠢᠨ ᠠᠷᠭ᠎ᠠ ᠬᠡᠮᠵᠢᠶ᠎ᠡ ᠪᠣᠯᠤᠨ᠎ᠠ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠳᠤ᠂ ᠵᠠᠬ᠎ᠠ ᠳᠡᠯᠭᠡᠭᠦᠷᠴᠢᠯᠡᠬᠦ᠂ ᠬᠠᠤᠯᠢᠵᠢᠬᠤ᠂ ᠣᠯᠠᠨ ᠤᠯᠤᠰᠴᠢᠯᠠᠬᠤ ᠶᠢ ᠪᠦᠬᠦᠯᠢ ᠴᠣᠭᠴᠠ ᠪᠠᠷ ᠠᠬᠢᠭᠤᠯᠬᠤ ᠶᠢ ᠪᠠᠷᠢᠮᠲᠠᠯᠠᠵᠤ᠂ ᠲᠡᠷᠢᠭᠦᠨ ᠤ ᠡᠵᠡᠩᠨᠡᠯᠲᠡ ᠶᠢᠨ ᠣᠷᠴᠢᠨ ᠨᠥᠬᠦᠴᠡᠯ ᠢ ᠪᠤᠢ ᠪᠣᠯᠭᠠᠵᠤ᠂ ᠲᠤᠮᠤ ᠠᠵᠤ ᠠᠬᠤᠶᠢᠯᠠᠯ ᠢ ︽ᠨᠡᠩ ᠬᠥᠭᠵᠢᠭᠦᠯᠦᠨ ᠪᠤᠵᠠᠭᠠᠶᠢᠷᠠᠭᠤᠯᠬᠤ︾᠂ ᠵᠢᠵᠢᠭ ᠠᠵᠤ ᠠᠬᠤᠶᠢᠯᠠᠯ ᠢ ︽ᠥᠷᠭᠡᠨ ᠳᠡᠯᠭᠡᠷ ᠪᠤᠶᠢᠵᠢᠭᠤᠯᠬᠤ︾ ᠶᠢ ᠠᠬᠢᠭᠤᠯᠵᠤ᠂ ᠦᠢᠯᠡᠳᠪᠦᠷᠢᠯᠡᠯ ᠤᠨ ᠬᠦᠴᠦᠨ ᠢ ᠲᠠᠰᠤᠷᠠᠯᠲᠠ ᠦᠭᠡᠢ ᠴᠢᠯᠥᠭᠡᠯᠡᠨ ᠬᠥᠭᠵᠢᠭᠦᠯᠬᠦ ᠬᠡᠷᠡᠭᠲᠡᠢ᠃ ︵ᠨᠢᠭᠡ︶ ᠵᠠᠬ᠎ᠠ ᠳᠡᠯᠭᠡᠭᠦᠷᠴᠢᠯᠡᠭᠰᠡᠨ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠬᠦᠴᠦᠯᠡᠨ ᠪᠣᠶ ᠪᠣᠯᠭᠠᠨ᠎ᠠ᠃ ᠵᠠᠰᠠᠭ ᠢ ᠴᠣᠮᠬᠠᠳᠬᠠᠬᠤ ᠶᠣᠰᠣ ᠳᠦᠷᠢᠮ ᠢ ᠬᠦᠴᠦᠯᠡᠨ ᠬᠡᠷᠡᠭᠵᠢᠭᠦᠯᠵᠦ᠂ ᠡᠷᠬᠡ ᠲᠡᠭᠰᠢ ᠲᠥᠪ ᠭᠤᠣᠯᠴᠢ ᠪᠠᠷ ᠬᠢᠨᠠᠨ ᠬᠠᠮᠢᠶᠠᠷᠬᠤ ᠶᠢ ᠪᠠᠷᠢᠮᠲᠠᠯᠠᠨ᠂ ᠦᠢᠯᠡᠴᠢᠯᠡᠭᠡ ᠶᠢ ᠦᠷᠭᠦᠯᠵᠢᠯᠡᠨ ᠰᠢᠯᠢᠳᠡᠭᠵᠢᠭᠦᠯᠵᠦ᠂ ᠠᠮᠢᠵᠢᠷᠠᠯ ᠤᠨ ᠬᠦᠴᠦᠨ ᠢ ᠤᠯᠠᠮ ᠨᠢᠭᠡ ᠠᠯᠬᠤᠮ ᠪᠠᠳᠠᠷᠠᠭᠤᠯᠵᠤ᠂ ᠲᠥᠪ ᠭᠤᠣᠯᠴᠢ ᠪᠠᠷ ᠬᠠᠮᠢᠶᠠᠷᠴᠤ᠂ ᠦᠷ᠎ᠡ ᠪᠦᠲᠦᠮᠵᠢ ᠲᠠᠢ ᠪᠠᠷ ᠦᠢᠯᠡᠴᠢᠯᠡᠬᠦ ᠬᠡᠷᠡᠭᠲᠡᠢ᠃ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠲᠦᠷᠢᠮ ᠤᠨ ᠥᠭᠡᠷᠡᠴᠢᠯᠡᠯᠲᠡ ᠶᠢ ᠦᠷᠭᠦᠯᠵᠢᠯᠡᠨ ᠭᠦᠨᠵᠡᠭᠡᠶᠢᠷᠡᠭᠦᠯᠬᠦ ᠬᠡᠷᠡᠭᠲᠡᠶ᠃ ᠡᠨᠡ ᠵᠢᠯ ᠠᠵᠤ ᠠᠬᠤᠶᠢᠯᠠᠯ ᠳᠤ ᠬᠤᠯᠪᠣᠭᠳᠠᠭᠰᠠᠨ ᠬᠢᠨᠠᠨ ᠵᠥᠪᠰᠢᠶᠡᠷᠡᠬᠦ ᠭᠤᠭᠴᠤᠭ᠎ᠠ ᠶᠢ ᠪᠠᠭᠠᠰᠬᠠᠬᠤ᠂ ᠮᠠᠲ᠋ᠧᠷᠢᠶᠠᠯ ᠢ ᠪᠠᠭᠠᠰᠬᠠᠬᠤ᠂ ᠴᠠᠭ ᠤᠨ ᠬᠢᠵᠠᠭᠠᠷ ᠢ ᠪᠠᠭᠠᠰᠬᠠᠬᠤ᠂ ᠵᠠᠷᠤᠳᠠᠯ ᠢ ᠪᠠᠭᠠᠰᠬᠠᠬᠤ ᠶᠢ ᠬᠦᠴᠦᠯᠡᠨ ᠠᠬᠢᠭᠤᠯᠵᠤ᠂ ᠵᠠᠰᠠᠭ ᠵᠠᠬᠢᠷᠭᠠᠨ ᠤ ᠵᠥᠪᠰᠢᠶᠡᠷᠡᠯ ᠤᠨ ᠵᠦᠢᠯᠡᠰ ᠤᠨ ᠨᠠᠷᠢᠨ ᠬᠠᠭᠤᠳᠠᠰᠤ ᠶᠢ ᠱᠠᠯᠠᠪᠳᠠᠨ ᠨᠠᠶᠢᠷᠠᠭᠤᠯᠤᠨ ᠵᠣᠬᠢᠶᠠᠵᠤ ᠨᠡᠶᠢᠲᠡᠯᠡᠬᠦ ᠬᠡᠷᠡᠭᠲᠡᠢ᠃ ᠣᠳᠣᠬᠠᠨ ᠳᠤ᠂ ᠬᠡᠰᠡᠭ ᠬᠦᠷᠢᠶᠡᠨ ᠳᠠᠬᠢ ᠵᠥᠪᠰᠢᠶᠡᠷᠡᠨ ᠣᠷᠣᠭᠤᠯᠬᠤ ᠪᠠᠬᠢᠯᠡᠯᠲᠡ ᠮᠥᠨ ᠬᠦ ᠴᠥᠭᠡᠨ ᠪᠤᠰᠤ ᠪᠠᠶᠢᠵᠤ᠂ ᠪᠠᠰᠠ ᠵᠠᠷᠢᠮ ᠵᠠᠬ᠎ᠠ ᠳᠡᠯᠭᠡᠭᠦᠷ ᠤᠨ ᠭᠤᠣᠯ ᠴᠣᠭᠴᠠ ᠨᠢ ᠬᠦᠴᠦᠨ ᠥᠬᠡᠶ ᠪᠣᠯᠭᠠᠬᠤ ᠳᠤ ᠬᠦᠴᠢᠷᠲᠡᠶ ᠠᠴᠠ ᠪᠣᠯᠵᠣ ᠤᠬᠤᠷᠢᠨ ᠭᠠᠷᠴᠤ ᠳᠡᠶᠢᠯᠬᠦ ᠥᠬᠡᠶ ᠪᠠᠶᠢᠨ᠎ᠠ᠃ ︽ᠭᠡᠷᠡᠴᠢ ᠦᠨᠡᠮᠯᠡᠯ ᠢ ᠰᠠᠯᠭᠠᠬᠤ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠦᠨᠡᠮᠯᠡᠯ ᠠᠪᠤᠭᠰᠠᠨ ᠤ ᠳᠠᠷᠠᠭ᠎ᠠ ᠭᠡᠷᠡᠴᠢ ᠶᠢ ᠬᠠᠰᠤᠵᠤ ᠨᠡᠶᠢᠯᠡᠭᠦᠯᠬᠦ ᠶᠢ ᠬᠦᠴᠦᠯᠡᠨ ᠠᠬᠢᠭᠤᠯᠵᠤ᠂ ᠵᠠᠬ᠎ᠠ ᠳᠡᠯᠭᠡᠭᠦᠷ ᠤᠨ ᠭᠤᠤᠯ ᠴᠣᠭᠴᠠ ᠢᠯᠠᠩᠭᠤᠶ᠎ᠠ ᠦᠢᠯᠡᠳᠬᠡᠯ ᠤᠨ ᠦᠢᠯᠡᠰ᠂ ᠡᠩ ᠤᠨ ᠦᠢᠯᠡᠴᠢᠯᠡᠭᠡᠨ ᠤ ᠦᠢᠯᠡᠰ ᠤᠨ ᠵᠠᠬ᠎ᠠ ᠳᠡᠯᠭᠡᠭᠦᠷ ᠤᠨ ᠭᠤᠤᠯ ᠴᠣᠭᠴᠠ ᠶᠢᠨ ᠵᠥᠪᠰᠢᠶᠡᠷᠡᠨ ᠣᠷᠣᠭᠤᠯᠬᠤ ᠶᠢ ᠨᠠᠩ ᠲᠥᠬᠦᠮ ᠪᠣᠯᠭᠠᠬᠤ ᠬᠡᠷᠡᠭᠲᠡᠶ︔ ᠰᠠᠯᠠᠭ᠎ᠠ ᠮᠥᠴᠢᠷ ᠤᠳ ᠤᠨ ᠵᠣᠯᠭᠠᠯᠴᠠᠭ᠎ᠠ ᠶᠢ ᠴᠢᠩᠭᠠᠳᠬᠠᠵᠤ᠂ ᠲᠦᠭᠦᠮ ᠢᠶᠠᠷ ᠬᠦᠴᠦᠨ ᠦᠭᠡᠢ ᠪᠣᠯᠭᠠᠬᠤ ᠬᠡᠪᠴᠢᠶ᠎ᠡ ᠶᠢ ᠥᠷᠭᠡᠳᠬᠡᠵᠦ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠤᠬᠤᠷᠢᠨ ᠭᠠᠷᠬᠤ ᠶᠢ ᠨᠡᠩ ᠰᠢᠯᠤᠭᠤᠳᠬᠠᠵᠤ᠂ ᠵᠠᠬ᠎ᠠ ᠳᠡᠯᠭᠡᠭᠦᠷ ᠤᠨ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠬᠤ ᠬᠡᠷᠡᠭᠲᠡᠢ᠃ ᠪᠡᠯᠡ ᠣᠷᠣᠭᠤᠯᠤᠯᠲᠠ ᠶᠢᠨ ᠪᠦᠳᠦᠭᠡᠨ ᠪᠠᠶᠢᠭᠤᠯᠤᠯᠲᠠ ᠬᠦᠷᠢᠶᠡᠨ ᠤ ᠬᠢᠨᠠᠨ ᠵᠥᠪᠰᠢᠶᠡᠷᠡᠬᠦ ᠲᠦᠷᠢᠮ ᠤᠨ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠬᠢᠨᠠᠨ ᠵᠥᠪᠰᠢᠶᠡᠷᠡᠬᠦ ᠴᠤᠪᠤᠷᠠᠯ ᠢ ᠴᠣᠮᠬᠠᠳᠬᠠᠨ ᠨᠡᠶᠢᠯᠡᠭᠦᠯᠵᠦ᠂ ᠤᠯᠠᠨ ᠲᠥᠯᠥᠪᠵᠢᠭᠦᠯᠭᠡ ᠶᠢ ᠨᠢᠭᠡᠳᠬᠡᠬᠦ᠂ ᠤᠯᠠᠨ ᠵᠢᠷᠤᠭ ᠢ ᠬᠠᠮᠲᠤᠷᠠᠨ ᠬᠢᠨᠠᠬᠤ᠂ ᠬᠠᠮᠲᠤᠷᠠᠨ ᠰᠢᠯᠭᠠᠨ ᠬᠤᠷᠢᠶᠠᠨ ᠠᠪᠬᠤ ᠵᠡᠷᠭᠡ ᠠᠷᠭ᠎ᠠ ᠬᠢᠳᠡᠯ ᠢ ᠬᠡᠷᠡᠭᠵᠢᠭᠦᠯᠵᠦ᠂ ᠠᠮᠤᠷ ᠲᠦᠪᠰᠢᠨ ᠢ ᠦᠨᠡᠨ ᠬᠦ ᠪᠠᠲᠤᠯᠠᠭᠰᠠᠨ ᠤᠷᠢᠲᠠᠯ ᠳᠣᠣᠷ᠎ᠠ ᠠᠮᠠᠯᠠᠯᠲᠠ ᠶᠢᠨ ᠲᠦᠷᠢᠮ ᠢ ᠬᠡᠷᠡᠭᠵᠢᠭᠦᠯᠵᠦ᠂ ᠲᠦᠷᠦᠯ ᠵᠦᠢᠯ ᠢ ᠡᠷᠲᠡ ᠨᠠᠶᠢᠳᠠᠪᠤᠷᠢᠵᠢᠭᠤᠯᠵᠤ᠂ ᠡᠷᠲᠡ ᠠᠰᠢᠭᠯᠠᠯᠲᠠ ᠳᠤ ᠣᠷᠣᠭᠤᠯᠬᠤ ᠬᠡᠷᠡᠭᠲᠡᠢ᠃ ᠤᠯᠤᠰ ᠤᠨ ᠠᠵᠢᠯ ᠮᠡᠷᠭᠡᠵᠢᠯ ᠤᠨ ᠬᠢᠷᠢ ᠬᠡᠮ ᠤᠨ ᠭᠠᠷᠴᠠᠭ ᠢ ᠬᠥᠳᠡᠯᠦᠩᠭᠦᠶ ᠪᠠᠷ ᠰᠢᠯᠢᠳᠡᠭᠵᠢᠭᠦᠯᠵᠦ᠂ ᠠᠵᠢᠯ ᠤᠯᠬᠤ ᠪᠠ ᠠᠳᠠᠯ ᠦᠢᠯᠡᠰ ᠴᠣᠭᠴᠠᠯᠠᠬᠤ ᠪᠠᠷᠢᠮᠵᠢᠶ᠎ᠠ ᠶᠢ ᠤᠯᠠᠮ ᠨᠢᠭᠡ ᠠᠯᠬᠤᠮ ᠳᠣᠷᠣᠭᠰᠢᠯᠠᠭᠤᠯᠬᠤ ᠬᠡᠷᠡᠭᠲᠡᠶ᠃ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠰᠢᠨ᠎ᠡ ᠶᠢ ᠡᠭᠦᠳᠦᠨ ᠬᠥᠭᠵᠢᠬᠦ ᠶᠢ ᠨᠡᠩ ᠬᠥᠭᠵᠢᠶᠡᠨᠲᠡᠢ ᠪᠣᠯᠭᠠᠬᠤ ᠬᠡᠷᠡᠭᠲᠡᠢ᠃ ᠲᠦᠷᠦ ᠶᠢᠨ ᠪᠤᠳᠤᠯᠭ᠎ᠠ ᠶᠢ ᠲᠡᠭᠦᠯᠳᠡᠷᠵᠢᠭᠦᠯᠬᠦ᠂ ᠬᠠᠷᠰᠢ ᠰᠠᠭᠠᠳ ᠢ ᠠᠷᠢᠯᠭᠠᠬᠤ᠂ ᠲᠠᠪᠴᠠᠩ ᠪᠠᠶᠢᠭᠤᠯᠬᠤ ᠲᠠᠯ᠎ᠠ ᠪᠠᠷ ᠬᠦᠴᠦ ᠲᠠᠯᠪᠢᠵᠤ᠂ ᠠᠵᠤ ᠠᠬᠤᠶᠢᠯᠠᠯ ᠤᠨ ᠰᠢᠨ᠎ᠡ ᠶᠢ ᠡᠭᠦᠳᠬᠦ ᠭᠤᠣᠯ ᠴᠣᠭᠴᠠ ᠶᠢᠨ ᠪᠠᠶᠢᠷᠢ ᠰᠠᠭᠤᠷᠢ ᠶᠢ ᠴᠢᠩᠭᠠᠳᠬᠠᠬᠤ ᠬᠡᠷᠡᠭᠲᠡᠢ᠃ ᠭᠠᠶᠢᠯᠢ ᠲᠠᠲᠠᠪᠤᠷᠢ ᠶᠢᠨ ᠬᠠᠷᠠᠭᠠᠯᠵᠠᠯ ᠦᠵᠡᠭᠦᠯᠬᠦ ᠵᠡᠷᠭᠡ ᠲᠦᠭᠡᠮᠡᠯ ᠬᠠᠷᠠᠭᠠᠯᠵᠠᠯᠲᠤ ᠴᠢᠨᠠᠷᠲᠠᠶ ᠲᠦᠷᠦ ᠶᠢᠨ ᠪᠤᠳᠤᠯᠭ᠎ᠠ ᠶᠢ ᠴᠢᠬᠤᠯᠠᠴᠢᠯᠠᠨ ᠬᠡᠷᠡᠭᠯᠡᠵᠦ ᠠᠵᠤ ᠠᠬᠤᠶᠢᠯᠠᠯ ᠤᠨ ᠰᠤᠳᠤᠯᠤᠨ ᠨᠡᠭᠡᠭᠡᠵᠦ ᠰᠢᠨ᠎ᠡ ᠶᠢ ᠡᠭᠦᠳᠬᠦ ᠶᠢ ᠤᠷᠮᠠᠰᠢᠭᠤᠯᠤᠨ ᠵᠣᠷᠢᠭᠵᠢᠭᠤᠯᠬᠤ ᠬᠡᠷᠡᠭᠲᠡᠢ᠃ ︽ᠠᠳᠠᠯ ᠦᠢᠯᠡᠰ ᠴᠣᠭᠴᠠᠯᠠᠵᠤ ᠰᠢᠨ᠎ᠡ ᠶᠢ ᠡᠭᠦᠳᠬᠦ︾ ᠶᠢ ᠳᠡᠮᠵᠢᠬᠦ ᠡᠷᠴᠢᠮ ᠢᠶᠠᠨ ᠴᠢᠩᠭᠠᠳᠬᠠᠵᠤ᠂ ᠲᠤᠮᠤ ᠳᠤᠮᠳᠠ ᠵᠢᠵᠢᠭ ᠠᠵᠤ ᠠᠬᠤᠶᠢᠯᠠᠯ ᠤᠨ ᠠᠭᠤᠰᠤᠯᠴᠠᠨ ᠨᠡᠪᠲᠡᠷᠡᠯᠴᠡᠵᠦ ᠰᠢᠨ᠎ᠡ ᠶᠢ ᠡᠭᠦᠳᠬᠦ ᠶᠢ ᠠᠬᠢᠭᠤᠯᠵᠤ᠂ ᠤᠯᠠᠨ ᠤ ᠤᠶᠤᠨ ᠬᠦᠴᠦᠨ ᠢ ᠬᠤᠷᠠᠮᠳᠤᠭᠤᠯᠵᠤ᠂ ᠰᠢᠨ᠎ᠡ ᠶᠢ ᠡᠭᠦᠳᠬᠦ ᠦᠷ᠎ᠡ ᠪᠦᠲᠦᠮᠵᠢ ᠶᠢ ᠳᠡᠭᠡᠭᠰᠢᠯᠡᠭᠦᠯᠬᠦ ᠬᠡᠷᠡᠭᠲᠡᠢ᠃ ᠭᠤᠣᠯᠴᠢ ᠪᠠᠷ ᠥᠷᠢᠰᠥᠯᠳᠦᠬᠦ ᠵᠠᠬ᠎ᠠ ᠳᠡᠯᠭᠡᠭᠦᠷ ᠤᠨ ᠡᠮᠬᠢ ᠵᠢᠷᠤᠮ ᠢ ᠦᠨᠡᠨ ᠬᠦ ᠬᠠᠮᠠᠭᠠᠯᠠᠬᠤ ᠬᠡᠷᠡᠭᠲᠡᠶ᠃ ᠭᠤᠣᠯᠴᠢ ᠪᠠᠷ ᠥᠷᠢᠰᠥᠯᠳᠦᠬᠦ ᠪᠣᠯ ᠵᠠᠬ᠎ᠠ ᠳᠡᠯᠭᠡᠭᠦᠷ ᠤᠨ ᠠᠵᠤ ᠠᠬᠤᠶ ᠶᠢᠨ ᠳᠣᠲᠣᠭᠠᠳᠤ ᠱᠠᠭᠠᠷᠳᠠᠯᠭ᠎ᠠ ᠮᠥᠨ᠃ ︽ᠬᠤᠶᠠᠷ ᠤᠭᠲᠤ ᠭᠤᠶᠢᠪᠠᠯᠵᠠᠭᠤᠯᠬᠤ ᠦᠭᠡᠢ︾ ᠶᠢ ᠢᠮᠠᠭᠲᠠ ᠪᠠᠷᠢᠮᠲᠠᠯᠠᠵᠤ᠂ ᠤᠯᠤᠰ ᠤᠨ ᠥᠮᠴᠢᠯᠡᠯᠲᠦ ᠠᠵᠤ ᠠᠬᠤᠶᠢᠯᠠᠯ᠂ ᠠᠷᠠᠳ ᠤᠨ ᠡᠵᠡᠩᠨᠡᠭᠰᠡᠨ ᠠᠵᠤ ᠠᠬᠤᠶᠢᠯᠠᠯ᠂ ᠭᠠᠳᠠᠭᠠᠳᠤ ᠪᠡᠯᠡ ᠶᠢᠨ ᠠᠵᠤ ᠠᠬᠤᠶᠢᠯᠠᠯ ᠢ ᠪᠠᠭᠲᠠᠭᠠᠭᠰᠠᠨ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠨᠢᠭᠡ ᠯᠡ ᠠᠳᠠᠯᠢ ᠪᠠᠷ ᠬᠠᠨᠳᠤᠬᠤ ᠬᠡᠷᠡᠭᠲᠡᠶ᠃ ᠤᠯᠤᠰ ᠨᠢ ᠲᠠᠪᠴᠠᠩ ᠤᠨ ᠠᠵᠤ ᠠᠬᠤᠶ ᠶᠢᠨ ᠬᠥᠭᠵᠢᠯᠲᠡ ᠶᠢ ᠳᠡᠮᠵᠢᠬᠦ ᠪᠣᠯᠪᠠᠴᠤ ᠭᠠᠭᠴᠠᠭᠠᠷ ᠡᠵᠡᠮᠰᠢᠯ ᠪᠠ ᠵᠦᠢ ᠪᠤᠰᠤ ᠥᠷᠢᠰᠥᠯᠳᠦᠭᠡᠨ ᠢ ᠵᠢᠷᠤᠮᠵᠢᠭᠤᠯᠤᠨ ᠵᠠᠰᠠᠬᠤ ᠬᠡᠷᠡᠭᠲᠡᠶ᠃ ᠭᠠᠭᠴᠠᠭᠠᠷ ᠡᠵᠡᠮᠰᠢᠯ ᠨᠢ ᠭᠤᠣᠯᠴᠢ ᠪᠠᠷ ᠥᠷᠢᠰᠥᠯᠳᠦᠬᠦ ᠶᠢ ᠬᠠᠷᠰᠢᠯᠠᠵᠤ᠂ ᠰᠢᠨ᠎ᠡ ᠶᠢ ᠡᠭᠦᠳᠬᠦ ᠪᠠ ᠠᠮᠢᠵᠢᠷᠠᠯ ᠤᠨ ᠬᠦᠴᠦᠨ ᠢ ᠬᠤᠷᠢᠭᠯᠠᠵᠤ᠂ ᠵᠠᠬ᠎ᠠ ᠳᠡᠯᠭᠡᠭᠦᠷ ᠤᠨ ᠠᠵᠤ ᠠᠬᠤᠶ ᠶᠢ ᠬᠥᠭᠵᠢᠭᠦᠯᠬᠦ ᠲᠠᠢ ᠡᠰᠡᠷᠭᠦ ᠲᠡᠰᠡᠷᠭᠦ ᠪᠠᠶᠢᠳᠠᠭ᠃ ᠭᠠᠭᠴᠠᠭᠠᠷ ᠡᠵᠡᠮᠰᠢᠯ ᠪᠠ ᠵᠦᠢ ᠪᠤᠰᠤ ᠥᠷᠢᠰᠥᠯᠳᠦᠭᠡᠨ ᠢ ᠡᠰᠡᠷᠭᠦᠴᠡᠬᠦ ᠨᠢ ᠲᠠᠪᠴᠠᠩ ᠤᠨ ᠠᠵᠤ ᠠᠬᠤᠶ ᠶᠢᠨ ᠡᠷᠡᠭᠦᠯ ᠢᠶᠠᠷ ᠬᠥᠭᠵᠢᠬᠦ ᠳᠤ ᠠᠰᠢᠭᠲᠠᠶ ᠪᠠᠶᠢᠵᠤ᠂ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠢᠯᠠᠩᠭᠤᠶ᠎ᠠ ᠵᠢᠵᠢᠭ ᠪᠢᠴᠢᠯ ᠠᠵᠤ ᠠᠬᠤᠶᠢᠯᠠᠯ ᠂ ᠬᠤᠪᠢ ᠶᠢᠨ ᠦᠢᠯᠡᠳᠪᠦᠷᠢ ᠬᠤᠳᠠᠯᠳᠤᠭᠠᠨ ᠤ ᠡᠷᠦᠭᠡ ᠶᠢᠨ ᠬᠠᠤᠯᠢ ᠶᠣᠰᠣᠨ ᠤ ᠡᠷᠬᠡ ᠠᠰᠢᠭ ᠪᠠ ᠬᠥᠭᠵᠢᠯᠲᠡ ᠶᠢᠨ ᠣᠷᠣᠨ ᠵᠠᠶ ᠶᠢ ᠬᠠᠮᠠᠭᠠᠯᠠᠬᠤ ᠳᠤ ᠠᠰᠢᠭᠲᠠᠶ ᠶᠤᠮ᠃ ᠣᠷᠣᠨ ᠨᠤᠲᠤᠭ ᠤᠨ ᠬᠠᠮᠠᠭᠠᠯᠠᠯᠲᠠ᠂ ᠠᠵᠢᠯ ᠲᠦᠷᠦᠯ ᠤᠨ ᠭᠠᠭᠴᠠᠭᠠᠷ ᠡᠵᠡᠮᠰᠢᠯ᠂ ᠵᠠᠬ᠎ᠠ ᠳᠡᠯᠭᠡᠭᠦᠷ ᠤᠨ ᠬᠡᠰᠡᠭᠯᠡᠯᠲᠡ ᠵᠡᠷᠭᠡ ᠭᠤᠣᠯᠴᠢ ᠪᠤᠰᠤ ᠠᠷᠭ᠎ᠠ ᠬᠢᠳᠡᠯ ᠢ ᠴᠡᠪᠡᠷᠯᠡᠨ ᠵᠠᠯᠠᠷᠠᠭᠤᠯᠬᠤ ᠬᠡᠷᠡᠭᠲᠡᠶ᠃ ᠵᠠᠬ᠎ᠠ ᠳᠡᠯᠭᠡᠭᠦᠷ ᠤᠨ ᠬᠢᠨᠠᠯᠲᠠ ᠬᠠᠮᠢᠶᠠᠷᠤᠯᠲᠠ ᠳᠤ ᠰᠢᠨ᠎ᠡ ᠶᠢ ᠡᠭᠦᠳᠴᠦ ᠲᠡᠭᠦᠯᠳᠡᠷᠵᠢᠭᠦᠯᠬᠦ ᠬᠡᠷᠡᠭᠲᠡᠶ᠃ ᠡᠷᠬᠡ ᠶᠢ ᠲᠠᠯᠪᠢᠬᠤ ᠨᠢ ᠬᠠᠮᠢᠶᠠᠷᠬᠤ ᠦᠭᠡᠢ ᠭᠡᠰᠡᠨ ᠶᠠᠪᠤᠳᠠᠯ ᠪᠢᠰᠢ᠂ ᠡᠷᠬᠡ ᠶᠢ ᠬᠠᠰᠤᠬᠤ ᠨᠢ ᠬᠢᠨᠠᠯᠲᠠ ᠬᠠᠮᠢᠶᠠᠷᠤᠯᠲᠠ ᠶᠢᠨ ᠬᠠᠷᠢᠭᠤᠴᠠᠯᠭ᠎ᠠ ᠶᠢ ᠬᠠᠰᠤᠬᠤ ᠭᠡᠰᠡᠨ ᠶᠠᠪᠤᠳᠠᠯ ᠪᠢᠰᠢ᠂ ︽ᠲᠠᠯᠪᠢᠬᠤ︾ ᠪᠠ ︽ᠬᠠᠮᠢᠶᠠᠷᠬᠤ︾ ᠶᠢ ᠨᠢᠭᠡᠳᠬᠡᠬᠦ ᠶᠢ ᠪᠠᠷᠢᠮᠲᠠᠯᠠᠵᠤ᠂ ᠪᠦᠲᠦᠮᠵᠢᠲᠡᠶ ᠬᠢᠨᠠᠯᠲᠠ ᠬᠠᠮᠢᠶᠠᠷᠤᠯᠲᠠ ᠪᠠᠷ ᠵᠠᠰᠠᠭ ᠢ ᠴᠣᠮᠬᠠᠳᠬᠠᠨ ᠡᠷᠬᠡ ᠶᠢ ᠲᠠᠯᠪᠢᠬᠤ ᠶᠢᠨ ᠴᠢᠬᠤᠯᠠ ᠪᠦᠬᠦᠢ ᠪᠠᠲᠤᠯᠠᠭ᠎ᠠ ᠪᠣᠯᠭᠠᠬᠤ ᠬᠡᠷᠡᠭᠲᠡᠶ ᠭᠡᠵᠦ ᠪᠢᠳᠡ ᠢᠮᠠᠭᠲᠠ ᠴᠢᠬᠤᠯᠠᠴᠢᠯᠠᠭᠰᠠᠭᠠᠷ ᠢᠷᠡᠭᠰᠡᠨ ᠶᠤᠮ᠃ ᠡᠲᠡᠭᠡᠷ ᠵᠢᠯ ᠤᠳ ᠤᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠳᠤ᠂ ︽ᠲᠠᠯᠪᠢᠬᠤ︾ ᠨᠢ ᠭᠤᠤᠯᠳᠠᠭᠤ ᠠᠮᠤᠷ ᠲᠦᠪᠰᠢᠨ ᠳᠤ ᠬᠤᠯᠪᠣᠭᠳᠠᠬᠤ ᠦᠭᠡᠢ ᠦᠢᠯᠡᠳᠬᠡᠯ ᠤᠨ ᠦᠢᠯᠡᠰ ᠪᠠ ᠡᠩ ᠤᠨ ᠦᠢᠯᠡᠴᠢᠯᠡᠭᠡᠨ ᠤ ᠦᠢᠯᠡᠰ᠂ ᠠᠶᠤᠯ ᠦᠭᠡᠢ ᠦᠢᠯᠡᠳᠪᠦᠷᠢᠯᠡᠯ᠂ ᠠᠷᠠᠳ ᠲᠦᠮᠡᠨ ᠤ ᠪᠡᠶ᠎ᠡ ᠮᠠᠬᠠᠪᠣᠳ ᠤᠨ ᠡᠷᠡᠭᠦᠯ ᠮᠡᠨᠳᠦ ᠪᠠ ᠠᠮᠢ ᠨᠠᠰᠤᠨ ᠤ ᠠᠮᠤᠷ ᠲᠦᠪᠰᠢᠨ ᠳᠤ ᠬᠤᠯᠪᠣᠭᠳᠠᠬᠤ ᠬᠦᠷᠢᠶ᠎ᠡ ᠴᠠᠷᠠᠭ᠎ᠠ ᠪᠠ ᠬᠡᠷᠡᠭ ᠶᠠᠪᠤᠳᠠᠯ ᠳᠤ ᠪᠢᠳᠡ ᠢᠮᠠᠭᠲᠠ ᠬᠡᠷᠰᠡᠤᠯᠡᠨ ᠪᠣᠯᠭᠤᠮᠵᠢᠯᠠᠵᠤ᠂ ᠪᠦᠬᠦᠨ ᠢ ᠬᠠᠮᠤᠷᠤᠭᠰᠠᠨ ᠴᠢᠩᠭ᠎ᠠ ᠬᠢᠨᠠᠯᠲᠠ ᠬᠠᠮᠢᠶᠠᠷᠤᠯᠲᠠ ᠶᠢ ᠬᠡᠷᠡᠭᠵᠢᠭᠦᠯᠵᠦ᠂ ᠥᠴᠦᠬᠡᠨ ᠴᠦ ᠰᠤᠯᠠᠷᠠᠭᠤᠯᠵᠤ ᠥᠬᠡᠶ ᠪᠠᠶᠢᠬᠤ ᠶᠢ ᠴᠢᠬᠤᠯᠠᠴᠢᠯᠠᠭᠰᠠᠭᠠᠷ ᠢᠷᠡᠵᠡᠶ᠃ ᠲᠠᠷᠠᠭᠠᠴᠢ ᠶᠢᠨ ᠠᠯᠬᠤᠮ ᠳᠤ ᠪᠣᠭᠤᠮᠲᠠ ᠨᠢᠭᠡᠪᠦᠷᠢ ᠶᠢ ᠦᠷᠭᠦᠯᠵᠢᠯᠡᠨ ᠦᠨᠡᠨ ᠬᠦ ᠰᠠᠶᠢᠲᠤᠷ ᠠᠳᠬᠤᠵᠤ᠂ ᠶᠠᠰᠤ ᠴᠢᠨᠠᠷ ᠪᠣᠯᠤᠨ ᠠᠮᠤᠷ ᠲᠦᠪᠰᠢᠨ ᠢ ᠦᠨᠡᠨ ᠬᠦ ᠪᠠᠲᠤᠯᠠᠬᠤ ᠬᠡᠷᠡᠭᠲᠡᠢ᠃ ᠬᠢᠨᠠᠯᠲᠠ ᠬᠠᠮᠢᠶᠠᠷᠤᠯᠲᠠ ᠶᠢᠨ ᠲᠦᠷᠢᠮ ᠢ ᠪᠦᠷᠢᠨᠰᠢᠬᠦᠯᠵᠤ᠂ ᠬᠢᠨᠠᠯᠲᠠ ᠬᠠᠮᠢᠶᠠᠷᠤᠯᠲᠠ ᠶᠢᠨ ᠠᠷᠭ᠎ᠠ ᠬᠡᠯᠪᠡᠷᠢ ᠳᠤ ᠰᠢᠨ᠎ᠡ ᠶᠢ ᠡᠭᠦᠳᠴᠦ᠂ ᠠᠵᠢᠯ ᠶᠠᠪᠤᠳᠠᠯ ᠳᠤᠮᠳᠠᠬᠢ ᠪᠠ ᠠᠵᠢᠯ ᠶᠠᠪᠤᠳᠠᠯ ᠤᠨ ᠳᠠᠷᠠᠭᠠᠬᠢ ᠬᠢᠨᠠᠯᠲᠠ ᠬᠠᠮᠢᠶᠠᠷᠤᠯᠲᠠ ᠶᠢ ᠲᠡᠭᠦᠯᠳᠡᠷᠵᠢᠭᠦᠯᠵᠦ᠂ ︽ᠬᠤᠶᠠᠷ ᠢ ᠲᠠᠰᠢᠷᠠᠮ ᠢᠶᠠᠷ ᠪᠠᠶᠢᠴᠠᠭᠠᠬᠤ᠂ ᠨᠢᠭᠡ ᠶᠢ ᠢᠯᠡ ᠪᠣᠯᠭᠠᠬᠤ︾ ᠬᠢᠨᠠᠯᠲᠠ ᠬᠠᠮᠢᠶᠠᠷᠤᠯᠲᠠ᠂ ᠰᠠᠯᠠᠭ᠎ᠠ ᠮᠥᠴᠢᠷ ᠠᠯᠤᠰᠯᠠᠭᠰᠠᠨ ᠶᠡᠷᠦᠩᠬᠡᠶᠢᠯᠡᠭᠰᠡᠨ ᠬᠢᠨᠠᠯᠲᠠ ᠬᠠᠮᠢᠶᠠᠷᠤᠯᠲᠠ᠂ ︽ᠢᠨᠲ᠋ᠧᠷ ᠰᠦᠯᠵᠢᠶ᠎ᠡ + ᠬᠢᠨᠠᠯᠲᠠ ᠬᠠᠮᠢᠶᠠᠷᠤᠯᠲᠠ︾ ᠪᠣᠯᠤᠨ ᠢᠲᠡᠭᠡᠮᠵᠢ ᠶᠢᠨ ᠲᠦᠭᠰᠢᠭᠦᠷᠢ ᠶᠢ ᠲᠦᠷᠦᠯ ᠬᠤᠪᠢᠶᠠᠨ ᠬᠢᠨᠠᠨ ᠬᠠᠮᠢᠶᠠᠷᠬᠤ ᠶᠢ ᠭᠦᠨᠵᠡᠭᠡᠢ ᠠᠬᠢᠭᠤᠯᠵᠤ᠂ ᠬᠢᠨᠠᠯᠲᠠ ᠬᠠᠮᠢᠶᠠᠷᠤᠯᠲᠠ ᠶᠢᠨ ᠨᠠᠷᠢᠯᠢᠭ ᠣᠨᠣᠪᠴᠢᠲᠤ ᠴᠢᠨᠠᠷ ᠪᠠ ᠪᠦᠳᠤᠮᠵᠢᠳᠤ ᠴᠢᠨᠠᠷ ᠢ ᠳᠡᠭᠡᠭᠰᠢᠯᠡᠭᠦᠯᠬᠦ ᠬᠡᠷᠡᠭᠲᠡᠢ᠃ ᠵᠠᠷᠢᠮ ᠬᠦᠷᠢᠶᠡᠨ ᠳᠠᠬᠢ ᠬᠢᠨᠠᠯᠲᠠ ᠬᠠᠮᠢᠶᠠᠷᠤᠯᠲᠠ ᠶᠢ ᠲᠡᠷᠡ ᠶᠣᠰᠣᠭᠠᠷ ᠨᠢ ᠨᠠᠶᠢᠳᠠᠪᠤᠷᠢᠵᠢᠭᠤᠯᠤᠭᠰᠠᠨ ᠦᠭᠡᠢ ᠪᠠᠶᠢᠪᠠᠯ᠂ ᠦᠨᠳᠦᠰᠦᠨ ᠡᠭᠦᠷᠭᠡ ᠬᠠᠷᠢᠭᠤᠴᠠᠯᠭ᠎ᠠ ᠶᠢ ᠨᠢ ᠲᠣᠳᠣᠷᠬᠠᠶ ᠪᠣᠯᠭᠠᠵᠤ᠂ ᠬᠠᠷᠢᠭᠤᠴᠠᠯᠭ᠎ᠠ ᠡᠭᠦᠷᠭᠡᠯᠡᠯ ᠢ ᠨᠢ ᠴᠢᠩᠭᠠᠷᠠᠭᠤᠯᠤᠨ᠂ ᠡᠨᠡ ᠲᠠᠯ᠎ᠠ ᠶᠢᠨ ᠠᠰᠠᠭᠤᠳᠠᠯ ᠢ ᠤᠯᠠᠮ ᠨᠢᠭᠡ ᠠᠯᠬᠤᠮ ᠰᠢᠢᠳᠪᠦᠷᠢᠯᠡᠬᠦ ᠬᠡᠷᠡᠭᠲᠡᠶ᠃ ᠪᠠᠰᠠ ᠬᠢᠨᠠᠯᠲᠠ ᠬᠠᠮᠢᠶᠠᠷᠤᠯᠲᠠ ᠶᠢ ᠦᠢᠯᠡᠴᠢᠯᠡᠭᠡᠨ ᠤ ᠳᠤᠮᠳᠠ ᠠᠬᠤᠭᠤᠯᠵᠤ᠂ ᠠᠵᠤ ᠠᠬᠤᠶᠢᠯᠠᠯ ᠤᠨ ᠵᠦᠢ ᠶᠣᠰᠣᠨ ᠤ ᠬᠦᠰᠡᠯ ᠱᠠᠭᠠᠷᠳᠠᠯᠭ᠎ᠠ ᠶᠢ ᠴᠢᠬᠤᠯᠠᠴᠢᠯᠠᠨ᠂ ᠬᠠᠪᠰᠤᠷᠤᠨ ᠲᠡᠳᠬᠦᠵᠦ ᠳᠡᠮᠵᠢᠬᠦ ᠶᠢ ᠴᠢᠩᠭᠠᠳᠬᠠᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠶᠢ ᠰᠠᠨᠠᠭ᠎ᠠ ᠠᠮᠤᠷ ᠬᠥᠭᠵᠢᠭᠦᠯᠵᠦ ᠂ ᠨᠡᠩ ᠰᠠᠶᠢᠲᠤᠷ ᠬᠥᠭᠵᠢᠭᠦᠯᠬᠦ ᠬᠡᠷᠡᠭᠲᠡᠢ᠃ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠰᠢᠯᠢᠳᠡᠭᠵᠢᠭᠦᠯᠬᠦ ᠶᠢ ᠭᠦᠨᠵᠡᠭᠡᠶᠢᠷᠡᠭᠦᠯᠦᠨ ᠠᠬᠢᠭᠤᠯᠬᠤ ᠬᠡᠷᠡᠭᠲᠡᠢ᠃ ᠮᠠᠨ ᠤ ᠤᠯᠤᠰ ᠤᠨ ᠬᠥᠮᠦᠨ ᠪᠠ ᠡᠷᠦᠬᠡ ᠶᠢ ᠰᠠᠯᠭᠠᠭᠰᠠᠨ ᠬᠥᠮᠦᠨ ᠠᠮᠠ ᠨᠢᠭᠡᠨᠲᠡ 4.9 ᠳ᠋ᠦᠩᠰᠢᠭᠤᠷ ᠲᠤ ᠬᠦᠷᠴᠡᠶ᠂ ᠡᠭᠦᠨ ᠳᠤ ᠮᠤᠵᠢ ᠠᠯᠤᠰᠯᠠᠨ ᠨᠡᠭᠦᠳᠡᠯᠯᠡᠭᠰᠡᠨ ᠬᠥᠮᠦᠨ ᠠᠮᠠ 1.2 ᠳ᠋ᠦᠩᠰᠢᠭᠤᠷ ᠢ ᠳᠠᠪᠠᠵᠤ᠂ ᠮᠤᠵᠢ ᠶᠢᠨ ᠳᠣᠲᠣᠭᠠᠳᠤ ᠳᠤ ᠨᠡᠶᠢᠳᠡᠮ ᠰᠢᠢᠳᠪᠦᠷᠢᠯᠡᠬᠦ᠂ ᠮᠤᠵᠢ ᠠᠯᠤᠰᠯᠠᠨ ᠨᠡᠶᠢᠳᠡᠮ ᠰᠢᠢᠳᠪᠦᠷᠢᠯᠡᠬᠦ ᠶᠢ ᠦᠷᠭᠦᠯᠵᠢᠯᠡᠨ ᠠᠬᠢᠭᠤᠯᠵᠤ᠂ ᠬᠡᠳᠦᠨ ᠳ᠋ᠦᠩᠰᠢᠭᠤᠷ ︽ᠨᠡᠭᠦᠳᠡᠯ ᠬᠥᠮᠦᠰ︾ ᠤᠨ ᠬᠡᠷᠡᠭ ᠡᠷᠬᠢᠯᠡᠬᠦ ᠬᠡᠷᠡᠭᠴᠡᠭᠡ ᠶᠢ ᠬᠠᠩᠭᠠᠬᠤ ᠬᠡᠷᠡᠭᠲᠡᠶ᠃ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠪᠠᠷᠢᠮᠵᠢᠶᠠᠵᠢᠭᠤᠯᠤᠨ ᠳᠥᠭᠦᠮᠴᠢᠯᠡᠬᠦ ᠶᠢ ᠠᠬᠢᠭᠤᠯᠵᠤ᠂ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠲᠠᠪᠴᠠᠩ ᠢ ᠰᠠᠶᠢᠲᠤᠷ ᠬᠡᠷᠡᠭᠯᠡᠵᠦ᠂ ᠡᠯᠧᠺᠳ᠋ᠷᠣᠨ ᠭᠡᠷᠡᠴᠢ ᠦᠨᠡᠮᠯᠡᠯ ᠤᠨ ᠬᠡᠷᠡᠭᠯᠡᠯᠲᠡ ᠶᠢ ᠥᠷᠭᠡᠳᠬᠡᠬᠦ ᠪᠠ ᠪᠦᠬᠦ ᠤᠯᠤᠰ ᠢᠶᠠᠷ ᠢᠶᠠᠨ ᠬᠠᠷᠢᠯᠴᠠᠨ ᠨᠡᠪᠲᠡᠷᠡᠯᠴᠡᠵᠦ ᠬᠠᠷᠢᠯᠴᠠᠨ ᠮᠡᠳᠡᠷᠡᠬᠦ ᠶᠢ ᠠᠬᠢᠭᠤᠯᠵᠤ᠂ ᠨᠡᠩ ᠤᠯᠠᠨ ᠵᠠᠰᠠᠭ ᠤᠨ ᠶᠠᠪᠤᠳᠠᠯ ᠤᠨ ᠦᠢᠯᠡᠴᠢᠯᠡᠭᠡ ᠶᠢ ᠰᠦᠯᠵᠢᠶᠡᠨ ᠳᠡᠭᠡᠷ᠎ᠡ ᠭᠦᠢᠴᠡᠳᠬᠡᠬᠦ᠂ ᠠᠯᠠᠭᠠᠨ ᠳᠡᠭᠡᠷ᠎ᠡ ᠪᠠᠨ ᠭᠦᠢᠴᠡᠳᠬᠡᠬᠦ᠂ ᠨᠢᠭᠡ ᠯᠡ ᠤᠳᠠᠭ᠎ᠠ ᠳᠤ ᠭᠦᠢᠴᠡᠳᠬᠡᠬᠦ ᠶᠢ ᠪᠡᠶᠡᠯᠡᠭᠦᠯᠬᠦ ᠬᠡᠷᠡᠭᠲᠡᠢ᠃ ᠠᠵᠤ ᠠᠬᠤᠶᠢᠯᠠᠯ ᠪᠠ ᠣᠯᠠᠨ ᠲᠦᠮᠡᠨ ᠤ ︽ᠵᠠᠩᠭᠢᠯᠠᠭ᠎ᠠ ᠶᠢᠨ ᠪᠠᠭ᠎ᠠ ᠶᠠᠪᠤᠳᠠᠯ︾ ᠢ ᠦᠷᠭᠦᠯᠵᠢᠯᠡᠨ ᠵᠠᠰᠠᠭ ᠤᠨ ᠣᠷᠳᠣᠨ ᠤ ︽ᠰᠡᠳᠬᠢᠯ ᠤᠨ ᠶᠡᠭᠡ ᠶᠠᠪᠤᠳᠠᠯ︾ ᠪᠣᠯᠭᠠᠨ ᠰᠢᠢᠳᠪᠦᠷᠢᠯᠡᠵᠦ ᠂ ᠡᠨᠡ ᠵᠢᠯ ᠣᠨᠳᠣᠤ ᠭᠠᠵᠠᠷ ᠲᠤ ᠡᠮᠴᠢᠯᠡᠭᠦᠯᠦᠭᠰᠡᠨ ᠵᠠᠷᠤᠳᠠᠯ ᠤᠨ ᠲᠠᠩᠰᠠ ᠲᠠᠶᠢᠯᠬᠤ ᠳᠤ ᠬᠦᠴᠢᠷ᠂ ᠮᠠᠰᠢᠨ ᠲᠡᠷᠭᠡᠨ ᠤ ᠪᠠᠶᠢᠴᠠᠭᠠᠯᠲᠠ ᠬᠢᠬᠦ ᠳᠤ ᠬᠦᠴᠢᠷ᠂ ᠠᠯᠪᠠᠨ ᠭᠡᠷᠡᠴᠢᠯᠡᠭᠡ ᠬᠢᠬᠦ ᠳᠤ ᠬᠦᠴᠢᠷ ᠵᠡᠷᠭᠡ ᠠᠰᠠᠭᠤᠳᠠᠯ ᠢ ᠬᠦᠴᠦᠯᠡᠨ ᠰᠢᠢᠳᠪᠦᠷᠢᠯᠡᠵᠦ᠂ ᠠᠵᠤ ᠠᠬᠤᠶᠢᠯᠠᠯ ᠤᠨ ᠡᠩ ᠤᠨ ᠮᠡᠳᠡᠭᠡ ᠵᠠᠩᠭᠢ ᠶᠢ ︽ᠬᠠᠮᠤᠭ ᠣᠯᠠᠨ ᠳᠤ ᠪᠠᠨ ᠨᠢᠭᠡ ᠯᠡ ᠤᠳᠠᠭ᠎ᠠ ᠮᠡᠳᠡᠭᠦᠯᠬᠦ︾ ᠶᠢ ᠪᠡᠶᠡᠯᠡᠭᠦᠯᠵᠦ᠂ ᠣᠷᠣᠨ ᠨᠤᠲᠤᠭ ᠤᠨ ᠵᠠᠰᠠᠭ ᠤᠨ ᠶᠠᠪᠤᠳᠠᠯ ᠤᠨ ᠦᠢᠯᠡᠴᠢᠯᠡᠭᠡᠨ ᠤ ᠠᠷᠠᠳ ᠲᠤ ᠲᠥᠬᠦᠮ ᠦᠵᠡᠭᠦᠯᠬᠦ ᠬᠠᠯᠠᠮᠰᠢᠯ ᠤᠲᠠᠰᠤ ᠶᠢ ᠨᠡᠶᠢᠯᠡᠭᠦᠯᠦᠨ ᠨᠢᠭᠡᠳᠬᠡᠬᠦ ᠶᠢ ᠲᠥᠷᠥᠯ ᠬᠤᠪᠢᠶᠠᠨ ᠪᠡᠶᠡᠯᠡᠭᠦᠯᠬᠦ ᠬᠡᠷᠡᠭᠲᠡᠶ᠃ ᠪᠠᠭᠴᠠᠯᠠᠭᠠᠳ ᠬᠡᠯᠡᠪᠡᠯ᠂ ᠲᠦᠷᠢᠮ ᠪᠠ ᠮᠡᠷᠭᠡᠵᠢᠯ ᠤᠨ ᠠᠷᠭ᠎ᠠ ᠪᠠᠷ ᠵᠠᠬ᠎ᠠ ᠳᠡᠯᠭᠡᠭᠦᠷ ᠤᠨ ᠭᠤᠣᠯ ᠴᠣᠭᠴᠠ ᠪᠠ ᠤᠯᠠᠨ ᠲᠦᠮᠡᠨ ᠢ ᠲᠦᠷᠢᠮ ᠲᠣᠭᠲᠠᠭᠠᠯ ᠶᠣᠰᠣᠭᠠᠷ ᠠᠵᠢᠯ ᠶᠠᠪᠤᠳᠠᠯ ᠰᠢᠢᠳᠪᠦᠷᠢᠯᠡᠬᠦ ᠳᠤ ᠬᠥᠮᠦᠨ ᠢ ᠭᠤᠶᠤᠬᠤ ᠦᠭᠡᠢ ᠪᠣᠯᠭᠠᠬᠤ ᠬᠡᠷᠡᠭᠲᠡᠶ᠃ ︵ᠬᠤᠶᠠᠷ︶ ᠬᠠᠤᠯᠢᠵᠢᠭᠰᠠᠨ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠬᠦᠴᠦᠯᠡᠨ ᠪᠣᠶ ᠪᠣᠯᠭᠠᠨ᠎ᠠ᠃ ᠵᠠᠬ᠎ᠠ ᠳᠡᠯᠭᠡᠭᠦᠷ ᠤᠨ ᠠᠵᠤ ᠠᠬᠤᠶ ᠨᠢ ᠮᠥᠨ ᠴᠤ ᠬᠠᠤᠯᠢ ᠪᠠᠷ ᠵᠠᠰᠠᠬᠤ ᠠᠵᠤ ᠠᠬᠤᠶ ᠮᠥᠨ᠃ ᠬᠠᠤᠯᠢ ᠶᠣᠰᠣᠭᠠᠷ ᠵᠠᠰᠠᠭ ᠶᠠᠪᠤᠭᠤᠯᠬᠤ ᠶᠢ ᠪᠠᠷᠢᠮᠲᠠᠯᠠᠵᠤ᠂ ᠬᠠᠤᠯᠢ ᠪᠠᠷ ᠵᠠᠰᠠᠬᠤ ᠪᠠᠷ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠲᠣᠭᠲᠠᠭᠤᠨ᠂ ᠲᠥᠪ ᠭᠤᠣᠯᠴᠢ᠂ ᠢᠯᠡ ᠲᠣᠳᠣ᠂ ᠵᠢᠱᠢᠵᠦ ᠪᠣᠯᠬᠤᠶᠢᠴᠠ ᠣᠷᠴᠢᠨ ᠨᠥᠬᠦᠴᠡᠯ ᠢ ᠪᠤᠢ ᠪᠣᠯᠭᠠᠬᠤ ᠬᠡᠷᠡᠭᠲᠡᠶ᠃ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠬᠠᠤᠯᠢ ᠲᠣᠭᠲᠠᠭᠠᠯ ᠤᠨ ᠲᠣᠭᠲᠠᠯᠴᠠᠭ᠎ᠠ ᠶᠢ ᠪᠠᠶᠢᠭᠤᠯᠤᠨ ᠲᠡᠭᠦᠯᠳᠡᠷᠵᠢᠭᠦᠯᠬᠦ ᠬᠡᠷᠡᠭᠲᠡᠶ᠃ ᠰᠠᠶᠢᠨ ᠬᠠᠤᠯᠢ ᠪᠠᠷ ᠰᠠᠶᠢᠲᠤᠷ ᠵᠠᠰᠠᠵᠤ ᠴᠢᠳᠠᠨ᠎ᠠ᠃ ︽ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠰᠢᠯᠢᠳᠡᠭᠵᠢᠭᠦᠯᠬᠦ ᠲᠦᠷᠢᠮ︾ ᠢ ᠨᠢᠭᠡᠨᠲᠡ ᠪᠥᠬᠦ ᠲᠠᠯ᠎ᠠ ᠪᠠᠷ ᠬᠡᠷᠡᠭᠵᠢᠭᠦᠯᠵᠦ᠂ ︽ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠳᠡᠩᠰᠡᠯᠡᠨ ᠬᠠᠮᠢᠶᠠᠷᠬᠤ ᠲᠦᠷᠢᠮ︾ ᠢ ᠤᠳᠠᠯ ᠥᠬᠡᠶ ᠨᠡᠶᠢᠲᠡᠯᠡᠬᠦ ᠭᠡᠵᠦ ᠪᠠᠶᠢᠨ᠎ᠠ᠂ ᠡᠭᠦᠨ ᠢ ᠯᠠᠪᠳᠠᠭᠤᠨ ᠪᠠᠲᠤᠲᠠᠶ ᠪᠠᠷ ᠨᠠᠶᠢᠳᠠᠪᠤᠷᠢᠵᠢᠭᠤᠯᠬᠤ ᠬᠡᠷᠡᠭᠲᠡᠶ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠳ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠲᠠᠯ᠎ᠠ ᠪᠠᠷ ᠬᠢ ᠬᠠᠤᠯᠢ ᠴᠠᠭᠠᠵᠠ ᠬᠠᠤᠯᠢ ᠲᠣᠭᠲᠠᠭᠠᠯ ᠢ ᠲᠣᠭᠲᠠᠭᠠᠬᠤ᠂ ᠵᠠᠰᠠᠪᠤᠷᠢ ᠣᠷᠣᠭᠤᠯᠬᠤ᠂ ᠬᠦᠴᠦᠨ ᠦᠭᠡᠢ ᠪᠣᠯᠭᠠᠬᠤ᠂ ᠲᠠᠶᠢᠯᠪᠤᠷᠢᠯᠠᠬᠤ ᠠᠵᠢᠯ ᠢ ᠦᠷᠭᠦᠯᠵᠢᠯᠡᠨ ᠰᠠᠶᠢᠲᠤᠷ ᠬᠢᠵᠦ᠂ ᠪᠦᠲᠦᠮᠵᠢᠲᠡᠢ ᠠᠷᠭ᠎ᠠ ᠬᠢᠳᠡᠯ ᠢ ᠲᠦᠷᠢᠮ ᠵᠢᠷᠤᠮᠵᠢᠯ ᠪᠣᠯᠭᠠᠨ ᠳᠡᠭᠡᠭᠰᠢᠯᠡᠭᠦᠯᠬᠦ ᠬᠡᠷᠡᠭᠲᠡᠢ᠂ ᠣᠳᠣᠬᠠᠨ ᠳᠤ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ᠂ ᠵᠠᠰᠠᠭ ᠵᠠᠬᠢᠷᠭᠠᠨ ᠤ ᠰᠦᠢᠳᠬᠡᠯ ᠬᠤᠷᠢᠶᠠᠬᠤ᠂ ᠵᠠᠰᠠᠭ ᠤᠨ ᠶᠠᠪᠤᠳᠠᠯ ᠤᠨ ᠦᠢᠯᠡᠴᠢᠯᠡᠭᠡ᠂ ᠲᠤᠭ᠎ᠠ ᠪᠠᠷᠢᠮᠲᠠ ᠶᠢ ᠠᠮᠤᠷ ᠲᠦᠪᠰᠢᠨ ᠢᠶᠠᠷ ᠬᠠᠮᠲᠤ ᠳᠤ ᠪᠠᠨ ᠬᠦᠷᠲᠡᠬᠦ ᠵᠡᠷᠭᠡ ᠬᠦᠷᠢᠶᠡᠨ ᠤ ᠬᠠᠤᠯᠢ ᠲᠣᠭᠲᠠᠭᠠᠯ ᠤᠨ ᠪᠠᠶᠢᠭᠤᠯᠤᠯᠲᠠ ᠶᠢ ᠭᠤᠣᠯᠳᠠᠯᠭ᠎ᠠ ᠲᠠᠢ ᠰᠠᠶᠢᠲᠤᠷ ᠠᠳᠬᠤᠬᠤ ᠬᠡᠷᠡᠭᠲᠡᠢ᠃ ᠡᠯ᠎ᠡ ᠲᠦᠷᠦᠯ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠥᠮᠴᠢᠯᠡᠯ ᠤᠨ ᠡᠷᠬᠡ ᠪᠠ ᠬᠠᠤᠯᠢ ᠶᠣᠰᠣᠨ ᠤ ᠡᠷᠬᠡ ᠠᠰᠢᠭ ᠢ ᠬᠠᠤᠯᠢ ᠶᠣᠰᠣᠭᠠᠷ ᠬᠠᠮᠠᠭᠠᠯᠠᠬᠤ ᠬᠡᠷᠡᠭᠲᠡᠶ᠃ ᠥᠮᠴᠢᠯᠡᠯ ᠤᠨ ᠡᠷᠬᠡ ᠶᠢ ᠬᠠᠮᠠᠭᠠᠯᠠᠬᠤ ᠲᠦᠷᠢᠮ ᠢ ᠲᠡᠭᠦᠯᠳᠡᠷᠵᠢᠭᠦᠯᠵᠦ᠂ ᠡᠯ᠎ᠡ ᠲᠦᠷᠦᠯ ᠤᠨ ᠥᠮᠴᠢᠯᠡᠯ ᠤᠨ ᠡᠷᠬᠡ ᠶᠢ ᠬᠠᠤᠯᠢ ᠶᠣᠰᠣᠭᠠᠷ ᠪᠦᠬᠦ ᠲᠠᠯ᠎ᠠ ᠪᠠᠷ ᠬᠠᠮᠠᠭᠠᠯᠠᠵᠤ ᠂ ᠮᠡᠳᠡᠯᠭᠡ ᠶᠢᠨ ᠥᠮᠴᠢᠯᠡᠯ ᠤᠨ ᠡᠷᠬᠡ ᠳᠤ ᠬᠠᠯᠳᠠᠭᠰᠠᠨ ᠢ ᠵᠠᠯᠬᠠᠭᠠᠨ ᠰᠢᠢᠳᠬᠡᠬᠦ ᠴᠢᠨᠠᠷᠲᠠᠢ ᠲᠥᠯᠥᠪᠦᠷᠢ ᠶᠢᠨ ᠲᠦᠷᠢᠮ ᠢ ᠴᠢᠩᠭ᠎ᠠ ᠬᠡᠷᠡᠭᠵᠢᠭᠦᠯᠵᠦ᠂ ᠡᠷᠬᠡ ᠳᠤ ᠬᠠᠯᠳᠠᠬᠤ ᠥᠪᠡᠷ ᠤᠨ ᠦᠷᠳᠡᠭ ᠳᠣᠣᠷ᠎ᠠ᠂ ᠡᠷᠬᠡ ᠪᠠᠨ ᠬᠠᠮᠠᠭᠠᠯᠠᠬᠤ ᠥᠪᠡᠷ ᠤᠨ ᠦᠷᠳᠡᠭ ᠥᠨᠳᠥᠷ ᠵᠡᠷᠭᠡ ᠠᠰᠠᠭᠤᠳᠠᠯ ᠢ ᠬᠦᠴᠦᠯᠡᠨ ᠰᠢᠢᠳᠪᠦᠷᠢᠯᠡᠬᠦ ᠬᠡᠷᠡᠭᠲᠡᠢ᠃ ᠵᠠᠰᠠᠭ ᠤᠨ ᠣᠷᠳᠣᠨ ᠲᠦᠷᠦᠭᠦᠯᠡᠨ ᠢᠲᠡᠭᠡᠮᠵᠢ ᠶᠢ ᠰᠠᠬᠢᠵᠤ ᠠᠮᠠᠯᠠᠯᠲᠠ ᠪᠠᠨ ᠭᠦᠢᠴᠡᠳᠬᠡᠵᠦ᠂ ᠡᠯ᠎ᠡ ᠭᠠᠵᠠᠷ ᠣᠷᠣᠨ ᠨᠤᠭᠤᠳ ᠵᠠᠰᠠᠭ ᠤᠨ ᠣᠷᠳᠣᠨ ᠤ ᠠᠵᠤ ᠠᠬᠤᠶᠢᠯᠠᠯ ᠤᠨ ᠬᠠᠤᠯᠢ ᠲᠣᠭᠲᠠᠭᠠᠯ ᠶᠣᠰᠣᠭᠠᠷ ᠠᠮᠠᠯᠠᠭᠰᠠᠨ ᠵᠦᠢᠯᠡᠰ ᠢ ᠡᠮᠬᠢᠯᠡᠨ ᠳᠢᠭᠯᠡᠵᠦ᠂ ᠲᠣᠭᠲᠠᠭᠰᠠᠨ ᠬᠤᠭᠤᠴᠠᠭᠠᠨ ᠳᠤ ᠪᠠᠨ ᠭᠦᠢᠴᠡᠳᠬᠡᠭᠰᠡᠨ ᠥᠬᠡᠶ ᠶᠢ ᠨᠢ ᠬᠤᠭᠤᠴᠠᠭ᠎ᠠ ᠬᠢᠵᠠᠭᠠᠷᠯᠠᠨ ᠰᠢᠢᠳᠪᠦᠷᠢᠯᠡᠵᠦ᠂ ᠵᠠᠰᠠᠭ ᠤᠨ ᠣᠷᠳᠣᠨ ᠤ ᠢᠲᠡᠭᠡᠯ ᠠᠯᠳᠠᠭᠰᠠᠨ ᠠᠴᠠ ᠪᠣᠯᠵᠣ ᠠᠵᠤ ᠠᠬᠤᠶᠢᠯᠠᠯ ᠤᠨ ᠬᠠᠤᠯᠢ ᠶᠣᠰᠣᠨ ᠤ ᠡᠷᠬᠡ ᠠᠰᠢᠭ ᠲᠤ ᠬᠤᠬᠢᠷᠠᠯ ᠤᠴᠠᠷᠠᠭᠤᠯᠤᠭᠰᠠᠨ ᠪᠠᠶᠢᠪᠠᠯ ᠬᠠᠤᠯᠢ ᠶᠣᠰᠣᠭᠠᠷ ᠲᠥᠯᠥᠪᠦᠷᠢ ᠥᠭᠬᠦ ᠬᠡᠷᠡᠭᠲᠡᠶ᠂ ᠶᠠᠭᠠᠬᠢᠭᠰᠠᠨ ᠴᠤ ︽ᠰᠢᠨ᠎ᠡ ᠳᠠᠷᠤᠭ᠎ᠠ ᠬᠠᠭᠤᠴᠢᠨ ᠲᠠᠩᠰᠠ ᠶᠢ ᠬᠠᠮᠢᠶᠠᠷᠬᠤ ᠥᠬᠡᠶ︾ ᠪᠠᠶᠢᠵᠤ ᠪᠣᠯᠬᠤ ᠥᠬᠡᠶ᠃ ᠲᠥᠪ ᠭᠤᠣᠯᠴᠢ ᠪᠣᠯᠪᠠᠰᠤᠨ ᠢᠶᠠᠷ ᠬᠠᠤᠯᠢ ᠬᠡᠷᠡᠭᠵᠢᠭᠦᠯᠬᠦ ᠶᠢ ᠴᠢᠩᠭ᠎ᠠ ᠵᠢᠷᠤᠮᠵᠢᠭᠤᠯᠬᠤ ᠬᠡᠷᠡᠭᠲᠡᠢ᠃ ᠬᠠᠤᠯᠢ ᠶᠢ ᠵᠢᠷᠤᠮᠵᠢᠭᠤᠨ ᠬᠡᠷᠡᠭᠵᠢᠭᠦᠯᠬᠦ ᠦᠭᠡᠢ ᠪᠣᠯ ᠵᠠᠬ᠎ᠠ ᠳᠡᠯᠭᠡᠭᠦᠷ ᠤᠨ ᠢᠲᠡᠭᠡᠯ ᠳᠤ ᠴᠣᠬᠢᠯᠲᠠ ᠪᠣᠯᠬᠤ ᠪᠠᠷ ᠪᠠᠷᠠᠬᠤ ᠦᠭᠡᠢ᠂ ᠵᠠᠰᠠᠭ ᠤᠨ ᠣᠷᠳᠣᠨ ᠤ ᠨᠡᠶᠢᠲᠡ ᠶᠢ ᠢᠲᠡᠭᠡᠭᠦᠯᠬᠦ ᠬᠦᠴᠦᠨ ᠪᠠ ᠨᠡᠶᠢᠭᠡᠮ ᠤᠨ ᠲᠥᠪ ᠭᠤᠣᠯᠴᠢ ᠰᠢᠳᠤᠷᠭᠤ ᠶᠣᠰᠣ ᠶᠢ ᠬᠤᠬᠢᠷᠠᠭᠤᠯᠬᠤ ᠪᠣᠯᠤᠨ᠎ᠠ᠃ ᠬᠤᠯᠪᠣᠭᠳᠠᠯ ᠪᠦᠬᠦᠢ ᠰᠠᠯᠠᠭ᠎ᠠ ᠮᠥᠴᠢᠷ ᠤᠳ ᠵᠠᠰᠠᠭ ᠵᠠᠬᠢᠷᠭᠠᠨ ᠤ ᠲᠠᠰᠤᠯᠤᠯᠲᠠ ᠶᠢᠨ ᠡᠷᠬᠡ ᠶᠢ ᠱᠠᠯᠠᠪᠳᠠᠨ ᠰᠤᠳᠤᠯᠤᠨ ᠵᠢᠷᠤᠮᠵᠢᠭᠤᠯᠵᠤ᠂ ᠬᠠᠤᠯᠢ ᠶᠢ ᠴᠢᠩᠭ᠎ᠠ ᠬᠡᠷᠡᠭᠵᠢᠭᠦᠯᠬᠦ ᠦᠭᠡᠢ᠂ ᠳᠥᠭᠦᠮ ᠪᠦᠳᠦᠭᠦᠯᠢᠭ᠂ ᠬᠡᠳᠦ ᠬᠦᠩᠭᠡᠨ ᠬᠡᠳᠦ ᠬᠦᠨᠳᠦ ᠪᠣᠯᠭᠠᠬᠤ ᠵᠡᠷᠭᠡ ᠦᠢᠯᠡ ᠠᠵᠢᠯᠯᠠᠭ᠎ᠠ ᠶᠢ ᠵᠠᠯᠠᠷᠠᠭᠤᠯᠵᠤ᠂ ᠬᠠᠤᠯᠢ ᠬᠡᠷᠡᠭᠵᠢᠭᠦᠯᠬᠦ ᠲᠦᠪᠰᠢᠨ ᠢᠶᠠᠨ ᠳᠡᠭᠡᠭᠰᠢᠯᠡᠭᠦᠯᠬᠦ ᠬᠡᠷᠡᠭᠲᠡᠶ᠃ ᠳᠤᠷ᠎ᠠ ᠪᠠᠷ ᠰᠦᠢᠳᠬᠡᠯ ᠬᠤᠷᠢᠶᠠᠬᠤ᠂ ᠳᠤᠷ᠎ᠠ ᠪᠠᠷ ᠵᠣᠭᠤᠰ ᠢᠶᠠᠷ ᠲᠣᠷᠭᠠᠬᠤ᠂ ᠳᠤᠷ᠎ᠠ ᠪᠠᠷ ᠲᠡᠰᠬᠡᠨ ᠲᠠᠲᠠᠪᠤᠷᠢᠯᠠᠬᠤ ᠶᠠᠪᠤᠳᠠᠯ ᠢ ᠡᠬᠢ ᠦᠨᠳᠦᠰᠦ ᠠᠴᠠ ᠨᠢ ᠠᠷᠢᠯᠭᠠᠵᠤ᠂ ᠬᠠᠤᠯᠢ ᠪᠠᠷ ᠲᠣᠭᠲᠠᠭᠠᠭᠰᠠᠨ ᠡᠷᠬᠡ ᠶᠢᠨ ᠬᠢᠵᠠᠭᠠᠷ ᠪᠠ ᠵᠢᠷᠤᠮ ᠢ ᠵᠥᠷᠢᠴᠡᠵᠦ ᠲᠣᠭᠲᠠᠭᠠᠭᠰᠠᠨ ᠵᠣᠭᠤᠰ ᠢᠶᠠᠷ ᠲᠣᠷᠭᠠᠬᠤ ᠵᠦᠢᠯᠡᠰ ᠢ ᠬᠦᠴᠦᠨ ᠦᠭᠡᠢ ᠪᠣᠯᠭᠠᠬᠤ ᠬᠡᠷᠡᠭᠲᠡᠶ᠃ ︵ᠭᠤᠷᠪᠠ︶ ᠣᠯᠠᠨ ᠤᠯᠤᠰᠴᠢᠯᠠᠭᠰᠠᠨ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠬᠦᠴᠦᠯᠡᠨ ᠪᠣᠶ ᠪᠣᠯᠭᠠᠨ᠎ᠠ ᠃ ᠡᠨᠡ ᠪᠣᠯ ᠮᠠᠨ ᠤ ᠤᠯᠤᠰ ᠤᠨ ᠭᠠᠳᠠᠭᠰᠢ ᠨᠡᠭᠡᠭᠡᠯᠲᠡ ᠬᠢᠬᠦ ᠬᠢᠷᠢ ᠲᠦᠪᠰᠢᠨ ᠢ ᠳᠡᠭᠡᠭᠰᠢᠯᠡᠭᠦᠯᠬᠦ ᠴᠢᠬᠤᠯᠠ ᠠᠷᠭ᠎ᠠ ᠵᠠᠮ ᠪᠣᠯᠬᠤ ᠮᠥᠷᠲᠡᠭᠡᠨ ᠡᠳᠦᠷ ᠢᠷᠡᠬᠦᠶ᠎ᠡ ᠪᠤᠳᠤᠯᠢᠶᠠᠨᠲᠠᠢ ᠪᠤᠯᠵᠤ ᠪᠠᠶᠢᠭ᠎ᠠ ᠳᠡᠯᠡᠬᠡᠶ ᠶᠢᠨ ᠪᠠᠶᠢᠳᠠᠯ ᠢ ᠠᠷᠭᠠᠴᠠᠭᠠᠬᠤ ᠪᠦᠲᠦᠮᠵᠢᠲᠡᠶ ᠠᠷᠭ᠎ᠠ ᠬᠡᠮᠵᠢᠶ᠎ᠡ ᠪᠣᠯᠬᠤ ᠶᠤᠮ᠃ ᠬᠡᠳᠦ᠋ᠢᠪᠡᠷ ᠠᠵᠤ ᠠᠬᠤᠢ ᠶᠢᠨ ᠣᠯᠠᠨ ᠤᠯᠤᠰᠴᠢᠯᠠᠯᠲᠠ ᠣᠬᠤᠷᠬᠠᠨ ᠬᠤᠭᠤᠴᠠᠭᠠᠨ ᠳᠤ ᠰᠥᠷᠭᠡᠦ ᠤᠷᠤᠰᠬᠠᠯ ᠳᠤ ᠤᠴᠠᠷᠠᠭᠰᠠᠨ ᠪᠣᠯᠪᠠᠴᠤ ᠠᠯᠤᠰ ᠬᠡᠳᠦ ᠠᠴᠠ ᠠᠪᠴᠤ ᠦᠵᠡᠪᠡᠯ ᠮᠥᠨ ᠯᠡ ᠲᠡᠦᠬᠡ ᠶᠢᠨ ᠤᠷᠤᠰᠬᠠᠯ ᠪᠠᠶᠢᠵᠤ᠂ ᠭᠠᠭᠴᠠ ᠲᠠᠯ᠎ᠠ ᠶᠢᠨ ᠦᠵᠡᠯ᠂ ᠬᠠᠮᠠᠭᠠᠯᠠᠬᠤ ᠦᠵᠡᠯ ᠢ ᠬᠡᠷᠡᠭᠵᠢᠭᠦᠯᠬᠦ ᠨᠢ ᠭᠠᠷᠬᠤ ᠵᠠᠮ ᠦᠭᠡᠢ᠂ ᠦᠷᠭᠦᠯᠵᠢᠯᠡᠵᠦ ᠴᠢᠳᠠᠰᠢ ᠦᠭᠡᠢ ᠶᠤᠮ᠃ ᠳᠤᠮᠳᠠᠳᠤ ᠤᠯᠤᠰ ᠤᠨ ᠠᠵᠤ ᠠᠬᠤᠢ ᠨᠢᠭᠡᠨᠲᠡ ᠳᠡᠯᠡᠬᠡᠢ ᠳ᠋ᠠᠬᠢᠨ ᠲᠠᠢ ᠭᠦᠨᠵᠡᠭᠡᠢ ᠠᠭᠤᠰᠤᠯᠴᠠᠵᠤ᠂ ︽ᠢᠨᠲ᠋ᠧᠷ ᠰᠦᠯᠵᠢᠶ᠎ᠡ +︾ ᠶᠢᠨ ᠭᠦᠨᠵᠡᠭᠡᠶᠢᠷᠡᠨ ᠬᠥᠭᠵᠢᠬᠦ ᠶᠢ ᠲᠠᠭᠠᠯᠳᠤᠨ᠂ ᠬᠤᠳᠠ ᠨᠢᠭᠡᠪᠦᠷᠢ ᠴᠢᠨᠠᠭᠰᠢᠯᠠᠪᠠᠯ ᠨᠡᠶᠢᠭᠡᠮ ᠲᠣᠭᠤᠷᠢᠭ᠂ ᠲᠣᠰᠬᠤᠨ ᠨᠢᠭᠡᠪᠦᠷᠢ ᠴᠥᠮ ᠤᠯᠠᠨ ᠤᠯᠤᠰ ᠤᠨ ᠵᠠᠬ᠎ᠠ ᠳᠡᠯᠭᠡᠭᠦᠷ ᠲᠠᠢ ᠨᠡᠪᠳᠡᠷᠡᠵᠤ ᠮᠡᠳᠡᠨ᠎ᠠ᠃ ᠡᠭᠦᠳᠡ ᠪᠠᠨ ᠲᠦᠭᠵᠢᠵᠦ ᠪᠢᠲᠡᠭᠦᠮᠵᠢᠯᠡᠪᠡᠯ ᠠᠵᠢᠯᠯᠠᠬᠤ ᠶᠢᠨ ᠠᠷᠭ᠎ᠠ ᠦᠭᠡᠢ ᠶᠤᠮ᠃ ᠵᠠᠬ᠎ᠠ ᠳᠡᠯᠭᠡᠭᠦᠷ ᠤᠨ ᠭᠤᠣᠯ ᠴᠣᠭᠴᠠ ᠵᠥᠪᠬᠡᠨ ᠵᠠᠰᠠᠭ ᠤᠨ ᠣᠷᠳᠣᠨ ᠤ ᠬᠠᠮᠠᠭᠠᠯᠠᠯᠲᠠ ᠶᠢ ᠲᠦᠰᠢᠭᠯᠡᠬᠦ ᠪᠠᠷ ᠭᠤᠷᠢᠳᠠᠬᠤ ᠨᠢ ᠢᠷᠡᠭᠡᠳᠦᠢ ᠳᠤ ᠵᠠᠮ ᠦᠭᠡᠢ ᠶᠤᠮ᠃ ᠳᠤᠮᠳᠠᠳᠤ ᠤᠯᠤᠰ ᠤᠨ ᠬᠥᠮᠦᠨ ᠤ ᠲᠡᠮᠡᠴᠡᠯ ᠤᠨ ᠵᠣᠷᠢᠭ ᠰᠠᠨᠠᠭ᠎ᠠ ᠶᠢ ᠪᠠᠳᠠᠷᠠᠭᠤᠯᠵᠤ᠂ ᠳᠡᠯᠡᠬᠡᠶ ᠶᠢᠨ ᠵᠠᠬ᠎ᠠ ᠳᠡᠯᠭᠡᠭᠦᠷ ᠲᠤ ᠵᠣᠷᠢᠭᠲᠠᠶ ᠪᠠᠷ ᠥᠷᠢᠰᠥᠯᠳᠦᠨ ᠲᠡᠮᠡᠴᠡᠵᠦ᠂ ᠤᠯᠤᠰ ᠤᠨ ᠳᠣᠲᠣᠭᠠᠳᠤ ᠶᠢᠨ ᠵᠠᠬ᠎ᠠ ᠳᠡᠯᠭᠡᠭᠦᠷ ᠢ ᠳᠡᠯᠡᠬᠡᠶ ᠶᠢᠨ ᠵᠠᠬ᠎ᠠ ᠳᠡᠯᠭᠡᠭᠦᠷ ᠪᠣᠯᠭᠠᠨ ᠥᠷᠢᠰᠥᠯᠳᠦᠭᠦᠯᠬᠦ ᠬᠡᠷᠡᠭᠲᠡᠶ᠃ ᠳᠡᠯᠡᠬᠡᠶ ᠶᠢᠨ ᠣᠷᠴᠢᠨ ᠲᠣᠭᠤᠷᠢᠨ ᠬᠡᠷᠬᠢᠨ ᠬᠤᠪᠢᠷᠬᠠᠰᠠᠨ ᠴᠤ ᠪᠢᠳᠡ ᠴᠥᠮ ᠭᠠᠳᠠᠭᠰᠢ ᠨᠡᠭᠡᠭᠡᠯᠳᠡ ᠬᠢᠬᠦ ᠪᠠᠨ ᠡᠷᠡᠰ ᠭᠤᠶᠢᠪᠢᠰᠢ ᠦᠭᠡᠢ ᠪᠠᠷ ᠥᠷᠭᠡᠳᠬᠡᠵᠦ᠂ ᠳᠡᠯᠡᠬᠡᠶ ᠶᠢᠨ ᠪᠠ ᠤᠯᠤᠰ ᠤᠨ ᠳᠣᠲᠣᠭᠠᠳᠤ ᠶᠢᠨ ᠬᠤᠶᠠᠷ ᠵᠠᠬ᠎ᠠ ᠳᠡᠯᠭᠡᠭᠦᠷ᠂ ᠬᠤᠶᠠᠷ ᠵᠦᠢᠯ ᠤᠨ ᠡᠬᠢ ᠪᠠᠶᠠᠯᠢᠭ ᠢ ᠨᠡᠩ ᠰᠠᠶᠢᠲᠤᠷ ᠠᠰᠢᠭᠯᠠᠵᠤ᠂ ᠤᠯᠠᠨ ᠤᠯᠤᠰ ᠤᠨ ᠬᠠᠮᠲᠤᠷᠠᠯᠴᠠᠭ᠎ᠠ ᠪᠠ ᠥᠷᠢᠰᠥᠯᠳᠦᠭᠡᠨ ᠤ ᠰᠢᠨ᠎ᠡ ᠳᠠᠪᠠᠭᠤᠯᠢᠭ ᠢ ᠪᠤᠢ ᠪᠣᠯᠭᠠᠬᠤ ᠬᠡᠷᠡᠭᠲᠡᠶ᠃ ᠤᠯᠠᠨ ᠤᠯᠤᠰ ᠤᠨ ᠨᠡᠶᠢᠳᠡᠮ ᠬᠡᠷᠡᠭᠯᠡᠵᠦ ᠪᠠᠶᠢᠭ᠎ᠠ ᠬᠤᠯᠪᠣᠭᠳᠠᠯ ᠪᠦᠬᠦᠢ ᠳᠦᠷᠢᠮ ᠵᠢᠷᠤᠮ ᠲᠠᠢ ᠵᠣᠯᠭᠠᠭᠤᠯᠬᠤ ᠶᠢ ᠤᠯᠠᠮ ᠨᠢᠭᠡ ᠠᠯᠬᠤᠮ ᠴᠢᠩᠭᠠᠳᠬᠠᠬᠤ ᠬᠡᠷᠡᠭᠲᠡᠶ᠃ ᠪᠦᠬᠦ ᠪᠥᠮᠪᠥᠷᠴᠡᠭ ᠤᠨ ᠵᠠᠬ᠎ᠠ ᠳᠡᠯᠭᠡᠭᠦᠷ ᠤᠨ ᠭᠤᠣᠯ ᠴᠣᠭᠴᠠ ᠳᠤ ᠠᠪᠴᠤ ᠬᠡᠯᠡᠪᠡᠯ᠂ ᠬᠠᠮᠢᠭᠠᠬᠢ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠰᠠᠶᠢᠨ ᠪᠣᠯ ᠲᠡᠨᠳᠡᠬᠢ ᠵᠠᠬ᠎ᠠ ᠳᠡᠯᠭᠡᠭᠦᠷ ᠨᠡᠩ ᠢᠯᠡᠭᠦᠦ ᠲᠠᠲᠠᠬᠤ ᠬᠦᠴᠦᠨ ᠲᠠᠢ ᠪᠠᠶᠢᠵᠤ᠂ ᠤᠯᠠᠨ ᠤᠯᠤᠰ ᠤᠨ ᠥᠷᠢᠰᠥᠯᠳᠦᠭᠡᠨ ᠳᠤᠮᠳᠠ ᠨᠡᠩ ᠢᠯᠡᠭᠦᠦ ᠳᠠᠪᠠᠭᠤᠯᠢᠭ ᠪᠣᠯᠵᠤ ᠪᠣᠯᠤᠨ᠎ᠠ᠃ ᠤᠶᠢᠢᠷ᠎ᠠ ᠶᠢᠨ ᠵᠢᠯ ᠤᠳ ᠲᠤ᠂ ᠪᠢᠳᠠ ᠳᠡᠯᠡᠬᠡᠢ ᠶᠢᠨ ᠲᠡᠷᠢᠭᠦᠨ ᠤ ᠬᠢ ᠪᠠᠷ ᠪᠠᠷᠢᠮᠵᠢᠶᠠᠯᠠᠵᠤ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢᠶᠠᠨ ᠦᠷᠭᠦᠯᠵᠢᠯᠡᠨ ᠰᠢᠯᠢᠳᠡᠭᠵᠢᠭᠦᠯᠵᠦ᠂ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠳᠡᠯᠡᠬᠡᠢ ᠳᠠᠬᠢ ᠨᠡᠷᠡᠰ ᠤᠨ ᠵᠢᠭᠰᠠᠭᠠᠯᠲᠠ ᠶᠡᠭᠡ ᠪᠠᠷ ᠳᠡᠭᠡᠭᠰᠢᠯᠡᠵᠡᠢ᠃ ᠭᠡᠪᠡᠴᠦ ᠬᠥᠭᠵᠢᠭᠰᠡᠨ ᠠᠵᠤ ᠠᠬᠤᠶ ᠶᠢᠨ ᠴᠣᠭᠴᠠ ᠲᠠᠢ ᠬᠠᠷᠢᠴᠠᠭᠤᠯᠪᠠᠯ᠂ ᠮᠠᠨ ᠤ ᠵᠠᠷᠢᠮ ᠬᠦᠷᠢᠶᠡᠨ ᠳᠠᠬᠢ ᠬᠠᠮᠢᠶᠠᠷᠤᠯᠲᠠ ᠶᠢᠨ ᠪᠠᠶᠢᠭᠤᠯᠤᠯ ᠪᠠ ᠲᠦᠷᠢᠮ ᠪᠠᠰᠠ ᠵᠥᠷᠢᠶ᠎ᠡ ᠲᠠᠢ ᠪᠠᠶᠢᠨ᠎ᠠ᠃ ᠮᠠᠨ ᠤ ᠤᠯᠤᠰ ᠨᠢᠭᠡᠨᠲᠡ ︽ᠣᠷᠣᠨ ᠪᠦᠰᠡ ᠶᠢᠨ ᠪᠦᠬᠦ ᠲᠠᠯ᠎ᠠ ᠶᠢᠨ ᠠᠵᠤ ᠠᠬᠤᠶ ᠶᠢᠨ ᠬᠠᠨᠢᠲᠠᠨ ᠤ ᠬᠠᠷᠢᠴᠠᠭ᠎ᠠ ᠶᠢᠨ ᠬᠡᠯᠡᠯᠴᠡᠭᠡᠷ︾ ᠲᠤ ᠣᠷᠣᠯᠴᠠᠬᠤ ᠪᠠᠷ ᠵᠢᠩᠬᠢᠨᠢ ᠪᠠᠷ ᠭᠠᠷ ᠤᠨ ᠦᠰᠦᠭ ᠵᠢᠷᠤᠪᠠ᠂ ᠡᠭᠦᠨ ᠢᠶᠠᠷ ᠠᠵᠠ ᠲᠣᠬᠢᠶᠠᠯ ᠪᠣᠯᠭᠠᠵᠤ᠂ ᠠᠷᠠᠯᠵᠢᠶ᠎ᠠ ᠪᠡᠯᠡ ᠣᠷᠣᠭᠤᠯᠤᠯᠲᠠ ᠶᠢ ᠴᠢᠯᠥᠭᠡᠲᠡᠶ ᠪᠣᠯᠭᠠᠬᠤ ᠪᠠ ᠳᠥᠭᠦᠮᠴᠢᠯᠡᠬᠦ᠂ ᠮᠡᠳᠡᠯᠭᠡ ᠶᠢᠨ ᠥᠮᠴᠢᠯᠡᠯ ᠤᠨ ᠡᠷᠬᠡ ᠶᠢ ᠬᠠᠮᠠᠭᠠᠯᠠᠬᠤ᠂ ᠡᠯᠧᠺᠳ᠋ᠷᠣᠨ ᠬᠤᠳᠠᠯᠳᠤᠭᠠᠨ ᠤ ᠶᠠᠪᠤᠳᠠᠯ᠂ ᠵᠠᠰᠠᠭ ᠤᠨ ᠣᠷᠳᠣᠨ ᠤ ᠬᠤᠳᠠᠯᠳᠤᠨ ᠠᠪᠬᠤ ᠵᠡᠷᠭᠡ ᠲᠠᠯ᠎ᠠ ᠪᠠᠷ ᠨᠡᠩ ᠥᠨᠳᠥᠷ ᠪᠠᠷᠢᠮᠵᠢᠶ᠎ᠠ ᠪᠠ ᠳᠦᠷᠢᠮ ᠵᠢᠷᠤᠮ ᠢ ᠬᠡᠷᠡᠭᠵᠢᠭᠦᠯᠬᠦ ᠬᠡᠷᠡᠭᠲᠡᠶ᠃ ᠴᠢᠯᠥᠭᠡᠲᠦ ᠠᠷᠠᠯᠵᠢᠶᠠᠨ ᠤ ᠲᠤᠷᠰᠢᠯᠲᠠ ᠶᠢᠨ ᠣᠷᠣᠨ ᠤ ᠰᠢᠨ᠎ᠡ ᠶᠢ ᠡᠭᠦᠳᠦᠨ ᠬᠦᠳᠦᠯᠦᠨ ᠳᠠᠭᠠᠭᠤᠯᠬᠤ ᠦᠢᠯᠡᠳᠦᠯ ᠢ ᠨᠡᠩ ᠰᠠᠶᠢᠲᠤᠷ ᠪᠠᠳᠠᠷᠠᠭᠤᠯᠵᠤ᠂ ᠲᠦᠷᠢᠮ ᠤᠨ ᠬᠡᠯᠪᠡᠷᠢ ᠶᠢᠨ ᠨᠡᠬᠡᠬᠡᠯᠳᠡ ᠬᠢᠬᠦ ᠲᠠᠯ᠎ᠠ ᠪᠠᠷ ᠨᠡᠩ ᠶᠡᠭᠡ ᠠᠯᠬᠤᠮ ᠳᠠᠪᠰᠢᠬᠤ ᠬᠡᠷᠡᠭᠲᠡᠢ᠃ ᠨᠡᠭᠡᠭᠡᠯᠳᠡ ᠬᠢᠬᠦ ᠶᠠᠪᠤᠴᠠ ᠳᠤ ᠪᠠᠰᠠ ᠠᠵᠤ ᠦᠢᠯᠡᠰ ᠤᠨ ᠬᠡᠯᠬᠢᠶ᠎ᠡ ᠪᠠ ᠬᠠᠩᠭᠠᠯᠭ᠎ᠠ ᠶᠢᠨ ᠬᠡᠯᠬᠢᠶ᠎ᠡ ᠶᠢᠨ ᠲᠣᠭᠲᠠᠭᠤᠨ ᠪᠠᠶᠢᠳᠠᠯ ᠢ ᠰᠠᠶᠢᠲᠤᠷ ᠬᠠᠮᠠᠭᠠᠯᠠᠵᠤ᠂ ᠤᠯᠤᠰ ᠤᠨ ᠠᠮᠤᠷ ᠲᠦᠪᠰᠢᠨ ᠢ ᠦᠨᠡᠨ ᠬᠦ ᠬᠠᠮᠠᠭᠠᠯᠠᠬᠤ ᠬᠡᠷᠡᠭᠲᠡᠶ᠃ ᠭᠠᠳᠠᠭᠠᠳᠤ ᠪᠡᠯᠡ ᠶᠢᠨ ᠬᠠᠮᠢᠶᠠᠷᠤᠯᠲᠠ ᠪᠠ ᠦᠢᠯᠡᠴᠢᠯᠡᠭᠡᠨ ᠤ ᠬᠢᠷᠢ ᠲᠦᠪᠰᠢᠨ ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠬᠡᠷᠡᠭᠲᠡᠶ᠃ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠯᠲᠠ ᠶᠢ ᠠᠬᠢᠭᠤᠯᠬᠤ ᠪᠠ ᠦᠢᠯᠡᠴᠢᠯᠡᠬᠦ ᠲᠣᠭᠲᠠᠯᠴᠠᠭ᠎ᠠ ᠶᠢ ᠲᠡᠭᠦᠯᠳᠡᠷᠵᠢᠭᠦᠯᠵᠦ᠂ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠯᠲᠠ ᠶᠢᠨ ᠬᠠᠤᠯᠢ ᠪᠠ ᠬᠤᠯᠪᠣᠭᠳᠠᠯ ᠪᠦᠬᠦᠢ ᠢᠵᠢ ᠪᠦᠷᠢᠨ ᠬᠠᠤᠯᠢ ᠲᠣᠭᠲᠠᠭᠠᠯ ᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠵᠤ᠂ ᠭᠠᠳᠠᠭᠠᠳᠤ ᠶᠢᠨ ᠬᠤᠳᠠᠯᠳᠤᠭᠠᠴᠢᠨ ᠤ ᠪᠡᠯᠡ ᠣᠷᠣᠭᠤᠯᠤᠯᠲᠠ ᠶᠢ ᠵᠥᠪᠰᠢᠶᠡᠷᠡᠨ ᠣᠷᠣᠭᠤᠯᠬᠤ ᠠᠴᠠ ᠡᠮᠦᠨᠡᠬᠢ ᠤᠯᠤᠰ ᠠᠷᠠᠳ ᠤᠨ ᠬᠠᠷᠠᠭᠠᠯᠵᠠᠯ ᠤᠨ ᠠᠯᠳᠠᠭᠳᠠᠯ ᠲᠠᠢ ᠵᠦᠢᠯᠡᠰ ᠤᠨ ᠨᠠᠷᠢᠨ ᠬᠠᠭᠤᠳᠠᠰᠤ ᠶᠢᠨ ᠬᠠᠮᠢᠶᠠᠷᠤᠯᠲᠠ ᠶᠢᠨ ᠳᠦᠷᠢᠮ ᠢ ᠲᠡᠭᠦᠯᠳᠡᠷᠵᠢᠭᠦᠯᠵᠦ᠂ ᠭᠠᠳᠠᠭᠠᠳᠤ ᠪᠡᠯᠡ ᠶᠢᠨ ᠠᠵᠤ ᠠᠬᠤᠶᠢᠯᠠᠯ ᠤᠨ ᠨᠢᠭᠡᠨᠲᠡ ᠨᠡᠭᠡᠭᠡᠯᠲᠡᠲᠡᠶ ᠪᠣᠯᠤᠭᠰᠠᠨ ᠬᠦᠷᠢᠶᠡᠨ ᠳᠤ ᠬᠠᠤᠯᠢ ᠶᠣᠰᠣᠭᠠᠷ ᠡᠷᠬᠡ ᠲᠡᠭᠰᠢ ᠪᠠᠷ ᠣᠷᠣᠬᠤ ᠶᠢ ᠪᠠᠲᠤᠯᠠᠵᠤ᠂ ᠮᠠᠨ ᠤ ᠤᠯᠤᠰ ᠢᠶᠠᠨ ᠤᠷᠳᠤ ᠬᠤᠭᠤᠴᠠᠭ᠎ᠠ ᠪᠠᠷ ᠬᠦᠴᠦᠷᠬᠡᠭ ᠶᠡᠭᠡ ᠲᠠᠲᠠᠬᠤ ᠬᠦᠴᠦᠨ ᠪᠦᠬᠦᠢ ᠪᠡᠯᠡ ᠣᠷᠣᠭᠤᠯᠤᠯᠲᠠ ᠶᠢᠨ ᠵᠣᠷᠢᠭᠰᠠᠨ ᠭᠠᠵᠠᠷ ᠪᠣᠯᠭᠠᠬᠤ ᠬᠡᠷᠡᠭᠲᠡᠢ᠃ ᠡᠭᠦᠨ ᠤ ᠳᠠᠭᠠᠤ ᠳᠤ᠂ ᠳᠡᠯᠡᠬᠡᠶ ᠳᠡᠭᠡᠷ᠎ᠡ ᠥᠷᠢᠰᠥᠯᠳᠦᠬᠦ ᠬᠦᠴᠦᠨ ᠪᠦᠬᠦᠢ ᠴᠢᠳᠠᠪᠤᠷᠢᠲᠠᠨ ᠢ ᠣᠷᠣᠭᠤᠯᠤᠨ ᠠᠪᠴᠢᠷᠠᠵᠤ ᠴᠢᠳᠠᠪᠤᠷᠢᠲᠠᠨ ᠢ ᠬᠡᠷᠡᠭᠯᠡᠬᠦ ᠳᠦᠷᠢᠮ ᠢ ᠪᠠᠶᠢᠭᠤᠯᠵᠤ᠂ ᠳᠡᠭᠡᠳᠦ ᠳᠡᠰ ᠳᠠᠪᠬᠤᠷᠭ᠎ᠠ ᠶᠢᠨ ᠭᠠᠳᠠᠭᠠᠳᠤ ᠶᠢᠨ ᠴᠢᠳᠠᠪᠤᠷᠢᠲᠠᠨ ᠤ ᠳᠤᠮᠳᠠᠳᠤ ᠤᠯᠤᠰ ᠲᠤ ᠢᠷᠡᠵᠦ ᠠᠳᠠᠯ ᠦᠢᠯᠡᠰ ᠴᠣᠭᠴᠠᠯᠠᠨ ᠰᠢᠨ᠎ᠡ ᠶᠢ ᠡᠭᠦᠳᠬᠦ ᠳᠤ ᠳᠦᠭᠦᠮ ᠦᠵᠡᠭᠦᠯᠬᠦ ᠬᠡᠷᠡᠭᠲᠡᠢ᠃ ᠭᠠᠳᠠᠭᠠᠳᠤ ᠠᠷᠠᠯᠵᠢᠶᠠᠨ ᠤ ᠬᠥᠭᠵᠢᠯᠲᠡ ᠶᠢᠨ ᠣᠷᠴᠢᠨ ᠨᠥᠬᠦᠴᠡᠯ ᠢ ᠤᠯᠠᠮ ᠨᠢᠭᠡ ᠠᠯᠬᠤᠮ ᠰᠢᠯᠢᠳᠡᠭᠵᠢᠭᠦᠯᠬᠦ ᠬᠡᠷᠡᠭᠲᠡᠶ᠃ ᠭᠠᠳᠠᠭᠠᠳᠤ ᠠᠷᠠᠯᠵᠢᠶᠠᠨ ᠤ ᠠᠵᠤ ᠠᠬᠤᠶᠢᠯᠠᠯ ᠤᠨ ᠡᠵᠡᠩᠨᠡᠨ ᠬᠤᠳᠠᠯᠳᠤᠭᠠᠯᠠᠬᠤ ᠥᠪᠡᠷ ᠤᠨ ᠦᠷᠳᠡᠭ ᠢ ᠪᠠᠭᠤᠷᠠᠭᠤᠯᠬᠤ ᠶᠢ ᠦᠷᠭᠦᠯᠵᠢᠯᠡᠨ ᠠᠬᠢᠭᠤᠯᠵᠤ᠂ ᠪᠣᠭᠤᠮᠲᠠ ᠶᠢᠨ ᠰᠦᠢᠳᠬᠡᠯ ᠬᠤᠷᠢᠶᠠᠬᠤ ᠵᠦᠢᠯᠡᠰ ᠢ ᠢᠯᠭᠠᠷᠠᠭᠤᠯᠤᠨ ᠵᠢᠷᠤᠮᠵᠢᠭᠤᠯᠵᠤ᠂ ᠤᠯᠠᠨ ᠤᠯᠤᠰ ᠤᠨ ᠠᠷᠠᠯᠵᠢᠶᠠᠨ ᠤ ︽ᠭᠠᠭᠴᠠ ᠴᠣᠩᠬᠤᠪᠴᠢ︾ ᠶᠢᠨ ᠪᠦᠳᠦᠭᠡᠨ ᠪᠠᠶᠢᠭᠤᠯᠤᠯᠲᠠ ᠶᠢ ᠭᠦᠨᠵᠡᠭᠡᠶᠢᠷᠡᠭᠦᠯᠵᠦ᠂ ᠤᠯᠠᠨ ᠤᠯᠤᠰ ᠤᠨ ᠡᠳ᠋ ᠪᠠᠷᠠᠭᠠᠨ ᠤ ᠭᠦᠢᠯᠭᠡᠭᠡᠨ ᠤ ᠰᠠᠭᠠᠳ ᠦᠭᠡᠢ ᠨᠡᠪᠲᠡᠷᠡᠬᠦ ᠶᠢ ᠠᠬᠢᠭᠤᠯᠬᠤ ᠬᠡᠷᠡᠭᠲᠡᠢ᠃ ᠳᠤᠮᠳᠠ ᠵᠢᠵᠢᠭ ᠭᠠᠳᠠᠭᠠᠳᠤ ᠠᠷᠠᠯᠵᠢᠶᠠᠨ ᠤ ᠠᠵᠤ ᠠᠬᠤᠶᠢᠯᠠᠯ ᠤᠨ ᠢᠲᠡᠭᠡᠮᠵᠢᠲᠦ ᠵᠢᠭᠡᠯᠡᠯᠭᠡ᠂ ᠳᠠᠭᠠᠳᠬᠠᠯ ᠵᠡᠷᠭᠡ ᠳᠤ ᠦᠵᠡᠭᠦᠯᠬᠦ ᠳᠡᠮᠵᠢᠯᠭᠡ ᠪᠠᠨ ᠨᠡᠮᠡᠭᠳᠡᠭᠦᠯᠵᠦ᠂ ︽ᠭᠠᠳᠠᠭᠠᠳᠤ ᠳᠠᠬᠢ ᠬᠥᠮᠥᠷᠭᠡ︾ ᠶᠢ ᠠᠬᠢᠭᠤᠯᠤᠨ ᠬᠥᠭᠵᠢᠭᠦᠯᠵᠦ᠂ ᠬᠤᠯᠪᠣᠭᠳᠠᠯ ᠪᠦᠬᠦᠢ ᠪᠠᠷᠢᠮᠵᠢᠶ᠎ᠠ ᠶᠢ ᠣᠯᠠᠨ ᠤᠯᠤᠰ ᠲᠡᠷᠢᠭᠦᠨ ᠪᠠᠷᠢᠮᠵᠢᠶ᠎ᠠ ᠲᠠᠢ ᠬᠠᠷᠢᠴᠠᠭᠤᠯᠬᠤ ᠶᠢ ᠲᠦᠷᠭᠡᠳᠬᠡᠵᠦ᠂ ᠠᠵᠤ ᠠᠬᠤᠶᠢᠯᠠᠯ ᠢ ᠬᠠᠪᠰᠤᠷᠤᠨ ᠤᠯᠠᠨ ᠤᠯᠤᠰ ᠤᠨ ᠵᠠᠬ᠎ᠠ ᠳᠡᠯᠭᠡᠭᠦᠷ ᠢ ᠨᠡᠩ ᠰᠠᠶᠢᠨ ᠨᠡᠭᠡᠭᠡᠬᠦ ᠬᠡᠷᠡᠭᠲᠡᠢ᠃ ᠡᠴᠦᠰ ᠲᠤ ᠴᠢᠬᠤᠯᠠᠴᠢᠯᠠᠬᠤ ᠨᠢ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠨᠢ ᠠᠵᠤ ᠠᠬᠤᠢ ᠨᠡᠶᠢᠭᠡᠮ ᠤᠨ ᠬᠥᠭᠵᠢᠯᠲᠡ ᠪᠣᠯᠤᠨ ᠠᠷᠠᠳ ᠲᠦᠮᠡᠨ ᠤ ᠪᠤᠶᠠᠨ ᠵᠢᠷᠭᠠᠯ ᠲᠠᠢ ᠬᠤᠯᠪᠣᠭᠳᠠᠵᠤ᠂ ᠨᠢᠭᠡᠨ ᠤᠳᠠᠭᠠᠨ ᠤ ᠬᠢᠲᠤᠭ᠎ᠠ ᠶᠢᠨ ᠢᠷ ᠢ ᠳᠣᠲᠣᠭᠰᠢ ᠪᠠᠨ ᠬᠠᠨᠳᠤᠭᠤᠯᠵᠤ ᠵᠠᠰᠠᠭ ᠤᠨ ᠣᠷᠳᠣᠨ ᠤ ᠥᠪᠡᠷ ᠤᠨ ᠬᠢ ᠳᠤ ᠬᠢᠭᠰᠡᠨ ᠬᠤᠪᠢᠰᠬᠠᠯ ᠪᠣᠯᠤᠨ᠎ᠠ᠃ ᠡᠨᠡ ᠤᠳᠠᠭ᠎ᠠ ᠶᠢᠨ ᠬᠤᠷᠠᠯ ᠪᠣᠯ ᠪᠢᠳᠡ ᠶᠢᠰᠦᠨ ᠵᠢᠯ ᠳᠠᠷᠠᠭᠠᠯᠠᠨ ᠬᠤᠷᠠᠯᠳᠤᠭᠤᠯᠤᠭᠰᠠᠨ ᠶᠢᠰᠦᠳᠡᠬᠢ ᠤᠳᠠᠭᠠᠨ ᠤ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠠᠬᠢᠭᠤᠯᠬᠤ ᠲᠤᠬᠠᠶ ᠪᠥᠬᠦ ᠤᠯᠤᠰ ᠤᠨ ᠲᠧᠯᠸᠢᠰ ᠤᠲᠠᠰᠤ ᠬᠤᠷᠠᠯ ᠪᠣᠯᠤᠨ᠎ᠠ᠃ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠳ ᠬᠠᠷᠢᠭᠤᠴᠠᠯᠭᠠᠲᠤ ᠰᠡᠳᠬᠢᠯᠭᠡ ᠪᠠᠨ ᠤᠯᠠᠮ ᠴᠢᠨᠠᠭᠰᠢᠳᠠ ᠴᠢᠩᠭᠠᠳᠬᠠᠵᠤ᠂ ᠬᠦᠴᠢᠷ ᠢ ᠲᠤᠭᠤᠯᠤᠨ ᠪᠡᠷᠬᠡ ᠶᠢ ᠳᠠᠪᠠᠵᠤ᠂ ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠶᠢ ᠪᠣᠳᠠᠲᠠᠢ ᠳᠤ ᠨᠠᠶᠢᠳᠠᠪᠤᠷᠢᠵᠢᠭᠤᠯᠤᠨ ᠦᠷ᠎ᠡ ᠪᠦᠲᠦᠮᠵᠢ ᠭᠠᠷᠭᠠᠬᠤ ᠶᠢ ᠠᠬᠢᠭᠤᠯᠬᠤ ᠬᠡᠷᠡᠭᠲᠡᠢ᠃ ᠥᠭᠡᠷᠡᠴᠢᠯᠡᠯᠲᠡ ᠶᠢᠨ ᠬᠠᠷᠢᠭᠤᠴᠠᠯᠭ᠎ᠠ ᠪᠠᠨ ᠴᠢᠩᠭᠠᠳᠬᠠᠵᠤ᠂ ᠨᠠᠮ ᠪᠣᠯᠤᠨ ᠤᠯᠤᠰ ᠤᠨ ᠠᠵᠢᠯ ᠦᠢᠯᠡᠰ ᠤᠨ ᠶᠡᠭᠡ ᠲᠠᠯ᠎ᠠ ᠪᠣᠯᠤᠨ ᠠᠷᠠᠳ ᠤᠯᠠᠨ ᠤ ᠦᠨᠳᠦᠰᠦᠨ ᠠᠰᠢᠭ ᠲᠤᠰᠠ ᠠᠴᠠ ᠡᠭᠦᠰᠴᠦ᠂ ᠬᠡᠰᠡᠭ ᠲᠠᠯ᠎ᠠ ᠶᠢᠨ ᠠᠰᠢᠭ ᠲᠤᠰᠠ᠂ ᠰᠠᠯᠠᠭ᠎ᠠ ᠮᠥᠴᠢᠷ ᠤᠨ ᠠᠰᠢᠭ ᠲᠤᠰᠠ ᠶᠢ ᠵᠣᠷᠢᠭᠲᠠᠢ ᠪᠠᠷ ᠡᠪᠳᠡᠵᠦ᠂ ᠵᠣᠷᠢᠭᠲᠠᠢ ᠪᠠᠷ ︽ᠬᠦᠴᠢᠷ ᠠᠰᠠᠭᠤᠳᠠᠯ ᠢ ᠰᠢᠢᠳᠪᠦᠷᠢᠯᠡᠬᠦ︾ ᠬᠡᠷᠡᠭᠲᠡᠢ᠃ ᠥᠭᠡᠷᠡᠴᠢᠯᠡᠯᠲᠡ ᠶᠢ ᠨᠢᠭᠡᠳᠦᠯᠲᠡᠢ ᠲᠥᠯᠥᠪᠵᠢᠭᠦᠯᠦᠨ ᠤᠬᠠᠭᠠᠯᠠᠬᠤ ᠶᠢ ᠴᠢᠩᠭᠠᠳᠬᠠᠬᠤ ᠬᠡᠷᠡᠭᠲᠡᠢ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠪᠣᠯ ᠨᠢᠭᠡ ᠵᠦᠢᠯ ᠤᠨ ᠰᠢᠰᠲ᠋ᠧᠮᠲᠦ ᠴᠢᠨᠠᠷᠲᠠᠶ ᠢᠨᠵᠧᠨᠧᠷᠢᠩ ᠪᠠᠶᠢᠵᠤ᠂ ︽ᠲᠠᠯᠪᠢᠬᠤ︾᠂ ︽ᠬᠠᠮᠢᠶᠠᠷᠬᠤ︾᠂ ︽ᠦᠢᠯᠡᠴᠢᠯᠡᠬᠦ︾ ᠭᠤᠷᠪᠠ ᠨᠢ ᠬᠠᠷᠢᠯᠴᠠᠨ ᠨᠥᠬᠦᠴᠡᠯᠳᠦᠵᠦ᠂ ᠬᠠᠷᠢᠯᠴᠠᠨ ᠲᠤᠯᠭᠠᠭᠤᠷᠢᠯᠠᠳᠠᠭ ᠪᠣᠯᠬᠤᠷ ᠲᠠᠯᠪᠢᠬᠤ ᠶᠣᠰᠣᠲᠠᠶ ᠶᠢ ᠨᠢ ᠲᠠᠯᠪᠢᠵᠤ᠂ ᠬᠠᠮᠢᠶᠠᠷᠬᠤ ᠶᠣᠰᠣᠲᠠᠶ ᠶᠢ ᠨᠢ ᠰᠠᠶᠢᠲᠤᠷ ᠬᠠᠮᠢᠶᠠᠷᠴᠤ᠂ ᠵᠠᠰᠠᠭ ᠤᠨ ᠣᠷᠳᠣᠨ ᠤ ᠦᠢᠯᠡᠴᠢᠯᠡᠭᠡᠨ ᠤ ᠡᠭᠦᠷᠭᠡ ᠴᠢᠳᠠᠪᠬᠢ ᠶᠢ ᠦᠨᠡᠨ ᠬᠦ ᠰᠠᠶᠢᠲᠤᠷ ᠭᠦᠢᠴᠡᠳᠬᠡᠵᠦ᠂ ᠥᠭᠡᠷᠡᠴᠢᠯᠡᠯᠲᠡ ᠶᠢᠨ ᠶᠡᠷᠦᠩᠬᠡᠶᠢᠯᠡᠭᠰᠡᠨ ᠨᠥᠯᠥᠭᠡ ᠦᠢᠯᠡᠳᠦᠯ ᠢ ᠳᠡᠭᠡᠭᠰᠢᠯᠡᠭᠦᠯᠬᠦ ᠬᠡᠷᠡᠭᠲᠡᠶ᠃ ᠲᠥᠪ ᠤᠨ ᠪᠠ ᠣᠷᠣᠨ ᠨᠤᠲᠤᠭ ᠤᠨ ᠬᠤᠶᠠᠷ ᠲᠠᠯ᠎ᠠ ᠶᠢᠨ ᠢᠳᠡᠪᠬᠢᠵᠢᠯ ᠢ ᠪᠠᠳᠠᠷᠠᠭᠤᠯᠵᠤ᠂ ᠬᠤᠯᠪᠣᠭᠳᠠᠯ ᠪᠦᠬᠦᠢ ᠰᠠᠯᠠᠭ᠎ᠠ ᠮᠥᠴᠢᠷ ᠤᠳ ᠣᠷᠣᠨ ᠨᠤᠲᠤᠭ ᠲᠠᠬᠢ ᠵᠢᠯᠣᠭᠤᠳᠤᠯᠭ᠎ᠠ ᠪᠠ ᠰᠢᠮᠳᠠᠭᠤᠯᠤᠭ᠎ᠠ ᠪᠠᠨ ᠴᠢᠩᠭᠠᠳᠬᠠᠵᠤ᠂ ᠪᠦᠲᠦᠮᠵᠢᠲᠡᠢ ᠠᠷᠭ᠎ᠠ ᠬᠢᠳᠡᠯ ᠢ ᠴᠠᠭ ᠲᠤᠬᠠᠢ ᠳᠤ ᠨᠢ ᠳ᠋ᠦᠩᠨᠡᠨ ᠳᠡᠯᠭᠡᠷᠡᠭᠦᠯᠵᠦ᠂ ᠵᠣᠷᠢᠭᠲᠠᠢ ᠪᠠᠷ ᠥᠭᠡᠷᠡᠴᠢᠯᠡᠯᠲᠡ ᠬᠢᠭᠰᠡᠨ ᠭᠠᠵᠠᠷ ᠣᠷᠣᠨ ᠪᠠ ᠨᠢᠭᠡᠴᠢ ᠶᠢ ᠬᠥᠬᠢᠭᠦᠯᠦᠨ ᠵᠣᠷᠢᠭᠵᠢᠭᠤᠯᠵᠤ᠂ ᠥᠭᠡᠷᠡᠴᠢᠯᠡᠯᠲᠡ ᠶᠢ ᠠᠬᠢᠭᠤᠯᠤᠭᠰᠠᠨ ᠢᠶᠠᠷ ᠤᠳᠠᠭᠠᠨ᠂ ᠲᠦᠷᠦ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠤᠭᠰᠠᠨ ᠦᠭᠡᠢ ᠪᠣᠯ ᠴᠠᠭ ᠲᠤᠬᠠᠢ ᠳᠤ ᠨᠢ ᠰᠢᠮᠳᠠᠭᠤᠯᠤᠨ ᠪᠠᠶᠢᠴᠠᠭᠠᠵᠤ ᠴᠡᠭᠴᠡᠯᠡᠨ ᠰᠠᠶᠢᠵᠢᠷᠠᠭᠤᠯᠬᠤ ᠬᠡᠷᠡᠭᠲᠡᠢ︔ ᠣᠷᠣᠨ ᠨᠤᠲᠤᠭ ᠪᠠ ᠦᠨᠳᠦᠰᠦᠨ ᠱᠠᠲᠤ ᠨᠢ ᠦᠷᠭᠦᠯᠵᠢᠯᠡᠨ ᠪᠣᠳᠠᠲᠤ ᠪᠠᠶᠢᠳᠠᠯ ᠲᠠᠢ ᠪᠠᠨ ᠤᠶᠠᠯᠳᠤᠭᠤᠯᠤᠨ ᠰᠠᠨᠠᠭᠠᠴᠢᠯᠠᠭ᠎ᠠ ᠠᠴᠠ ᠪᠠᠨ ᠰᠦᠪᠡᠭᠴᠢᠯᠡᠵᠦ᠂ ᠪᠡᠶ᠎ᠡ ᠪᠠᠨ ᠳᠠᠭᠠᠭᠠᠨ ᠥᠭᠡᠷᠡᠴᠢᠯᠡᠯᠲᠡ ᠬᠢᠵᠦ᠂ ᠥᠭᠡᠷᠡᠴᠢᠯᠡᠯᠲᠡ ᠶᠢᠨ ︽ᠲᠤᠷᠰᠢᠯᠲᠠ ᠶᠢᠨ ᠲᠠᠷᠢᠶ᠎ᠠ︾ ᠶᠢ ᠰᠠᠶᠢᠲᠤᠷ ᠲᠠᠷᠢᠬᠤ ᠬᠡᠷᠡᠭᠲᠡᠶ᠃ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠤᠨ ᠦᠨᠡᠯᠡᠯᠲᠡ ᠶᠢ ᠵᠢᠷᠤᠮᠵᠢᠭᠤᠯᠵᠤ᠂ ᠵᠠᠬ᠎ᠠ ᠳᠡᠯᠭᠡᠭᠦᠷ ᠤᠨ ᠭᠤᠣᠯ ᠴᠣᠭᠴᠠ ᠪᠣᠯᠤᠨ ᠤᠯᠠᠨ ᠲᠦᠮᠡᠨ ᠤ ᠪᠣᠳᠠᠲᠠᠢ ᠲᠦᠷᠦᠭᠳᠡᠯ ᠢᠶᠠᠷ ᠦᠨᠡᠯᠡᠯᠲᠡ ᠬᠢᠬᠦ ᠭᠤᠣᠯ ᠦᠨᠳᠦᠰᠦᠯᠡᠯ ᠪᠣᠯᠭᠠᠵᠤ᠂ ᠬᠡᠯᠪᠡᠷᠢᠴᠢ ᠦᠵᠡᠯ ᠢ ᠴᠢᠩᠭ᠎ᠠ ᠴᠡᠭᠡᠷᠯᠡᠵᠦ᠂ ᠣᠷᠣᠨ ᠨᠤᠲᠤᠭ ᠪᠣᠯᠤᠨ ᠵᠠᠬ᠎ᠠ ᠳᠡᠯᠭᠡᠭᠦᠷ ᠤᠨ ᠭᠤᠣᠯ ᠴᠣᠭᠴᠠ ᠶᠢᠨ ᠳᠠᠷᠤᠭᠠᠰᠤ ᠶᠢ ᠨᠡᠮᠡᠭᠳᠡᠭᠦᠯᠬᠦ ᠠᠴᠠ ᠰᠡᠷᠭᠡᠶᠢᠯᠡᠬᠦ ᠬᠡᠷᠡᠭᠲᠡᠢ᠃ ᠣᠳᠣᠬᠠᠨ ᠳᠤ᠂ ᠪᠦᠬᠦ ᠨᠠᠮ ᠢᠶᠠᠷ ᠢᠶᠠᠨ ᠶᠠᠭ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ ᠢ ᠥᠷᠨᠢᠭᠦᠯᠵᠦ ᠪᠠᠶᠢᠨ᠎ᠠ᠂ ᠡᠯ᠎ᠡ ᠭᠠᠵᠠᠷ ᠣᠷᠣᠨ ᠡᠯ᠎ᠡ ᠰᠠᠯᠠᠭ᠎ᠠ ᠮᠥᠴᠢᠷ ᠤᠳ ᠰᠤᠷᠤᠯᠴᠠᠯᠭ᠎ᠠ ᠬᠥᠮᠦᠵᠢᠯ ᠢᠶᠠᠷ ᠬᠥᠳᠡᠯᠭᠡᠬᠦ ᠬᠦᠴᠦᠨ ᠪᠣᠯᠭᠠᠨ᠂ ︽ᠪᠢ ᠤᠯᠠᠨ ᠲᠦᠮᠡᠨ ᠳᠤ ᠪᠣᠳᠠᠲᠠᠢ ᠶᠠᠪᠤᠳᠠᠯ ᠬᠢᠬᠦ︾ ᠦᠢᠯᠡᠳᠦᠯᠭᠡ ᠶᠢᠨ ᠠᠵᠢᠯᠯᠠᠭ᠎ᠠ ᠶᠢ ᠥᠷᠨᠢᠭᠦᠯᠬᠦ ᠪᠠᠷ ᠠᠵᠠ ᠲᠣᠬᠢᠶᠠᠯ ᠪᠣᠯᠭᠠᠵᠤ᠂ ᠰᠤᠷᠤᠯᠴᠠᠯᠭ᠎ᠠ ᠶᠢᠨ ᠦᠷ᠎ᠡ ᠪᠦᠲᠦᠮᠵᠢ ᠪᠠᠨ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠢ ᠠᠬᠢᠭᠤᠯᠬᠤ ᠠᠵᠢᠯ ᠤᠨ ᠪᠣᠳᠠᠲᠤ ᠦᠷ᠎ᠡ ᠪᠦᠲᠦᠮᠵᠢ ᠪᠣᠯᠭᠠᠨ ᠢᠯᠡᠷᠡᠭᠦᠯᠵᠦ᠂ ᠵᠠᠬ᠎ᠠ ᠳᠡᠯᠭᠡᠭᠦᠷ ᠤᠨ ᠭᠤᠣᠯ ᠴᠣᠭᠴᠠ ᠪᠣᠯᠤᠨ ᠠᠷᠠᠳ ᠤᠯᠠᠨ ᠳᠤ ᠢᠳᠡᠪᠬᠢᠲᠡᠢ ᠪᠠᠷ ᠪᠣᠳᠠᠲᠠᠢ ᠶᠠᠪᠤᠳᠠᠯ ᠬᠢᠵᠦ ᠬᠦᠴᠢᠷ ᠠᠰᠠᠭᠤᠳᠠᠯ ᠢ ᠰᠢᠢᠳᠪᠦᠷᠢᠯᠡᠵᠦ ᠥᠭᠬᠦ ᠬᠡᠷᠡᠭᠲᠡᠢ᠃ ︽ᠲᠠᠯᠪᠢᠬᠤ ᠬᠠᠮᠢᠶᠠᠷᠬᠤ ᠦᠢᠯᠡᠴᠢᠯᠡᠬᠦ︾ ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠬ᠎ᠠ ᠳᠡᠯᠭᠡᠭᠦᠷ ᠤᠨ ᠠᠮᠢᠵᠢᠷᠠᠯ ᠤᠨ ᠬᠦᠴᠦᠨ ᠪᠠ ᠨᠡᠶᠢᠭᠡᠮ ᠤᠨ ᠪᠦᠲᠦᠭᠡᠯᠴᠢ ᠬᠦᠴᠦᠨ ᠢ ᠨᠠᠩ ᠰᠠᠶᠢᠲᠤᠷ ᠬᠥᠭᠵᠢᠭᠡᠨ᠂ ᠵᠠᠬ᠎ᠠ ᠳᠡᠯᠭᠡᠭᠦᠷᠴᠢᠯᠡᠬᠦ ᠬᠠᠤᠯᠢᠵᠢᠬᠤ ᠣᠯᠠᠨ ᠤᠯᠤᠰᠴᠢᠯᠠᠬᠤ ᠡᠵᠡᠩᠨᠡᠨ ᠬᠤᠳᠠᠯᠳᠤᠭᠠᠯᠠᠬᠤ ᠣᠷᠴᠢᠨ ᠨᠥᠬᠦᠴᠡᠯ ᠢ ᠪᠣᠶ ᠪᠣᠯᠭᠠᠬᠤ ᠳᠤ ᠬᠠᠷᠢᠭᠤᠴᠠᠯᠭ᠎ᠠ ᠬᠦᠨᠳᠦ ᠶᠡᠭᠡ᠂ ᠡᠭᠦᠷᠭᠡ ᠬᠠᠲᠠᠭᠤ ᠪᠡᠷᠬᠡ ᠪᠠᠶᠢᠨ᠎ᠠ᠃ ᠪᠢᠳᠡ ᠰᠢ ᠶᠢᠨ ᠫᠢᠩ ᠨᠥᠬᠦᠷ ᠢᠶᠠᠷ ᠭᠤᠣᠯ ᠪᠣᠯᠭᠠᠭᠰᠠᠨ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠵᠤ᠂ ︽ᠲᠦᠷᠪᠡᠨ ᠤᠬᠠᠮᠰᠠᠷ︾ ᠢᠶᠠᠨ ᠴᠢᠩᠭᠠᠳᠬᠠᠵᠤ᠂ ︽ᠲᠦᠷᠪᠡᠨ ᠢᠲᠡᠭᠡᠯ︾ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠦ᠂ ᠨᠠᠮ ᠤᠨ ᠲᠥᠪ ᠬᠤᠷᠢᠶ᠎ᠠ᠂ ᠲᠦᠷᠦ ᠶᠢᠨ ᠶᠠᠪᠤᠳᠠᠯ ᠤᠨ ᠬᠤᠷᠢᠶᠠᠨ ᠤ ᠰᠢᠢᠳᠪᠦᠷᠢᠲᠦ ᠪᠤᠳᠤᠯᠭ᠎ᠠ ᠶᠢᠨ ᠪᠠᠶᠢᠷᠢᠯᠠᠭᠤᠯᠤᠯᠲᠠ ᠶᠣᠰᠣᠭᠠᠷ᠂ ᠥᠭᠡᠳᠡᠯᠡᠨ ᠳᠠᠪᠰᠢᠵᠤ ᠦᠢᠯᠡᠰ ᠪᠦᠲᠦᠭᠡᠵᠦ᠂ ᠪᠣᠳᠠᠲᠠᠢ ᠪᠠᠷ ᠠᠵᠢᠯᠯᠠᠨ ᠰᠢᠨ᠎ᠡ ᠶᠢ ᠡᠭᠦᠳᠴᠦ᠂ ︽ᠲᠠᠯᠪᠢᠬᠤ ᠬᠠᠮᠢᠶᠠᠷᠬᠤ ᠦᠢᠯᠡᠴᠢᠯᠡᠬᠦ︾ ᠵᠡᠷᠭᠡ ᠭᠤᠣᠯᠳᠠᠯᠭ᠎ᠠ ᠲᠠᠢ ᠥᠭᠡᠷᠡᠴᠢᠯᠡᠯᠲᠡ ᠶᠢ ᠦᠷᠭᠦᠯᠵᠢᠯᠡᠨ ᠠᠬᠢᠭᠤᠯᠵᠤ᠂ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠡᠯ᠎ᠡ ᠵᠦᠢᠯ ᠤᠨ ᠠᠵᠢᠯ ᠢ ᠯᠠᠪᠳᠠᠭᠤᠨ ᠪᠠᠲᠤᠲᠠᠢ ᠰᠠᠶᠢᠲᠤᠷ ᠬᠢᠵᠦ᠂ ᠪᠦᠬᠦ ᠵᠢᠯ ᠤᠨ ᠬᠠᠷᠠᠯᠲᠠ ᠡᠭᠦᠷᠭᠡ ᠪᠠᠨ ᠴᠢᠷᠮᠠᠶᠢᠨ ᠪᠡᠶᠡᠯᠡᠭᠦᠯᠵᠦ᠂ ᠰᠢᠯᠢᠳᠡᠭ ᠠᠮᠵᠢᠯᠲᠠ ᠪᠠᠷ ᠢᠶᠠᠨ ᠳᠤᠮᠳᠠᠳᠤ ᠤᠯᠤᠰ ᠤᠨ ᠡᠪ ᠬᠠᠮᠲᠤ ᠨᠠᠮ ᠤᠨ ᠵᠠᠭᠤᠨ ᠵᠢᠯ ᠤᠨ ᠤᠢ ᠶᠢᠨ ᠪᠠᠶᠠᠷ ᠢ ᠪᠡᠯᠭᠡᠯᠡᠶ᠎ᠡ᠃
 
ᠢᠷᠡᠯᠲᠡ᠄ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号