︽ᠨᠢᠬᠡ ᠪᠦᠯᠦᠭ ᠵᠠᠭᠤᠴᠢᠯᠠᠭᠤᠷ ᠪᠠ ᠠᠵᠣ ᠠᠬᠤᠶᠢᠢᠯᠠᠯ ᠨᠢᠭᠤᠷᠳᠠᠨ ᠰᠢᠯᠭᠠᠬᠤ ᠪᠣᠶᠣ ᠣᠷᠢᠵᠣ ᠡᠯᠰᠡᠬᠦ | ᠨᠡᠷ᠎ᠠ ᠪᠠᠷ ᠢᠨᠲ᠋ᠧᠷ ᠰᠦᠯᠵᠢᠶᠡᠨ ᠲᠡᠭᠡᠷ᠎ᠠ ᠠᠵᠢᠯᠳᠠᠨ ᠣᠷᠢᠵᠣ ᠡᠯᠰᠡᠬᠦ ᠬᠤᠳᠠᠯ ᠬᠠᠭᠤᠷᠮᠠᠭ ᠮᠡᠳᠡᠭᠡ ᠵᠠᠩᠬᠢ | ᠨᠡᠶᠢᠳᠡᠯᠡᠵᠣ᠂ ᠠᠵᠢᠯ ᠡᠷᠢᠭᠴᠢᠳ ᠢ ᠮᠡᠬᠡᠯᠡᠨ ᠰᠦᠢᠳᠭᠡᠯ ᠲᠣᠰᠢᠶᠠᠯᠭᠠᠳᠠᠭ᠂ ᠡᠶᠢᠮᠣᠷᠬᠦ ᠠᠵᠢᠯᠯᠠᠭ᠎ᠠ ᠨᠢ ᠨᠢᠬᠡᠨᠳᠡ | ᠮᠡᠬᠡᠯᠡᠯ ᠤᠨ ᠠᠵᠢᠯᠯᠠᠭ᠎ᠠ ᠪᠣᠯᠵᠣ᠂ ᠣᠶᠢᠢᠯᠡ ᠠᠵᠢᠯᠯᠠᠭ᠎ᠠ ᠨᠢ ᠬᠦᠨᠳᠣ ᠨᠣᠴᠢᠳᠠᠢ ᠪᠣᠯᠪᠠᠯ ᠶᠠᠯ᠎ᠠ ᠬᠢᠭᠰᠡᠨ ᠳᠤ | ᠲᠣᠭᠠᠴᠢᠬᠳᠠᠨᠠ︾ ᠬᠡᠵᠣ ᠦᠪᠣᠷ ᠮᠣᠩᠭᠤᠯ ᠤᠨ ᠴᠧᠩ ᠢ ᠬᠠᠣᠯᠢᠴᠢ ᠶᠢᠨ ᠭᠠᠵᠠᠷ ᠤᠨ ᠡᠷᠬᠢᠯᠡᠭᠴᠢ ᠸᠠᠩ ᠬᠤᠩ | ᠵᠢᠶᠠᠩ ᠰᠠᠨᠠᠭᠤᠯᠪᠠ᠃ ᠬᠢᠨᠠᠨ ᠬᠠᠮᠢᠶᠠᠷᠣᠯᠳᠠ ᠲᠦᠷᠢᠮᠵᠢᠩᠬᠦᠢ ᠪᠣᠰᠣ ᠵᠡᠷᠭᠡ ᠰᠢᠯᠳᠠᠭᠠᠨ ᠠᠴᠠ ᠪᠣᠯᠵᠣ᠂ | ᠰᠦᠯᠵᠢᠶ᠎ᠠ ᠪᠠᠷ ᠣᠷᠢᠵᠣ ᠡᠯᠰᠡᠬᠦ ᠮᠡᠳᠡᠭᠡ ᠵᠠᠩᠬᠢ ᠲᠣᠳᠣᠷ᠎ᠠ ᠬᠤᠳᠠᠯ ᠬᠠᠭᠤᠷᠮᠠᠭ ᠮᠡᠳᠡᠭᠡ ᠵᠠᠩᠬᠢ ᠤᠯᠠᠨ | ᠨᠡᠶᠢᠳᠡᠯᠡᠭᠳᠡᠵᠤ ᠪᠠᠶᠢᠭ᠎ᠠ ᠪᠣᠯᠬᠤᠷ ᠠᠵᠢᠯ ᠡᠷᠢᠭᠴᠢᠳ ᠰᠦᠯᠵᠢᠶ᠎ᠠ ᠶᠢ ᠠᠰᠢᠬᠯᠠᠨ ᠠᠵᠢᠯ ᠡᠷᠢᠬᠦ ᠦᠶ᠎ᠠ ᠳᠤ ᠵᠠᠪᠠᠯ | ᠠᠶᠣᠯ ᠲᠦᠭᠰᠢᠬᠦᠷᠢ ᠶᠢᠨ ᠣᠬᠠᠮᠰᠠᠷ ᠪᠠ ᠬᠠᠣᠯᠢ ᠴᠠᠭᠠᠵᠠ ᠶᠢᠨ ᠣᠬᠮᠠᠰᠠᠷ ᠢᠶᠠᠨ ᠲᠡᠭᠡᠭᠰᠢᠯᠡᠬᠦᠯᠬᠦ ᠴᠢᠬᠤᠯᠠ ᠲᠠᠢ᠃ | ︽ᠠᠵᠢᠯ ᠡᠷᠢᠭᠴᠢᠳ ᠨᠢᠭᠤᠷᠳᠠᠨ ᠰᠢᠯᠭᠠᠬᠤ ᠠᠴᠠ ᠡᠮᠣᠨ᠎ᠠ ᠦᠪᠡᠷ ᠤᠨ ᠲᠦᠭᠦᠮ ᠨᠠᠮᠳᠠᠷ ᠢᠶᠠᠨ ᠲᠣᠰᠢᠶᠠᠬᠤ | ᠭᠡᠵᠦ ᠪᠠᠶᠢᠭ᠎ᠠ ᠺᠣᠮᠫᠠᠨᠢ ᠪᠣᠶᠣ ᠠᠵᠣ ᠠᠬᠤᠶᠢᠢᠯᠠᠯ ᠤᠨ ᠣᠶᠢᠢᠯᠡᠳᠪᠦᠷᠢ ᠬᠤᠳᠠᠯᠳᠣᠭᠠᠨ ᠤ ᠰᠠᠯᠠᠭ᠎ᠠ ᠮᠦᠴᠢᠷ ᠲᠤ | ᠲᠠᠩᠰᠠᠯᠠᠭᠤᠯᠤᠬᠰᠡᠨ ᠪᠠᠶᠢᠳᠠᠯ ᠪᠠ ᠠᠵᠣ ᠠᠬᠤᠶᠢᠢᠯᠠᠯ ᠤᠨ ᠢᠳᠡᠭᠡᠮᠵᠢ ᠶᠢᠨ ᠪᠠᠶᠢᠳᠠᠯ ᠵᠡᠷᠭᠡ ᠶᠢ ᠨᠠᠷᠢᠨ | ᠤᠶᠢᠢᠯᠠᠭᠠᠬᠰᠡᠨ ᠪᠠᠶᠢᠬᠤ ᠬᠡᠷᠡᠭᠳᠡᠢ︾ ᠬᠡᠵᠣ ᠸᠠᠩ ᠬᠤᠩ ᠵᠢᠶᠠᠩ ᠬᠠᠣᠯᠢᠴᠢ ᠰᠠᠨᠠᠭᠤᠯᠪᠠ᠃ ᠠᠵᠢᠯ ᠡᠷᠢᠭᠴᠢᠳ | ᠨᠢᠭᠤᠷᠳᠠᠨ ᠰᠢᠯᠭᠠᠬᠤ ᠠᠴᠠ ᠡᠮᠣᠨ᠎ᠠ ᠵᠠᠪᠠᠯ ᠰᠦᠯᠵᠢᠶᠡᠨ ᠲᠡᠭᠡᠷ᠎ᠠ ᠨᠡᠶᠢᠳᠡᠯᠡᠭᠰᠡᠨ ᠠᠵᠢᠯᠳᠠᠨ ᠣᠷᠢᠵᠣ ᠡᠯᠰᠡᠬᠦ | ᠮᠡᠳᠡᠭᠡ ᠵᠠᠩᠬᠢ ᠶᠢᠨ ᠦᠨᠡᠨ ᠬᠤᠳᠠᠯ ᠢ ᠬᠢᠨᠠᠨ ᠬᠠᠷᠭᠤᠭᠤᠯᠬᠤ ᠬᠡᠷᠡᠭᠳᠡᠢ᠂ ᠲᠠᠷᠣᠢ ᠣᠶᠢᠢᠯᠡᠳᠪᠦᠷᠢ ᠬᠤᠳᠠᠯᠳᠣᠭᠠᠨ ᠤ | ᠬᠠᠮᠢᠶᠠᠷᠣᠯᠳᠠ ᠶᠢᠨ ᠲᠣᠪᠴᠢᠶ᠎ᠠ ᠶᠢᠨ ᠰᠦᠯᠵᠢᠶᠡᠨ ᠦᠷᠳᠡᠭᠡ ᠪᠠ ᠠᠵᠣ ᠠᠬᠤᠶᠢᠢᠯᠠᠯ ᠤᠨ ᠢᠳᠡᠭᠡᠮᠵᠢ ᠶᠢᠨ ᠵᠠᠷᠯᠠᠯ ᠤᠨ | ᠰᠢᠰᠲᠧᠮ ᠲᠣᠳᠣᠷ᠎ᠠ ᠠᠴᠠ ᠯᠠᠪᠯᠠᠨ ᠰᠣᠷᠠᠵᠣ᠂ ᠲᠣᠰ ᠠᠵᠣ ᠠᠬᠤᠶᠢᠢᠯᠠᠯ ᠣᠶᠢᠢᠯᠡᠳᠪᠦᠷᠢ ᠬᠤᠳᠠᠯᠳᠣᠭᠠᠨ ᠤ | ᠨᠢᠭᠡᠴᠠ ᠳᠤ ᠲᠠᠩᠰᠠᠯᠠᠭᠤᠯᠤᠬᠰᠡᠨ ᠡᠰᠡᠬᠦ ᠪᠠ ᠢᠳᠡᠭᠡᠮᠵᠢ ᠲᠠᠢ ᠡᠰᠡᠬᠦ ᠶᠢ ᠮᠠᠭᠠᠳᠯᠠᠬᠤ ᠬᠡᠷᠡᠭᠳᠡᠢ᠃ | ︽ᠬᠦᠳᠡᠯᠮᠦᠷᠢ ᠶᠢᠨ ᠬᠡᠷ᠎ᠠ ᠶᠢᠨ ᠬᠠᠣᠯᠢ︾ ᠳᠤ ᠬᠦᠮᠦᠨ ᠬᠡᠷᠡᠭᠯᠡᠬᠦ ᠨᠢᠭᠡᠴᠠ ᠠᠵᠢᠯᠳᠠᠨ ᠣᠷᠢᠵᠣ | ᠡᠯᠰᠡᠬᠦ ᠳᠡᠭᠡᠨ ᠬᠦᠳᠡᠯᠮᠦᠷᠢᠯᠡᠭᠴᠢ ᠶᠢᠨ ᠪᠡᠶ᠎ᠠ ᠶᠢᠨ ᠦᠨᠡᠮᠯᠡᠯ ᠪᠠ ᠪᠣᠰᠣᠳ ᠦᠨᠡᠮᠯᠡᠯ ᠢ ᠪᠠᠷᠢᠴᠠᠭᠠᠯᠡᠨ ᠦᠯᠡᠳᠡᠭᠡᠵᠣ | ᠪᠣᠯᠬᠤ ᠦᠭᠡᠢ᠂ ᠬᠦᠳᠡᠯᠮᠦᠷᠢᠯᠡᠭᠴᠢ ᠠᠴᠠ ᠪᠠᠳᠣᠯᠠᠭ᠎ᠠ ᠬᠠᠩᠭᠠᠬᠤ ᠶᠢ ᠱᠠᠭᠠᠷᠳᠠᠬᠤ ᠪᠣᠶᠣ ᠪᠣᠰᠣᠳ ᠨᠡᠷ᠎ᠠ ᠪᠠᠷ | ᠬᠦᠳᠡᠯᠮᠦᠷᠢᠯᠡᠭᠴᠢ ᠶᠢᠨ ᠡᠳ᠋ ᠪᠣᠳᠠᠰ ᠢ ᠬᠤᠷᠢᠶᠠᠵᠣ ᠪᠣᠯᠬᠤ ᠦᠭᠡᠢ ᠬᠡᠰᠡᠨ ᠲᠣᠭᠳᠠᠭᠠᠯ ᠲᠠᠢ᠃ ᠡᠵᠡᠩᠨᠡᠯᠳᠡ | ᠳᠦᠷᠢᠮᠵᠢᠩᠭᠦᠢ ᠠᠵᠣ ᠠᠬᠤᠶᠢᠢᠯᠠᠯ ᠡᠩ ᠤᠨ ᠪᠠᠶᠢᠳᠠᠯ ᠳᠤ᠂ ᠠᠵᠢᠯᠳᠠᠨ ᠤ ᠪᠡᠶ᠎ᠠ ᠶᠢᠨ ᠦᠨᠡᠮᠯᠡᠯ ᠢ ᠪᠠᠷᠢᠴᠠᠭᠠᠯᠡᠨ | ᠦᠯᠡᠳᠡᠭᠡᠬᠦ᠂ ᠪᠠᠷᠢᠴᠠᠭᠠᠨ ᠤ ᠮᠦᠩᠬᠦ ᠪᠣᠶᠣ ᠪᠠᠳᠣᠯᠠᠭ᠎ᠠ ᠶᠢᠨ ᠮᠦᠩᠬᠦ ᠲᠣᠰᠢᠶᠠᠬᠤ ᠶᠢ ᠱᠠᠭᠠᠷᠳᠠᠬᠤ᠂ ᠡᠰᠡᠬᠦᠯ᠎ᠠ | ᠬᠦᠳᠡᠯᠮᠦᠷᠢ ᠶᠢᠨ ᠬᠡᠷ᠎ᠠ ᠲᠣᠭᠳᠠᠬᠤ ᠦᠭᠡᠢ ᠵᠡᠷᠭᠡ ᠬᠠᠣᠯᠢ ᠠᠴᠠ ᠵᠦᠷᠢᠴᠡᠭᠦ ᠦᠵᠡᠭᠳᠡᠯ ᠤᠷᠤᠰᠢᠬᠤ ᠦᠭᠡᠢ᠃ | ᠬᠡᠷᠪᠡ ᠡᠶᠢᠮᠣᠷᠬᠦ ᠪᠠᠶᠢᠳᠠᠯ ᠳᠤ ᠲᠤᠯᠭᠠᠷᠠᠪᠡᠯ᠂ ᠪᠡᠶ᠎ᠠ ᠶᠢᠨ ᠦᠨᠡᠮᠯᠡᠯ ᠪᠣᠶᠣ ᠪᠣᠰᠣᠳ ᠡᠳ᠋ ᠪᠣᠳᠠᠰ ᠢᠶᠠᠨ | ᠪᠠᠷᠢᠴᠠᠭᠠᠯᠠᠬᠤ ᠪᠠᠷ ᠲᠣᠰᠢᠶᠠᠵᠣ ᠪᠣᠯᠬᠤ ᠦᠭᠡᠢ᠃ ᠠᠵᠢᠯ ᠡᠷᠢᠬᠦ ᠳᠡᠭᠡᠨ᠂ ᠣᠨᠴᠠᠭᠠᠶᠢᠢᠯᠠᠨ ᠣᠷᠢᠵᠣ ᠡᠯᠰᠡᠬᠦ ᠠᠵᠣ | ᠠᠬᠤᠶᠢᠢᠯᠠᠯ ᠲᠠᠢ ᠬᠠᠷᠢᠯᠴᠠᠬᠤ ᠳᠠᠭᠠᠨ ᠰᠡᠷᠡᠮᠵᠢ ᠲᠠᠢ ᠪᠠᠶᠢᠵᠣ᠂ ᠲᠣᠰ ᠠᠵᠣ ᠠᠬᠤᠶᠢᠢᠯᠠᠯ ᠤᠨ ᠳᠦᠷᠢᠮᠵᠢᠩᠭᠦᠢ | ᠡᠵᠡᠩᠨᠡᠯᠳᠡ ᠬᠢᠵᠣ ᠪᠠᠶᠢᠬᠤ ᠡᠰᠡᠬᠦ ᠲᠤᠬᠠᠢ ᠲᠣᠳᠣᠷ᠎ᠠ ᠪᠠᠨ ᠲᠤᠭ᠎ᠠ ᠲᠠᠢ ᠪᠠᠶᠢᠬᠤ | ᠬᠡᠷᠡᠭᠳᠡᠢ᠃ | ᠸᠠᠩ ᠬᠤᠩ ᠵᠢᠶᠠᠩ ᠬᠠᠣᠯᠢᠴᠢ ᠶᠢᠨ ᠰᠠᠨᠠᠭᠤᠯᠬᠤ ᠪᠠᠷ᠂ ᠠᠵᠢᠯ ᠡᠷᠢᠭᠴᠢᠳ ᠠᠵᠢᠯ ᠡᠷᠢᠬᠦ ᠶᠠᠪᠣᠴᠠ ᠳᠠᠭᠠᠨ | ᠨᠠᠷᠢᠨ ᠵᠦᠢᠯᠡᠰ ᠢ ᠢᠯᠡᠬᠦᠬᠡᠨ ᠠᠩᠬᠠᠷᠬᠤ ᠬᠡᠷᠡᠭᠳᠡᠢ᠂ ᠵᠢᠱᠢᠶᠡᠯᠡᠪᠡᠯ ᠠᠵᠢᠯᠳᠠᠨ ᠣᠷᠢᠵᠣ ᠡᠯᠰᠡᠬᠦ ᠠᠵᠣ ᠠᠬᠤᠶᠢᠢᠯᠠᠯ | ᠪᠣᠶᠣ ᠺᠣᠮᠫᠠᠨᠢ ᠶᠢᠨ ᠮᠡᠳᠡᠭᠡ ᠵᠠᠩᠬᠢ ᠶᠢ ᠰᠦᠯᠵᠢᠶᠡᠨ ᠲᠡᠭᠡᠷ᠎ᠠ ᠠᠴᠠ ᠢᠯᠡᠬᠦᠬᠡᠨ ᠯᠠᠪᠯᠠᠨ ᠰᠣᠷᠠᠵᠣ᠂ ᠬᠠᠮᠳᠤ | ᠨᠢᠭᠤᠷᠳᠠᠨ ᠰᠢᠯᠭᠠᠬᠤ ᠪᠠᠷ ᠪᠠᠶᠢᠭ᠎ᠠ ᠬᠦᠮᠦᠰ ᠠᠴᠠ ᠪᠠᠨ ᠠᠰᠠᠭᠤᠨ ᠯᠠᠪᠯᠠᠬᠤ ᠭᠡᠭᠦ ᠮᠡᠳᠤ ᠪᠠᠷ ᠤᠷᠢᠵᠤ ᠡᠯᠰᠡᠭᠦ | ᠨᠢᠭᠡᠴᠠ ᠶᠢᠨ ᠪᠠᠶᠢᠳᠠᠯ ᠢ ᠤᠯᠡᠨ ᠲᠠᠯ᠎ᠠ ᠠᠴᠠ ᠤᠶᠢᠢᠯᠠᠭᠠᠵᠤ ᠮᠡᠳᠡᠭᠦ ᠴᠢᠬᠤᠯᠠ ᠲᠠᠢ᠃ ᠣᠷᠢᠬᠳᠠᠨ ᠡᠯᠰᠡᠭᠳᠡᠭᠴᠢ | ᠨᠢᠭᠤᠷᠳᠠᠨ ᠰᠢᠯᠭᠠᠬᠤ ᠠᠴᠠ ᠡᠮᠣᠨ᠎ᠠ ᠰᠦᠯᠵᠢᠶᠡᠨ ᠲᠡᠭᠡᠷ᠎ᠠ ᠠᠴᠠ ᠣᠷᠢᠵᠣ ᠡᠯᠰᠡᠬᠦ ᠨᠢᠭᠡᠴᠡ ᠶᠢᠨ ᠨᠡᠶᠢᠳᠡᠯᠡᠭᠰᠡᠨ | ᠬᠠᠷᠢᠯᠴᠠᠬᠤ ᠣᠳᠠᠰᠣ ᠶᠢ ᠰᠦᠯᠵᠢᠶ᠎ᠠ ᠪᠠᠷ ᠬᠠᠶᠢᠨ ᠯᠠᠪᠯᠠᠵᠣ᠂ ᠬᠡᠷᠪᠡ ᠲᠣᠰ ᠣᠳᠠᠰᠣᠨ ᠤ ᠨᠣᠮᠧᠷ ᠠᠳᠠᠯᠢ ᠪᠣᠰᠣ | ᠰᠦᠯᠵᠢᠶᠡᠨ ᠦᠷᠳᠡᠭᠡᠨ ᠲᠡᠭᠡᠷ᠎ᠠ ᠢᠯᠡᠷᠡᠭᠦ ᠶᠢᠨ ᠬᠠᠮᠳᠣ ᠪᠠᠰᠠ ᠠᠳᠠᠯᠢ ᠪᠣᠰᠣ ᠬᠦᠮᠦᠨ ᠬᠡᠷᠡᠭᠯᠡᠬᠦ ᠨᠢᠭᠡᠴᠠ ᠶᠢᠨ | ᠮᠡᠳᠡᠭᠡ ᠵᠠᠩᠭᠢ ᠳᠡᠭᠡᠷ᠎ᠠ ᠢᠯᠡᠷᠡᠵᠤ ᠪᠠᠶᠢᠪᠡᠯ᠂ ᠲᠡᠷᠡᠭᠦ ᠠᠵᠢᠯᠳᠠᠨ ᠣᠷᠢᠵᠣ ᠡᠯᠰᠡᠬᠦ ᠮᠡᠳᠡᠭᠡ ᠵᠠᠩᠬᠢ ᠨᠢ ᠬᠠᠭᠤᠷᠮᠠᠭ | ᠪᠠᠶᠢᠵᠣ᠂ ᠮᠡᠬᠡᠯᠡᠭᠳᠡᠬᠦ ᠪᠣᠯᠣᠯᠴᠠᠭ᠎ᠠ ᠶᠡᠭᠡ ᠪᠣᠯᠣᠨ᠎ᠠ᠃ | ᠰᠦᠯᠵᠢᠶᠡᠨ ᠳᠤ ᠠᠵᠢᠯ ᠬᠠᠪᠰᠣᠷᠭᠠᠬᠰᠠᠨ ᠠᠵᠢᠯᠳᠠᠨ ᠣᠷᠢᠵᠣ ᠡᠯᠰᠡᠨ᠎ᠠ ᠬᠡᠬᠦ ᠲᠣᠬᠠᠢ ᠸᠠᠩ ᠬᠤᠩ ᠵᠢᠶᠠᠩ | ᠬᠠᠣᠯᠢᠴᠢ ᠶᠢᠨ ᠬᠡᠯᠡᠭᠦ ᠪᠠᠷ᠂ ᠠᠵᠢᠯᠳᠠᠨ ᠣᠷᠢᠵᠣ ᠡᠯᠰᠡᠬᠦ ᠣᠨᠠᠭᠤᠯᠢ ᠨᠢ ᠲᠣᠣᠷᠠᠬᠢ ᠬᠡᠳᠣᠨ ᠲᠠᠯ᠎ᠠ ᠳᠤ ᠲᠦᠪᠯᠡᠷᠡᠵᠣ | ᠪᠣᠢ᠄ ᠣᠷᠢᠳᠠᠪᠠᠷ ᠠᠵᠢᠯᠳᠠᠨ ᠣᠷᠢᠵᠣ ᠡᠯᠰᠡᠨ᠎ᠠ ᠬᠡᠵᠣ᠂ ᠲᠠᠷᠠᠭ᠎ᠠ ᠨᠢ ᠪᠠᠷᠢᠴᠠᠭᠠᠨ ᠤ ᠮᠦᠩᠬᠦ᠂ ᠪᠠᠳᠣᠯᠠᠭ᠎ᠠ ᠶᠢᠨ | ᠮᠦᠩᠬᠦ᠂ ᠲᠠᠩᠰᠠ ᠪᠠᠶᠢᠭᠤᠯᠬᠤ ᠰᠦᠢᠳᠭᠡᠯ᠂ ᠢᠳᠡᠭᠡᠮᠵᠢ ᠶᠢᠨ ᠮᠦᠩᠬᠦ᠂ ᠬᠤᠪᠴᠠᠰᠣᠨ ᠤ ᠰᠦᠢᠳᠭᠡᠯ᠂ ᠪᠡᠶ᠎ᠠ | ᠪᠠᠶᠢᠴᠠᠭᠠᠬᠤ ᠰᠦᠢᠳᠭᠡᠯ ᠪᠠ ᠪᠣᠯᠪᠠᠰᠣᠷᠠᠯ ᠬᠦ᠋ᠷᠳᠡᠭᠡᠭᠦ ᠰᠦᠢᠳᠭᠡᠯ ᠬᠡᠬᠦ ᠮᠡᠳᠤ ᠪᠠᠷ ᠣᠷᠢᠬᠳᠠᠨ ᠡᠯᠰᠡᠭᠳᠡᠭᠴᠢ ᠪᠠᠷ | ᠵᠣᠭᠤᠰ ᠲᠤᠰᠢᠶᠠᠯᠭᠠᠨ᠎ᠠ᠃ ᠲᠠᠬᠢᠪᠠᠯ ᠪᠠᠰᠠ ᠡᠬᠦᠷᠭᠡ ᠪᠠᠨ ᠪᠡᠶᠡᠯᠡᠬᠦᠯᠪᠡᠯ ᠵᠣᠭᠤᠰ ᠤᠯᠤᠨ᠎ᠠ ᠬᠡᠬᠦ ᠰᠢᠯᠳᠠᠭ ᠢᠶᠠᠷ | ᠣᠷᠢᠬᠳᠠᠨ ᠡᠯᠰᠡᠭᠳᠡᠭᠴᠢ ᠶᠢ ᠭᠠᠵᠠᠷ ᠪᠣᠯᠭᠠᠨ ᠢᠶᠠᠷ ᠨᠣᠪᠰᠢ ᠶᠢᠨ ᠵᠠᠷ ᠲᠠᠷᠬᠠᠭᠠᠯᠭᠠᠵᠣ᠂ ᠨᠡᠩ ᠣᠯᠠᠨ ᠬᠦᠮᠦᠰ ᠢ | ᠣᠷᠢᠨ ᠲᠠᠳᠠᠵᠣ᠂ ᠲᠡᠰ ᠲᠡᠰ ᠢᠶᠠᠷ ᠬᠠᠭᠤᠷᠣᠨ ᠮᠡᠬᠡᠯᠡᠳᠡᠭ᠃ ᠦᠰᠦᠭ ᠰᠢᠪᠡᠭᠴᠢ ᠶᠢ ᠬᠠᠪᠰᠣᠷᠭᠠᠨ ᠬᠢᠯᠭᠡᠭᠦ | ᠨᠡᠷ᠎ᠠ ᠪᠠᠷ᠂ ᠣᠷᠢᠬᠳᠠᠨ ᠡᠯᠰᠡᠭᠳᠡᠭᠴᠢ ᠶᠢ ᠣᠷᠢᠳᠠᠪᠠᠷ ᠲᠦᠷᠬᠡᠨ ᠲᠠᠮᠵᠢᠭᠤᠯᠤᠭᠠ ᠶᠢᠨ ᠰᠦᠢᠳᠭᠡᠯ᠂ ᠰᠢᠣᠳᠠᠨ ᠤ | ᠰᠦᠢᠳᠭᠡᠯ ᠪᠠ ᠪᠠᠳᠣᠯᠠᠭ᠎ᠠ ᠶᠢᠨ ᠮᠦᠩᠬᠦ ᠲᠣᠰᠢᠶᠠᠯᠭᠠᠵᠣ᠂ ᠲᠠᠷᠠᠭ᠎ᠠ ᠨᠢ ᠣᠷᠢᠬᠳᠠᠨ ᠡᠯᠰᠡᠭᠳᠡᠭᠴᠢ ᠶᠢᠨ ᠨᠠᠷᠠ ᠶᠢ | ᠬᠠᠷ᠎ᠠ ᠲᠠᠩᠰᠠᠨ ᠳᠤ ᠤᠷᠤᠭᠤᠯᠳᠠᠭ᠃ ᠡᠬᠦᠨ ᠠᠴᠠ ᠭᠠᠳᠠᠨ᠎ᠠ ᠪᠠᠰᠠ ᠨᠢᠬᠡ ᠪᠦᠯᠦᠭ ᠮᠡᠬᠡᠯᠡᠭᠴᠢ ᠣᠷᠢᠬᠳᠠᠨ | ᠡᠯᠰᠡᠭᠳᠡᠭᠴᠢ ᠶᠢᠨ ᠪᠠᠩᠬᠢ ᠶᠢᠨ ᠺᠠᠷᠲ ᠢ ᠲᠣᠳᠣᠯᠠᠨ ᠬᠡᠷᠡᠴᠢᠯᠡᠬᠦ ᠰᠢᠯᠳᠠᠭ ᠢᠶᠠᠷ ᠪᠠᠩᠬᠢ ᠶᠢᠨ ᠺᠠᠷᠲ ᠤᠨ ᠨᠢᠭᠤᠴᠠ | ᠨᠤᠮᠧᠷ ᠢ ᠬᠤᠯᠠᠭᠠᠶᠢᠢᠯᠠᠵᠣ ᠣᠩᠰᠢᠬᠤ ᠪᠣᠶᠣ ᠰᠦᠯᠵᠢᠶᠡᠨ ᠲᠦᠢᠳᠭᠡᠷ ᠲᠠᠢ ᠠᠭᠤᠯᠭ᠎ᠠ ᠶᠢ ᠣᠷᠢᠬᠳᠠᠨ | ᠡᠯᠰᠡᠭᠳᠡᠭᠴᠢ ᠳᠤ ᠶᠠᠪᠣᠭᠤᠯᠵᠣ᠂ ᠭᠠᠷ ᠣᠳᠠᠰᠣ ᠪᠣᠶᠣ ᠶᠠᠷᠢᠯᠴᠠᠭᠠᠨ ᠤ ᠲᠣᠨᠤᠭ ᠢ ᠪᠣᠬᠢᠷᠳᠣᠭᠤᠯᠵᠣ᠂ ᠣᠷᠢᠬᠳᠠᠨ | ᠡᠯᠰᠡᠭᠳᠡᠭᠴᠢ ᠬᠢᠬᠡᠳ ᠲᠡᠬᠦᠨ ᠲᠠᠢ ᠬᠠᠷᠢᠴᠠᠭ᠎ᠠ ᠪᠣᠰᠣᠳ ᠬᠦᠮᠦᠨ ᠢ ᠬᠢᠬᠠᠨ ᠮᠡᠬᠡᠯᠡᠳᠡᠭ ᠪᠠᠶᠢᠨ᠎ᠠ᠃ | ︽ᠡᠳᠡᠭᠡᠷ ᠮᠡᠬᠡᠯᠡᠯ ᠤᠨ ᠮᠡᠳᠡᠭᠡ ᠵᠠᠩᠬᠢ ᠶᠢ ᠠᠷᠭᠠᠴᠠᠬᠤ ᠭᠡᠪᠡᠯ᠂ ᠲᠠᠩᠰᠠ ᠰᠢᠯᠵᠢᠬᠦᠯᠬᠦ ᠦᠭᠡᠢ᠂ ᠵᠣᠭᠤᠰ | ᠲᠣᠰᠢᠶᠠᠬᠤ ᠦᠭᠡᠢ᠂ ᠬᠤᠪᠢ ᠬᠦᠮᠦᠨ ᠤ ᠮᠡᠳᠡᠭᠡ ᠵᠠᠩᠬᠢ ᠪᠠᠨ ᠵᠠᠳᠠᠷᠠᠭᠤᠯᠬᠤ ᠦᠭᠡᠢ ᠪᠣᠯ ᠮᠡᠭᠡᠯᠡᠯ ᠤᠨ ᠪᠠᠰᠢᠷ ᠠᠴᠠ | ᠪᠦᠷᠢᠮᠣᠰᠣᠨ ᠵᠠᠶᠢᠯᠠᠰᠬᠢᠵᠤ ᠴᠢᠳᠠᠨ᠎ᠠ︾ ᠬᠡᠵᠣ ᠸᠠᠩ ᠬᠤᠩ ᠵᠢᠶᠠᠩ ᠬᠠᠣᠯᠢᠴᠢ ᠰᠠᠨᠠᠭᠤᠯᠪᠠ᠃ | ᠠᠵᠢᠯ ᠡᠷᠢᠭᠴᠢᠳ ᠮᠡᠬᠡᠯᠡᠭᠳᠡᠭᠰᠡᠨ ᠤ ᠲᠠᠷᠠᠭ᠎ᠠ ᠶᠠᠭᠠᠬᠢᠪᠠᠯ ᠵᠤᠬᠢᠯᠳᠡᠢ ᠪᠣᠢ︖ ᠡᠨᠡ ᠲᠤᠬᠠᠢ ᠸᠠᠩ ᠬᠤᠩ ᠵᠢᠶᠠᠩ ᠄ | ︽ᠠᠵᠢᠯ ᠡᠷᠢᠭᠴᠢᠳ ᠮᠡᠬᠡᠯᠡᠭᠳᠡᠭᠰᠡᠨ ᠢᠶᠠᠨ ᠮᠡᠳᠡᠭᠰᠡᠨ ᠤ ᠲᠠᠷᠠᠭ᠎ᠠ ᠦᠪᠡᠷ ᠤᠨ ᠡᠷᠭᠡ ᠠᠰᠢᠭ ᠢᠶᠠᠨ ᠬᠠᠣᠯᠢ | ᠶᠣᠰᠣᠭᠠᠷ ᠬᠠᠮᠠᠭᠠᠯᠠᠬᠤ ᠬᠡᠷᠡᠭᠳᠡᠢ᠂ ᠬᠡᠷᠪᠡ ᠮᠡᠬᠡᠯᠡᠭᠳᠡᠭᠰᠡᠨ ᠪᠣᠯ᠂ ᠬᠠᠮᠤᠭ ᠣᠷᠢᠳᠠᠪᠡᠷ ᠬᠡᠨ ᠴᠢᠮ᠎ᠠ ᠶᠢ ᠮᠡᠬᠡᠯᠡᠭᠰᠡᠨ ᠢ | ᠮᠡᠳᠡᠬᠦ ᠴᠢᠬᠤᠯᠠ ᠲᠠᠢ᠂ ᠡᠶᠢᠮᠣ ᠠᠴᠠ ᠠᠵᠢᠯ ᠡᠷᠢᠬᠦ ᠳᠡᠭᠡᠨ ᠠᠵᠢᠯ ᠡᠷᠢᠭᠴᠢ ᠠᠵᠢᠯᠳᠠᠨ ᠣᠷᠢᠵᠣ ᠡᠯᠰᠡᠬᠦ ᠠᠵᠣ | ᠠᠬᠤᠶᠢᠢᠯᠠᠯ ᠤᠨ ᠦᠨᠡᠨ ᠪᠤᠳᠠᠳᠠᠢ ᠨᠡᠷ᠎ᠠ᠂ ᠠᠵᠢᠯᠯᠠᠵᠣ ᠪᠠᠶᠢᠭ᠎ᠠ ᠭᠠᠵᠠᠷ ᠣᠷᠣᠨ᠂ ᠬᠠᠷᠢᠯᠴᠠᠬᠰᠠᠨ ᠠᠵᠢᠯᠳᠠᠨ ᠤ | ᠣᠪᠣᠭ ᠨᠡᠷ᠎ᠠ ᠪᠠ ᠬᠠᠷᠢᠯᠴᠠᠬᠤ ᠮᠠᠶ᠋ᠢᠭ ᠢ ᠲᠣᠳᠣᠷᠬᠠᠢ ᠴᠡᠭᠡᠵᠢᠯᠡᠭᠦ ᠬᠡᠷᠡᠭᠳᠡᠢ᠂ ᠡᠨᠡ ᠨᠢ ᠡᠷᠭᠡ ᠠᠰᠢᠭ ᠢᠶᠠᠨ | ᠬᠠᠮᠠᠭᠠᠯᠠᠬᠤ ᠶᠢᠨ ᠣᠷᠢᠳᠠᠯ ᠨᠦᠬᠦᠴᠡᠯ ᠪᠣᠯᠣᠨ᠎ᠠ︾ ᠭᠡᠪᠡ᠃ | ᠡᠳᠡᠭᠡᠷ ᠮᠡᠳᠡᠭᠡ ᠵᠠᠩᠬᠢ ᠶᠢ ᠲᠣᠳᠣᠷᠬᠠᠶᠢᠢᠯᠠᠬᠰᠠᠨ ᠤ ᠲᠠᠷᠠᠭ᠎ᠠ᠂ ᠠᠵᠣ ᠠᠬᠤᠶᠢᠢᠯᠠᠯ ᠤᠨ ᠪᠠᠶᠢᠭ᠎ᠠ ᠭᠠᠵᠠᠷ | ᠣᠷᠣᠨ ᠪᠣᠶᠣ ᠬᠤᠳᠠ ᠪᠠᠯᠭᠠᠰᠣᠨ ᠤ ᠬᠦᠳᠡᠯᠮᠦᠷᠢ ᠶᠢᠨ ᠬᠢᠨᠠᠨ ᠪᠠᠶᠢᠴᠠᠭᠠᠬᠤ ᠶᠡᠭᠡ ᠠᠩᠬᠢ ᠳᠤ ᠵᠠᠭᠠᠯᠳᠣᠬᠤ ᠪᠣᠶᠣ | ᠬᠡᠷᠡᠭ ᠮᠡᠳᠡᠭᠦᠯᠵᠣ᠂ ᠡᠰᠡᠬᠦᠯ᠎ᠠ ᠲᠣᠬᠠᠢ ᠶᠢᠨ ᠭᠠᠵᠠᠷ ᠣᠷᠣᠨ ᠤ ᠲᠣᠳᠣᠭᠠᠳᠣ ᠶᠢ ᠬᠠᠮᠠᠭᠠᠯᠠᠬᠤ ᠲᠣᠪᠴᠢᠶᠠᠨ ᠳᠤ | ᠣᠴᠢᠵᠣ ᠬᠡᠷᠡᠭ ᠮᠡᠳᠡᠬᠦᠯᠵᠣ ᠪᠣᠯᠣᠨ᠎ᠠ᠃ | ᠲᠡᠷᠡ ᠪᠠᠰᠠ᠄ ︽ᠡᠷᠭᠡ ᠠᠰᠢᠭ ᠢᠶᠠᠨ ᠬᠠᠮᠠᠭᠠᠯᠠᠬᠤ ᠦᠶ᠎ᠠ ᠳᠤ᠂ ᠬᠡᠷᠡᠴᠢ ᠪᠠᠷᠢᠮᠳᠠ ᠴᠤᠬᠯᠠᠭᠤᠯᠬᠤ ᠪᠤᠶᠤ | ᠴᠤᠬᠯᠠᠭᠤᠯᠤᠬᠰᠡᠨ ᠬᠡᠷᠡᠴᠢ ᠪᠠᠷᠢᠮᠳᠠ ᠪᠠᠨ ᠬᠠᠮᠭᠠᠯᠠᠬᠤ ᠨᠢ ᠮᠠᠰᠢ ᠴᠢᠬᠤᠯᠠ᠂ ᠡᠶᠢᠮᠣ ᠠᠴᠠ ᠠᠵᠢᠯ ᠡᠷᠢᠭᠴᠢᠳ ᠠᠵᠣ | ᠠᠬᠤᠶᠢᠢᠯᠠᠯ ᠲᠠᠢ ᠬᠠᠷᠢᠴᠠᠬᠰᠠᠨ ᠬᠤᠯᠪᠣᠬᠳᠠᠯ ᠪᠦᠬᠦᠢ ᠪᠢᠴᠢᠭ ᠮᠠᠲᠧᠷᠢᠶᠠᠯ ᠢᠶᠠᠨ ᠰᠠᠶᠢᠳᠣᠷ ᠬᠠᠳᠠᠭᠠᠯᠠᠵᠣ᠂ ᠬᠡᠷᠪᠡ | ᠠᠵᠣ ᠠᠬᠤᠶᠢᠢᠯᠠᠯ ᠨᠢ ᠰᠦᠢᠳᠭᠡᠯ ᠬᠤᠷᠢᠶᠠᠬᠰᠠᠨ ᠪᠣᠯ ᠠᠵᠣ ᠠᠬᠤᠶᠢᠢᠯᠠᠯ ᠢᠶᠠᠷ ᠵᠢᠩᠬᠢᠨᠢ ᠬᠡᠷᠡᠴᠢ ᠪᠣᠶᠣ ᠪᠠᠷᠢᠮᠳᠠ | ᠬᠢᠯᠬᠡᠬᠦ ᠬᠡᠷᠡᠭᠳᠡᠢ᠂ ᠢᠩᠬᠢᠪᠠᠯ ᠮᠡᠬᠡᠯᠡᠭᠳᠡᠭᠰᠡᠨ ᠴᠤ ᠡᠷᠭᠡ ᠠᠰᠢᠭ ᠢᠶᠠᠨ ᠬᠠᠮᠠᠭᠠᠯᠠᠬᠤ ᠪᠣᠳᠠᠳᠣ ᠬᠡᠷᠡᠴᠢ ᠪᠠᠷᠢᠮᠳᠠ ᠲᠠᠢ | ᠪᠣᠯᠣᠨ᠎ᠠ︾ ᠬᠡᠵᠤ ᠰᠠᠨᠠᠭᠤᠯᠪᠡ᠃ |