ᠬᠤᠳᠠ ᠶᠢᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ  ᠮᠠᠩᠯᠠᠶᠢᠪᠠᠭᠠᠳᠤᠷ
ᠨᠡᠶᠢᠲᠡᠯᠡᠭᠰᠡᠨ ᠴᠠᠭ᠄
2021/7/21
     ᠮᠠᠩᠯᠠᠶᠢᠪᠠᠭᠠᠳᠤᠷ᠂ ᠡᠷᠡᠭᠳᠠᠢ᠂ ᠮᠤᠩᠭᠤᠯ᠂ 1959 ᠤᠨ ᠤ 12 ᠰᠠᠷᠠᠶᠢᠨ 21 ᠳᠤ ᠲᠦᠷᠦᠵᠢ᠂ ᠪᠠᠭ᠎ᠠ ᠰᠤᠷᠭᠠᠭᠤᠯᠢ ᠶᠢᠨ ᠰᠤᠶᠤᠯ ᠤᠨ ᠬᠡᠮᠵᠢᠶ᠎ᠡ ᠲᠠᠢ  ᠃ ᠤᠲᠤᠭ ᠬᠤᠰᠢᠭᠤᠨ ᠤ ᠰᠦᠮᠡᠲᠤ ᠰᠤᠮᠤᠨ ᠤ ᠰᠦᠮᠡᠲᠤ ᠰᠠᠭᠤᠭᠠᠯᠢ ᠲᠤᠭᠤᠷᠢᠭ ︵ᠡᠯᠡᠰᠦᠨ ᠦᠢᠯᠡᠰ ᠤᠨ ᠨᠡᠭᠡᠭᠡᠯᠲᠡ ᠶᠢᠨ ᠤᠷᠤᠨ︶ ᠤᠨ ᠮᠠᠯᠴᠢᠨ᠃ ᠦᠪᠦᠷ ᠮᠤᠩᠭᠤᠯ  ᠤᠨ ᠤᠷᠲᠤ ᠶᠢᠨ ᠲᠠᠭᠤᠨ ᠤ ᠰᠤᠯᠢᠯᠴᠠᠨ ᠰᠤᠳᠤᠯᠤᠬᠤ ᠨᠡᠶᠢᠬᠡᠮᠯᠢᠭ ᠤᠨ ᠭᠡᠰᠢᠭᠦᠨ᠂ ᠤᠷᠳᠤᠰ ᠤᠨ ᠰᠢᠯᠢᠳᠡᠭ ᠤᠯᠠᠮᠵᠢᠯᠯᠲᠤ ᠠᠷᠠᠳ ᠤᠨ ᠤᠷᠯᠢᠭᠴᠢᠨ᠃      ᠮᠠᠩᠯᠠᠶᠢᠪᠠᠭᠠᠳᠤᠷ᠂ 1959 ᠤᠨ ᠤ 12 ᠰᠠᠷᠠᠶᠢᠨ 21 ᠳᠤ ᠤᠲᠤᠭ ᠬᠤᠰᠢᠭᠤᠨ ᠤ ᠰᠦᠮᠡᠲᠤ ᠰᠤᠮᠤᠨ  ᠤ ᠪᠠᠭ᠎ᠠ ᠡᠷᠬᠡᠲᠤ ᠭᠠᠴᠠᠭᠠᠨ ᠤ ᠮᠠᠯᠴᠢᠨ  ᠪᠤᠶᠠᠨᠰᠠᠳᠤᠨ ︵ᠰᠤᠷᠪᠤᠯᠵᠢᠲᠤ ᠡᠮᠴᠢ︶᠂ ᠰᠠᠶᠢᠪᠠᠯ ᠬᠤᠶᠠᠷ ᠤᠨ ᠭᠦᠪᠡᠭᠦᠨ ᠪᠤᠯᠵᠤ ᠵᠠᠶᠠᠭᠠᠵᠤ᠂ ᠵᠢᠷᠭᠤᠭᠠᠨ ᠰᠠᠷ᠎ᠠ ᠲᠠᠢ ᠪᠤᠯᠬᠤ ᠳᠤ ᠮᠠᠯᠴᠢᠨ ᠲᠤᠪᠳᠠᠨ᠂ ᠰᠠᠶᠢᠸ᠋ᠨᠵᠢ ︵ᠨᠤᠲᠤᠭ ᠤᠨ ᠤᠷᠲᠤ ᠶᠢᠨ ᠳᠠᠭᠤᠴᠢᠨ︶ ᠬᠤᠶᠠᠷ ᠡᠷᠭᠦᠨ ᠳᠡᠵᠢᠭᠡᠵᠤ ᠠᠪᠴᠠᠢ᠃ ᠵᠢᠷᠭᠤᠭᠠᠨ ᠨᠠᠰᠤᠲᠠᠢ ᠳᠠᠭᠠᠨ ᠲᠡᠵᠢᠭᠡᠪᠦᠷᠢ ᠮᠦᠮᠦ ᠠᠴᠠ ᠪᠠᠨ ᠤᠷᠳᠤᠰ ᠠᠷᠠᠳ ᠤᠨ ᠳᠠᠭᠤᠤ ᠰᠤᠷᠴᠤ ᠡᠬᠢᠯᠡᠵᠠᠢ᠂ ᠶᠢᠰᠦᠨ ᠨᠠᠰᠤᠲᠠᠢ ᠳᠠᠭᠠᠨ ᠰᠦᠮᠡᠲᠤ ᠰᠤᠮᠤᠨ ᠤ ᠪᠠᠭ᠎ᠠ ᠡᠷᠬᠡᠲᠤ ᠭᠠᠴᠠᠭ᠎ᠠ ᠪᠠᠭ᠎ᠠ ᠰᠤᠷᠭᠠᠭᠤᠯᠢ ᠳᠤ ᠰᠠᠭᠤᠵᠠᠢ᠃ ᠠᠷᠪᠠᠨ ᠬᠤᠶᠠᠷ ᠨᠠᠰᠤᠨ ᠠᠴᠠ ᠪᠠᠨ ᠡᠬᠢᠯᠡᠵᠤ ᠠᠮᠠᠨ ᠬᠤᠭᠤᠷ᠂ ᠰᠧ ᠬᠤ᠋᠂ ᠰᠠᠨ ᠱᠢᠶᠠᠨ᠂ ᠪᠢᠰᠢᠭᠦᠷ᠂ ᠶᠠᠨᠴᠢᠨ ᠵᠡᠷᠭᠡ ᠭᠦᠭᠵᠢᠮ ᠤᠨ ᠪᠠᠭᠠᠵᠢ ᠶᠢ ᠤᠷᠤᠯᠳᠤᠨ ᠰᠤᠷᠴᠤ᠂ ᠠᠷᠪᠠᠨ ᠲᠠᠪᠤᠨ ᠨᠠᠰᠤᠨ ᠠᠴᠠ ᠡᠬᠢᠯᠡᠵᠤ ᠠᠶᠢᠯ ᠠᠶᠢᠮᠠᠭ ᠲᠦᠷᠦᠯ ᠰᠠᠳᠤᠨ ᠤ ᠨᠠᠶᠢᠷ ᠴᠤᠭᠯᠠᠭᠠᠨ ᠳᠤ ᠤᠷᠢᠭᠳᠠᠨ ᠨᠠᠶᠢᠷ ᠤᠷᠯᠢᠭ ᠲᠤ ᠤᠷᠤᠯᠴᠠᠵᠤ ᠡᠬᠢᠯᠡᠵᠠᠢ᠃ ᠬᠤᠷᠢᠨ ᠬᠤᠶᠠᠷ ᠨᠠᠰᠤᠨ ᠳᠠᠭᠠᠨ ᠨᠠᠰᠤᠲᠠᠢ ᠡᠮᠴᠢ ᠶᠤᠨᠳᠤᠨ(2010 ᠤᠨ ᠳᠤ ᠨᠠᠰᠤ ᠪᠠᠷᠠᠵᠠᠢ︶ ᠢ ᠪᠠᠭᠰᠢ ᠪᠠᠷᠢᠵᠤ ᠤᠯᠠᠮᠵᠢᠯᠠᠯᠲᠤ ᠮᠤᠩᠭᠤᠯ ᠡᠮᠨᠡᠯᠡᠭᠡ ᠰᠤᠷᠴᠤ᠂1987 ᠤᠨ ᠤ 7 ᠰᠠᠷ᠎ᠠ ᠳᠤ ︽ᠭᠦᠳᠡᠭᠡ ᠳᠤᠰᠬᠤᠨ ᠤ ᠡᠮᠴᠢ ᠶᠢᠨ ᠦᠨᠡᠮᠯᠡᠯ︾ ᠢ ᠰᠢᠯᠭᠠᠨ ᠠᠪᠴᠠᠢ᠂ 1991 ᠤᠨ ᠤ 5 ᠰᠠᠷ᠎ᠠ ᠳᠤ ︽ᠭᠦᠳᠡᠭᠡ ᠳᠤᠰᠬᠤᠨ ᠤ ᠡᠮᠴᠢ ᠶᠢᠨ ᠬᠡᠷᠢ ᠬᠡᠮ ᠤᠨ ᠦᠨᠡᠮᠯᠡᠯ︾  ᠲᠠᠢ ᠪᠤᠯᠵᠤ᠂  ᠤᠳᠤ ᠳᠤᠮᠳᠠᠳᠤ ᠤᠯᠤᠰ ᠤᠨ ᠭᠦᠳᠡᠭᠡ ᠳᠤᠰᠬᠤᠨ ᠤ ᠡᠷᠡᠭᠦᠯ ᠬᠠᠮᠠᠭᠠᠯᠠᠯ ᠤᠨ ᠨᠡᠶᠢᠬᠡᠮᠯᠡᠭ ᠤᠨ ᠭᠡᠰᠢᠭᠦᠨ ᠢᠶᠠᠷ ᠪᠠᠶᠢᠵᠤ᠂  ᠨᠢᠭᠡᠨᠲᠡ 25 ᠵᠢᠯ ᠡᠮᠴᠢ ᠬᠢᠵᠠᠢ᠃      ᠮᠠᠩᠯᠠᠶᠢᠪᠠᠭᠠᠳᠤᠷ ᠬᠠᠷ᠎ᠠ ᠪᠠᠭ᠎ᠠ ᠠᠴᠠ ᠪᠠᠨ ᠠᠷᠠᠳ ᠤᠨ ᠤᠯᠠᠮᠵᠢᠯᠠᠯᠳᠤ ᠤᠷᠳᠤᠰ ᠨᠠᠶᠢᠷ ᠲᠤ ᠲᠤᠶᠢᠯ ᠤᠨ ᠳᠤᠷ᠎ᠠ ᠪᠠᠬ᠎ᠠ ᠲᠠᠢ ᠪᠠᠶᠢᠵᠤ᠂ ᠵᠢᠷᠭᠤᠭᠠᠨ ᠨᠠᠰᠤᠲᠠᠢ ᠳᠠᠭᠠᠨ ᠲᠡᠵᠢᠭᠡᠪᠦᠷᠢ ᠮᠦᠮᠦ ᠰᠠᠶᠢᠸ᠋ᠨᠵᠢ ᠠᠴᠠ ᠤᠷᠳᠤᠰ ᠠᠷᠠᠳ  ᠤᠨ ᠳᠠᠭᠤᠤ ᠰᠤᠷᠴᠤ ᠡᠬᠢᠯᠡᠭᠦ ᠶᠢᠨ ᠳᠠᠭᠠᠭᠤ ᠲᠡᠵᠢᠭᠡᠪᠦᠷᠢ ᠡᠭᠡᠴᠢ ᠲᠦᠪᠰᠢᠡᠭᠡᠷᠡᠯ ᠠᠴᠠ ᠳᠠᠴᠢᠨ ᠭᠦᠭᠵᠢᠮ ᠢ ᠰᠤᠷᠴᠤ ᠡᠬᠢᠯᠡᠵᠠᠢ᠃  ᠳᠤᠯᠤᠭᠠᠨ ᠨᠠᠰᠤ ᠭᠦᠷᠭᠦ ᠳᠤ ︽ᠳᠤᠭᠤᠢ ᠮᠠᠯᠠᠭᠠᠢ》᠂ ︽ᠲᠤᠵᠢ ᠶᠢᠨ ᠱᠠᠩ︾ ᠵᠡᠷᠭᠡ ᠤᠷᠳᠤᠰ ᠠᠷᠠᠳ ᠤᠨ ᠳᠠᠭᠠᠤᠤ ᠨᠤᠭᠤᠳ ᠢ ᠴᠠᠭᠠᠷᠲᠠᠯ᠎ᠠ ᠭᠦᠭᠵᠢᠮᠳᠡᠨ ᠳᠠᠭᠤᠯᠠᠵᠤ ᠴᠢᠳᠠᠬᠤ ᠪᠤᠯᠵᠤ᠂ ᠠᠶᠢᠯ ᠰᠠᠬᠠᠭᠠᠯᠲᠠ ᠳᠠᠭᠠᠨ ︽ᠪᠢᠴᠢᠬᠠᠨ ᠤᠷᠯᠢᠭᠴᠢᠨ︾ ᠭᠡᠮᠡᠨ ᠠᠯᠳᠠᠷᠰᠢᠵᠠᠢ᠃ ᠲᠡᠵᠢᠭᠡᠪᠦᠷᠢ ᠡᠭᠡᠴᠢ ᠲᠦᠪᠰᠢᠡᠭᠡᠷᠡᠯ ᠶᠢᠨ ᠨᠦᠯᠦᠭᠡ ᠪᠠᠷ᠂ ᠠᠷᠪᠠᠨ ᠬᠤᠶᠠᠷ ᠨᠠᠰᠤᠨ ᠠᠴᠠ ᠪᠠᠨ ᠡᠬᠢᠯᠡᠵᠤ  ᠠᠮᠠᠨ ᠬᠤᠭᠤᠷ᠂  ᠰᠧ ᠬᠤ᠋᠂ ᠰᠠᠨ ᠱᠢᠶᠠᠨ᠂ ᠪᠢᠰᠢᠭᠦᠷ᠂ ᠶᠠᠨᠴᠢᠨ ᠵᠡᠷᠭᠡ ᠭᠦᠭᠵᠢᠮ ᠤᠨ ᠪᠠᠭᠠᠵᠢ ᠶᠢ ᠤᠷᠤᠯᠳᠤᠨ ᠰᠤᠷᠴᠤ᠂ ᠠᠷᠪᠠᠨ ᠲᠠᠪᠤᠨ ᠨᠠᠰᠤᠨ ᠠᠴᠠ ᠡᠬᠢᠯᠡᠵᠤ ᠠᠶᠢᠯ ᠠᠶᠢᠮᠠᠭ ᠲᠦᠷᠦᠯ ᠰᠠᠳᠤᠨ ᠤ ᠨᠠᠶᠢᠷ ᠴᠤᠭᠯᠠᠭᠠᠨ ᠳᠤ ᠤᠷᠢᠭᠳᠠᠨ ᠨᠠᠶᠢᠷ ᠤᠷᠯᠢᠭ ᠲᠤ ᠤᠷᠤᠯᠴᠠᠵᠤ ᠡᠬᠢᠯᠡᠭᠰᠡᠨ ᠠᠴᠠ ᠬᠤᠶᠢᠰᠢ ᠰᠤᠮᠤ᠂ ᠬᠤᠰᠢᠭᠤ ᠵᠢᠴᠢ ᠭᠦᠷᠰᠢ ᠵᠡᠷᠭᠡᠯᠳᠡᠭᠡ ᠰᠤᠮᠤ᠂ ᠬᠤᠰᠢᠭᠤᠨ ᠤ ᠶᠡᠭᠡ ᠪᠠᠭ᠎ᠠ ᠳᠠᠭᠤᠤ ᠤᠷᠯᠢᠭ ᠤᠨ ᠤᠷᠤᠯᠳᠤᠭᠠᠨ᠂ ᠤᠷᠠᠨ ᠰᠠᠶᠢᠬᠠᠨ ᠤ ᠳᠤᠭᠯᠠᠯᠲᠠ᠂ ᠦᠳᠡᠰᠢᠯᠡᠭᠡ ᠵᠡᠷᠭᠡ ᠤᠷᠯᠢᠭ ᠤᠨ ᠠᠵᠢᠯᠯᠠᠭ᠎ᠠ ᠳᠤ ᠤᠷᠤᠯᠴᠠᠵᠤ᠂ ᠮᠠᠯᠴᠢᠨ ᠳᠠᠷᠢᠶᠠᠴᠢᠨ ᠤᠯᠠᠨ ᠳᠦᠮᠡᠨ ᠤ ᠰᠤᠶᠤᠯ ᠤᠨ ᠠᠮᠢᠳᠤᠷᠠᠯ ᠢ ᠪᠠᠶᠠᠯᠢᠭᠵᠢᠭᠤᠯᠬᠤ ᠶᠢᠨ ᠬᠠᠮᠳᠤ ᠦᠪᠡᠷ ᠤᠨ ᠤᠷᠯᠢᠭ ᠤᠷ᠎ᠠ ᠶᠢᠨ ᠬᠡᠷᠢ ᠬᠡᠮᠵᠢᠶ᠎ᠡ ᠪᠠᠨ ᠴᠦ ᠳᠠᠰᠤᠷᠠᠯᠲᠠ ᠦᠭᠡᠢ ᠨᠡᠮᠡᠭᠳᠡᠭᠦᠯᠵᠦ ᠳᠡᠭᠡᠭᠰᠢᠯᠡᠭᠦᠯᠵᠠᠢ᠃      ᠮᠠᠩᠯᠠᠶᠢᠪᠠᠭᠠᠳᠤᠷ ᠤᠷᠳᠤᠰ ᠠᠷᠠᠳ ᠤᠨ ᠳᠠᠭᠤᠤ ᠭᠦᠭᠵᠢᠮ ᠳᠤ ᠲᠤᠶᠢᠯ ᠤᠨ ᠳᠤᠷ᠎ᠠ ᠪᠠᠭ᠋ᠠᠲᠠᠢ ᠪᠠᠶᠢᠵᠤ᠂ ᠰᠢᠨᠵᠢᠨ ᠰᠤᠷᠤᠯᠴᠠᠬᠤ ᠬᠢᠬᠡᠳ ᠳᠤᠭᠯᠠᠯᠲᠠ ᠳᠤ ᠤᠷᠤᠯᠴᠠᠬᠤ ᠳᠤᠮᠳᠠ ᠪᠠᠨ ᠤᠷᠳᠤᠰ ᠠᠷᠠᠳ ᠤᠨ ᠳᠠᠭᠠᠤᠤ ᠭᠦᠭᠵᠢᠮ ᠤᠨ ᠠᠶᠢᠵᠢᠮ ᠴᠤᠬᠢᠯᠭ᠎ᠠ ᠨᠢ ᠪᠤᠷᠤ ᠪᠤᠷᠤᠭᠵᠢᠭᠤᠨ᠂  ᠳᠠᠲᠠᠯᠠᠭ᠎ᠠ ᠨᠢ ᠤᠷᠳᠤ ᠨᠤᠭᠤᠯᠠᠭ᠎ᠠ ᠨᠢ ᠤᠭᠵᠢᠮ᠂ ᠰᠡᠳᠭᠢᠯᠡᠭᠡ ᠨᠢ ᠤᠷᠭᠢᠯᠤᠮ᠎ᠠ ᠵᠡᠷᠭᠡ ᠢᠯᠡ ᠳᠤᠳᠤ ᠤᠷᠯᠢᠭ ᠤᠨ ᠤᠨᠴᠠᠯᠢᠭ ᠬᠢᠭᠡᠳ  ᠨᠤᠲᠤᠭ ᠤᠷᠤᠨ ᠤ ᠦᠨᠦᠷ ᠠᠮᠲᠠ ᠶᠢ ᠦᠪᠡᠷ ᠤᠨ ᠪᠡᠶ᠎ᠡ ᠳᠡᠭᠡᠨ ᠰᠢᠩᠭᠡᠭᠡᠨ ᠠᠪᠴᠤ ᠴᠢᠳᠠᠭᠰᠠᠨ ᠶᠤᠮ᠃ ᠳᠡᠷᠡ ᠪᠤᠯ ᠨᠢᠭᠡᠨ ᠦᠯᠢᠶᠡᠬᠦ᠂ ᠳᠠᠲᠠᠬᠤ᠂ ᠳᠡᠯᠡᠳᠬᠦ᠂ ᠳᠠᠭᠤᠯᠠᠬᠤ ᠵᠡᠷᠭᠡ ᠤᠷᠯᠢᠭ ᠤᠨ ᠤᠷ᠎ᠠ ᠳᠡᠮ ᠢ ᠤᠷᠭᠠᠭᠠᠨᠢᠭ ᠢᠶᠠᠷ ᠤᠶᠠᠯᠳᠠᠭᠤᠯᠤᠨ ᠨᠢᠭᠡᠳᠭᠡᠵᠤ ᠴᠢᠳᠠᠭᠰᠠᠨ ᠠᠷᠠᠳ ᠤᠨ ᠤᠷᠯᠢᠭᠴᠢᠨ ᠪᠤᠯᠤᠨ᠎ᠠ᠃ ᠲᠡᠷᠡ ᠠᠮᠠᠨ ᠬᠤᠭᠤᠷ᠂ ᠰᠧ ᠬᠤ᠋᠂ ᠰᠠᠨ ᠱᠢᠶᠠᠨ᠂ ᠪᠢᠰᠢᠭᠦᠷ᠂ ᠶᠠᠨᠴᠢᠨ᠂ ᠳᠠᠴᠢᠨ ᠵᠡᠷᠭᠡ ᠭᠦᠭᠵᠢᠮ ᠤᠨ ᠪᠠᠭᠠᠵᠢ ᠶᠢ ᠰᠤᠷᠮᠠᠭᠠᠢ ᠭᠦᠭᠵᠢᠮᠳᠡᠵᠤ ᠴᠢᠳᠠᠬᠤ ᠮᠦᠷᠳᠡᠭᠡᠨ ᠬᠤᠪᠢᠷᠠᠭᠠᠨ ᠬᠦᠭᠵᠢᠮᠳᠡᠭᠦ᠂ ᠳᠠᠭᠤᠯᠠᠬᠤ ᠬᠦᠭᠵᠢᠮᠳᠡᠬᠦ ᠶᠢ ᠬᠠᠪᠰᠤᠷᠭᠠᠬᠤ᠂ ᠬᠦᠭᠵᠢᠮ ᠦᠭᠡᠢ ᠳᠠᠭᠤᠯᠠᠬᠤ ᠵᠡᠷᠭᠡ ᠳᠤ ᠴᠠᠭᠠᠷᠠᠵᠤ᠂ ᠳᠤᠭᠯᠠᠯᠲᠠ ᠶᠢᠨ ᠶᠠᠪᠤᠴᠠ ᠳᠤ ᠭᠦᠭᠵᠢᠮᠳᠡᠨ ᠳᠠᠭᠤᠯᠠᠬᠤ ᠦᠢᠯᠡ ᠬᠦᠳᠦᠯᠦᠯ ᠨᠢ ᠬᠡᠪ ᠨᠠᠮᠪᠠ ᠲᠠᠢ᠂ ᠳᠦᠷᠢ ᠳᠦᠷᠬᠦ ᠨᠢ ᠤᠷᠢᠶᠠᠯᠠᠭ᠂ ᠰᠡᠳᠭᠢᠴᠡ ᠶᠢᠨ ᠢᠯᠡᠷᠡᠭᠦᠯᠦᠯᠳᠡ ᠢᠶᠠᠷ ᠪᠠᠶᠠᠯᠢᠭ᠂ ᠠᠶᠠᠯᠠᠭᠤ ᠶᠢᠨ ᠳᠠᠲᠠᠯᠠᠭ᠎ᠠ ᠨᠤᠭᠤᠯᠠᠭ᠎ᠠ ᠨᠢ ᠬᠦᠡᠭᠭᠦᠨᠡᠮ᠎ᠡ ᠰᠤᠨᠤᠰᠪᠤᠷᠢᠲᠠᠢ ᠪᠠᠶᠢᠵᠤ᠂  ᠪᠤᠷᠤ ᠪᠤᠷᠤᠭᠵᠢᠭᠤᠨ ᠪᠠᠶᠢᠭᠠᠯᠢᠯᠠᠭ ᠨᠠᠷᠢᠯᠢᠭ ᠠᠶ᠎ᠠ ᠴᠤᠬᠢᠯᠠᠭ᠎ᠠ ᠶᠢᠨ ᠦᠡᠭᠭᠡ ᠶᠢ ᠳᠤᠪᠤᠶᠢᠯᠠᠭᠠᠨ ᠭᠠᠷᠭᠠᠵᠤ᠂ ᠳᠠᠭᠤᠯᠠᠬᠤ ᠠᠷᠭ᠎ᠠ ᠳᠡᠮ ᠪᠠ ᠦᠭᠡ ᠠᠶ᠎ᠠ ᠵᠤᠬᠢᠴᠢᠭᠤᠯᠬᠤ ᠵᠡᠷᠭᠡ ᠨᠢ ᠤᠷᠳᠤᠰ ᠮᠤᠩᠭᠤᠯ ᠤᠨ ᠨᠠᠶᠢᠷ ᠤᠷᠯᠢᠭ ᠤᠨ ᠬᠦᠡᠭᠭᠦᠨᠡᠮ᠎ᠡ ᠠᠭᠤᠵᠢᠭᠤ᠂  ᠪᠤᠷᠤ ᠬᠦᠳᠡᠭᠡᠯᠢᠭ ᠤᠨᠴᠠᠯᠢᠭ  ᠶᠢ ᠢᠯᠡᠷᠡᠭᠦᠯᠵᠦ ᠴᠢᠳᠠᠳᠠᠭ᠃      ᠤᠯᠠᠨ ᠵᠢᠯ ᠤᠨ ᠳᠤᠷᠰᠢ᠂ ᠮᠠᠩᠯᠠᠶᠢᠪᠠᠭᠠᠳᠤᠷ ᠤᠷᠳᠤᠰ ᠮᠤᠩᠭᠤᠯ ᠠᠷᠠᠳ ᠤᠨ ᠳᠠᠭᠤᠤ ᠭᠦᠭᠵᠢᠮ ᠢ ᠳᠡᠯᠭᠡᠷᠡᠭᠦᠯᠡᠨ ᠭᠦᠭᠵᠢᠭᠦᠯᠬᠦ ᠦᠢᠯᠡᠰ ᠲᠤ ᠭᠦᠴᠦ ᠬᠠᠨᠳᠢᠪ ᠪᠠᠨ ᠪᠠᠶᠢᠡᠭᠭᠤ ᠡᠷᠭᠦᠵᠦ ᠶᠠᠪᠤᠭᠰᠠᠨ ᠠᠴᠠ  ᠤᠯᠠᠨ ᠠᠷᠪᠢᠨ ᠱᠠᠩᠨᠠᠯ ᠬᠦᠬᠢᠭᠦᠯᠡᠯ ᠢ ᠭᠦᠷᠲᠡᠵᠤ ᠶᠠᠪᠤᠵᠠᠢ᠃ ᠮᠠᠩᠯᠠᠶᠢᠪᠠᠭᠠᠳᠤᠷ ᠤᠨ ᠤᠯᠵᠤ ᠬᠦᠷᠳᠡᠭᠰᠡᠨ ᠪᠤᠳᠠᠳᠠᠢ ᠱᠠᠩᠨᠠᠯ ᠬᠦᠬᠢᠭᠦᠯᠡᠯ ᠢ ᠨᠢ ᠵᠢᠡᠡᠰᠠᠭᠠᠪᠠᠯ᠄      1983 ᠤᠨ᠂ ᠰᠦᠮᠡᠲᠤ ᠰᠤᠮᠤᠨ ᠤ ᠠᠩᠬᠠᠳᠤᠭᠠᠷ ᠤᠳᠠᠭᠠᠨ ᠤ ᠠᠷᠠᠳ ᠤᠨ ᠬᠦᠭᠵᠢᠮ ᠤᠨ ᠶᠡᠭᠡ ᠤᠷᠤᠯᠳᠤᠭᠠᠨ ᠤ ᠨᠢᠭᠡᠳᠦᠭᠡᠷ ᠲᠡᠰ ᠤᠨ ᠱᠠᠩᠨᠠᠯ᠃      2005 ᠤᠨ᠂ ᠤᠳᠤᠭ ᠬᠤᠰᠢᠭᠤᠨ ᠤ ᠠᠷᠠᠳ ᠤᠨ ᠳᠠᠭᠤᠨ ᠤ ᠶᠡᠭᠡ ᠤᠷᠤᠯᠳᠤᠭᠠᠨ ᠤ  ᠰᠢᠯᠢᠳᠡᠭ ᠱᠠᠩᠨᠠᠯ᠃      2006 — 2007 ᠤᠨ᠂ ᠤᠳᠤᠭ ᠬᠤᠰᠢᠭᠤᠨ ᠤ ︽ᠮᠠᠯ ᠠᠵᠤ ᠠᠬᠤᠢ ᠬᠤᠨᠳᠠᠭᠠᠲᠤ︾ ᠠᠷᠠᠳ  ᠤᠨ ᠳᠠᠭᠤᠨ ᠤ ᠶᠡᠭᠡ ᠤᠷᠤᠯᠳᠤᠭᠠᠨ ᠤ ᠨᠢᠭᠡᠳᠦᠭᠡᠷ ᠲᠡᠰ ᠤᠨ ᠱᠠᠩᠨᠠᠯ᠃      2006 ᠤᠨ᠂ ᠤᠷᠳᠤᠰ ᠬᠤᠳᠠ ᠶᠢᠨ ᠭᠤᠷᠪᠠᠳᠤᠭᠠᠷ ᠬᠤᠭᠤᠴᠠᠭᠠᠨ ᠤ ︽ᠮᠠᠯ ᠠᠵᠤ ᠠᠬᠤᠢ ᠬᠤᠨᠳᠠᠭᠠᠲᠤ︾ ᠮᠠᠯᠴᠢᠳ ᠶᠢᠨ ᠳᠠᠭᠤᠤ ᠤᠷᠠᠯᠢᠭ ᠤᠨ ᠴᠤᠭᠯᠠᠭᠠᠨ ︵ᠠᠷᠠᠳ ᠤᠨ ᠳᠠᠭᠤᠨ ᠤ ᠳᠤᠭᠤᠶᠢᠯᠠᠩ︶ ᠤ ᠰᠢᠯᠢᠳᠡᠭ ᠱᠠᠩᠨᠠᠯ᠃      2007 ᠤᠨ᠂ ᠤᠷᠳᠤᠰ ᠬᠤᠳᠠ ᠶᠢᠨ ᠠᠩᠬᠠᠳᠤᠭᠠᠷ ᠬᠤᠭᠤᠴᠠᠭᠠᠨ ᠤ ᠮᠤᠩᠭᠤᠯ ᠨᠠᠰᠤᠲᠠᠶᠢᠴᠤᠳ ᠤᠨ ᠠᠷᠠᠳ ᠤᠨ ᠳᠠᠭᠤᠨ ᠤ ᠤᠷ᠎ᠠ ᠳᠤᠭᠯᠠᠯᠲᠠ ᠶᠢᠨ ᠴᠤᠭᠯᠠᠭᠠᠨ ᠤ ᠬᠦᠭᠵᠢᠮ ᠤᠨ ᠪᠠᠭᠠᠵᠢ ᠶᠢᠨ ᠨᠢᠭᠡᠳᠦᠭᠡᠷ ᠲᠡᠰ ᠤᠨ ᠱᠠᠩᠨᠠᠯ᠃      2007 ᠤᠨ᠂ ᠤᠷᠳᠤᠰ ᠬᠤᠳᠠ ᠶᠢᠨ ᠨᠠᠰᠤᠲᠠᠶᠢᠴᠤᠳ ᠤᠨ ᠰᠢᠨ᠎ᠡ ᠵᠢᠯ ᠤᠨ ᠦᠳᠡᠰᠢᠯᠡᠭᠡ ᠶᠢᠨ ᠰᠠᠨ ᠱᠢᠶᠠᠨ ᠬᠦᠭᠵᠢᠮ ᠤᠨ ᠳᠤᠰᠭᠠᠷ ᠬᠦᠭᠵᠢᠮᠳᠡᠯᠡᠭᠡ ᠶᠢᠨ ᠨᠢᠭᠡᠳᠦᠭᠡᠷ ᠲᠡᠰ ᠤᠨ ᠱᠠᠩᠨᠠᠯ᠃      2008 ᠤᠨ᠂ ᠤᠷᠳᠤᠰ ᠬᠤᠳᠠ ᠶᠢᠨ ᠭᠤᠷᠪᠠᠳᠤᠭᠠᠷ ᠬᠤᠭᠤᠴᠠᠭᠠᠨ ᠤ ᠳᠡᠯᠡᠬᠡᠢ ᠨᠡᠶᠢᠲᠡ ᠶᠢᠨ ᠰᠤᠶᠤᠯ  ᠤᠨ ᠴᠢᠭᠤᠯᠭᠠᠠᠨ ᠤ ︽ᠤᠷᠳᠤᠰ ᠠᠷᠠᠳ ᠤᠨ ᠳᠠᠭᠤᠨ ᠤ ᠶᠡᠭᠡ ᠤᠷᠤᠯᠳᠤᠭᠠᠨ︾ ᠤ ᠰᠢᠯᠢᠳᠡᠭ ᠱᠠᠩᠨᠠᠯ᠃      2011 ᠤᠨ᠂ ᠭᠤᠷᠪᠠᠳᠤᠭᠠᠷ ᠬᠤᠭᠤᠴᠠᠭᠠᠨ ᠤ ︽ᠠᠷᠵᠠᠢ ᠬᠤᠨᠳᠠᠭᠠᠳᠤ》ᠤᠷᠳᠤᠰ ᠤᠷᠳᠤ ᠶᠢᠨ ᠳᠠᠭᠤᠨ ᠤ ᠲᠧᠯᠸᠢᠰ ᠱᠠᠩᠨᠠᠯᠲᠤ ᠤᠷᠤᠯᠳᠤᠭᠠᠨ ᠬᠠᠮᠳᠤᠯᠢᠭ ᠤᠨ ᠳᠦᠷᠦᠯ ᠤᠨ ᠰᠢᠯᠢᠳᠡᠭ ᠱᠠᠩᠨᠠᠯ᠃     ᠰᠤᠮᠤ᠂ ᠬᠤᠰᠢᠭᠤ ᠵᠢᠴᠢ ᠭᠦᠷᠰᠢ ᠵᠡᠷᠭᠡᠯᠳᠡᠭᠡ ᠰᠤᠮᠤ᠂ ᠬᠤᠰᠢᠭᠤᠨ ᠤ ᠶᠡᠭᠡ ᠪᠠᠭ᠎ᠠ ᠳᠠᠭᠤᠤ ᠤᠷᠯᠢᠭ ᠤᠨ ᠤᠷᠤᠯᠳᠤᠭᠠᠨ᠂ ᠤᠷᠠᠨ ᠰᠠᠶᠢᠬᠠᠨ ᠤ ᠳᠤᠭᠯᠠᠯᠲᠠ᠂ ᠦᠳᠡᠰᠢᠯᠡᠭᠡ ᠵᠡᠷᠭᠡ ᠤᠷᠯᠢᠭ ᠤᠨ ᠠᠵᠢᠯᠯᠠᠭ᠎ᠠ ᠳᠤ ᠤᠯᠠᠨ ᠤᠳᠠᠭ᠎ᠠ ᠤᠷᠤᠯᠴᠠᠵᠤ᠂ 2006 ᠤᠨ — 2012 ᠤᠨ ᠪᠤᠯᠲᠠᠯ᠎ᠠ᠂ ᠤᠳᠤᠭ ᠬᠤᠰᠢᠭᠤᠨ ᠤ ᠰᠢᠨ᠎ᠡ ᠵᠢᠯ ᠤᠨ ᠤᠷᠠᠨ ᠰᠠᠶᠢᠬᠠᠨ ᠤ ᠦᠳᠡᠰᠢᠯᠡᠭᠡ ᠳᠤ  ᠵᠠᠯᠭᠠᠪᠠᠷ ᠳᠤᠯᠤᠭᠠᠨ ᠵᠢᠯ ᠳᠠᠷᠠᠭᠠᠯᠠᠨ ᠳᠠᠭᠠᠤᠤ ᠭᠦᠭᠵᠢᠮ ᠤᠨ ᠳᠤᠭᠯᠠᠯᠲᠠ ᠤᠷᠤᠯᠴᠠᠵᠠᠢ᠃      2011 ᠤᠨ ᠳᠤ ︽ᠤᠷᠳᠤᠰ ᠤᠨ ᠰᠢᠯᠢᠳᠡᠭ ᠠᠷᠠᠳ ᠤᠨ ᠤᠷᠠᠯᠢᠭᠴᠢᠨ︾ ᠢᠶᠠᠷ ᠴᠤᠯᠠᠯᠠᠭᠳᠠᠵᠠᠢ᠃      ᠤᠳᠤᠭ ᠬᠤᠰᠢᠭᠤᠨ ᠤ ᠮᠤᠩᠭᠤᠯ ᠦᠨᠳᠦᠰᠦᠲᠡᠨ ᠤ ᠠᠵᠢᠯ ᠮᠡᠷᠭᠡᠵᠢᠯ ᠤᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠠᠷᠠᠳ ᠤᠨ ᠳᠠᠭᠠᠤᠤ ᠬᠦᠭᠵᠢᠮ ᠤᠨ ᠵᠢᠭᠠᠭᠠᠨ ᠵᠢᠯᠤᠭᠤᠳᠤᠭᠴᠢ ᠪᠠᠷ ᠤᠷᠢᠭᠳᠠᠵᠤ  ᠪᠠᠶᠢᠨ᠎ᠠ᠃ 2005 ᠤᠨ ᠳᠤ ᠤᠷᠳᠤᠰ ᠬᠤᠳᠠ ᠠᠴᠠ ᠤᠳᠤᠭ ᠬᠤᠰᠢᠭᠤᠨ ᠳᠤ ᠶᠠᠪᠤᠭᠳᠠᠭᠤᠯᠤᠭᠰᠠᠨ ᠠᠩᠬᠠᠳᠤᠭᠠᠷ ᠬᠤᠭᠤᠴᠠᠭᠠᠨ ᠤ ︽ᠲᠡᠭᠷᠢ ᠮᠤᠩᠭᠤᠯ ᠬᠦᠮᠦᠨ ᠬᠤᠨᠳᠠᠭᠠᠳᠤ︾ ᠪᠦᠬᠦ ᠬᠤᠳᠠ ᠶᠢᠨ ᠳᠤᠮᠳᠠᠳᠤ ᠰᠤᠷᠭᠠᠭᠤᠯᠢ ᠶᠢᠨ ᠰᠤᠷᠤᠭᠴᠢᠳ ᠤᠨ ᠤᠷ᠎ᠠ ᠤᠷᠠᠯᠢᠭ ᠤᠨ ᠤᠷᠤᠯᠳᠤᠭᠠᠨ ᠤ ᠠᠷᠠᠳ ᠤᠨ ᠳᠠᠭᠤᠨ ᠤ ᠵᠢᠭᠠᠭᠠᠨ ᠵᠢᠯᠤᠭᠤᠳᠤᠭᠴᠢ ᠪᠠᠷ ᠤᠷᠢᠭᠳᠠᠵᠤ᠂ ᠤᠯᠠᠨ ᠨᠡᠷ᠎ᠡ ᠰᠤᠷᠤᠭᠴᠢᠳ ᠡᠯ᠎ᠡ ᠵᠦᠢᠯ ᠤᠨ ᠱᠠᠩᠨᠠᠯ ᠤᠯᠵᠤ᠂  ᠡᠭᠦᠪᠡᠷ ᠳᠤᠮᠳᠠᠳᠤ ᠰᠤᠷᠭᠠᠭᠤᠯᠢ  ᠶᠢᠨ ᠰᠤᠷᠤᠭᠴᠢᠳ ᠤᠨ ᠤᠷ᠎ᠠ ᠤᠷᠠᠯᠢᠭ ᠤᠨ ᠬᠡᠷᠢ ᠬᠡᠮᠵᠢᠶ᠎ᠡ ᠶᠢ ᠶᠡᠬᠡᠪᠡᠷ ᠳᠡᠭᠡᠭᠰᠢᠯᠡᠭᠦᠯᠵᠦ᠂ ᠳᠡᠲᠡᠨ ᠤ ᠬᠤᠵᠢᠮ ᠤᠷ᠎ᠠ ᠤᠷᠠᠯᠢᠭ ᠤᠨ ᠳᠠᠯ᠎ᠠ ᠪᠠᠷ ᠰᠤᠷᠤᠯᠴᠠᠨ ᠳᠡᠭᠡᠭᠰᠢᠯᠡᠬᠦ ᠳᠤ ᠰᠠᠭᠤᠷᠢ ᠲᠠᠯᠪᠢᠵᠠᠢ᠃      2008 ᠤᠨ ᠳᠤ᠂ ᠦᠪᠦᠷ ᠮᠤᠩᠭᠤᠯ ᠤᠨ ᠲᠧᠯᠸᠢᠰ ᠬᠤᠷᠢᠶᠠᠨ ᠤ ᠴᠢᠩᠭᠢᠰ ᠤᠨ ᠤᠡᠭᠭᠤᠨ ᠳᠤ ᠶᠠᠪᠤᠭᠳᠠᠭᠤᠯᠤᠭᠰᠠᠨ ︽ᠭᠤᠷᠪᠠᠨ ᠳᠠᠪᠠᠭ᠎ᠠ︾ ᠳᠤᠰᠬᠠᠢ ᠳᠡᠯᠭᠡᠴᠡ ᠳᠤ ᠤᠷᠤᠯᠴᠠᠵᠤ᠂ ᠠᠷᠠᠳ ᠤᠨ ᠳᠠᠭᠤᠤ ︽ᠳᠦᠡᠭᠭᠦᠷ ᠮᠠᠮ᠎ᠠ︾ ᠶᠢ ᠳᠠᠭᠤᠯᠠᠵᠤ ᠪᠦᠬᠦ ᠤᠷᠤᠨ ᠳᠤ ᠠᠯᠳᠠᠷᠰᠢᠵᠠᠢ  ᠃      2007 ᠤᠨ᠂ ︽ᠪᠦᠬᠦ ᠤᠯᠤᠰ ᠤᠨ ᠠᠷᠠᠳ ᠤᠨ ᠳᠠᠭᠤᠨ ᠤ ᠶᠢᠷᠲᠢᠨᠴᠦ︾ — ᠳᠤᠮᠤ ᠬᠡᠯᠪᠡᠷᠢ ᠶᠢᠨ ᠠᠷᠠᠳ ᠤᠨ ᠳᠠᠭᠤᠨ ᠤ ᠪᠤᠳᠢᠰ ᠤᠨ ᠪᠤᠰᠤ ᠰᠤᠶᠤᠯ ᠤᠨ ᠰᠤᠯᠢᠯᠴᠠᠭᠠᠨ ᠤ ᠰᠤᠳᠤᠯᠤᠯ ᠤᠨ ᠬᠤᠷᠠᠯ ᠳᠤ ᠤᠷᠢᠯᠠᠭ᠎ᠠ  ᠪᠠᠷ ᠤᠷᠤᠯᠴᠠᠵᠤ᠂ ᠲᠦᠪ ᠤᠨ ᠲᠧᠯᠸᠢᠰ ᠬᠤᠷᠢᠶᠠᠨ ᠤ ᠶᠠᠷᠢᠯᠴᠠᠭᠠᠨ ᠤ ᠰᠢᠭᠤᠳ ᠨᠡᠪᠲᠡᠷᠡᠭᠦᠯᠦᠯᠭᠡ ᠶᠢᠨ ᠳᠡᠯᠭᠡᠴᠡ  ᠳᠤ ᠤᠷᠢᠭᠳᠠᠨ ᠤᠷᠤᠯᠴᠠᠭᠰᠠᠨ ᠪᠦᠭᠡᠳ ᠲᠦᠪ ᠤᠨ ᠲᠧᠯᠸᠢᠰ ᠬᠤᠷᠢᠶᠠᠨ ᠤ ᠪᠦᠬᠦ ᠤᠯᠤᠰ ᠴᠢᠨᠠᠭᠰᠢᠯᠠᠨ ᠳᠡᠯᠡᠬᠡᠢ  ᠶᠢᠨ 53 ᠤᠯᠤᠰ ᠪᠠ ᠭᠠᠵᠠᠷ ᠤᠷᠤᠨ ᠲᠤ ᠬᠠᠨᠳᠤᠭᠤᠯᠤᠭᠰᠠᠨ ᠰᠢᠭᠤᠳ ᠨᠡᠪᠲᠡᠷᠡᠭᠦᠯᠦᠯᠭᠡ ᠪᠠᠷ ᠳᠠᠮᠵᠢᠭᠤᠯᠠᠨ ᠳᠠᠴᠢᠨ ᠭᠦᠭᠵᠢᠮ  ᠂ ᠰᠠᠨ ᠱᠢᠶᠠᠨ ᠬᠦᠭᠵᠢᠮ ᠭᠦᠭᠵᠢᠮᠳᠡᠵᠤ᠂ ᠤᠷᠳᠤᠰ ᠠᠷᠠᠳ ᠤᠨ ᠳᠠᠭᠤᠤ ︽ᠠᠯᠲᠠᠨ ᠤ ᠰᠠᠯᠠᠭ᠎ᠠ︾ ᠶᠢ ᠳᠠᠭᠤᠯᠠᠭᠠᠳ ᠤᠷᠳᠤᠰ ᠠᠷᠠᠳ ᠤᠨ ᠤᠯᠠᠮᠵᠢᠯᠠᠯᠲᠤ ᠤᠷᠠᠯᠢᠭ ᠤᠨ ᠭᠦᠨ ᠵᠤᠵᠠᠭᠠᠨ ᠦᠨᠦᠷ ᠠᠮᠲᠠ ᠪᠠ ᠭᠦᠮᠦᠨ ᠶᠢ ᠰᠤᠭᠳᠤᠭᠤᠷᠠᠭᠤᠯᠠᠮ᠎ᠠ ᠬᠡᠷᠡᠯ ᠭᠢᠯᠪᠠᠭ᠎ᠠ ᠶᠢ ᠤᠯᠠᠨ ᠳᠠᠶᠠᠭᠠᠷ ᠲᠤ ᠭᠠᠶᠢᠠᠭᠤᠯᠵᠤ᠂ ᠠᠷᠠᠳ ᠤᠨ ᠳᠠᠭᠤᠨ ᠤ ᠸᠠᠩ ᠭᠡᠮᠡᠨ ᠨᠡᠷᠡᠶᠢᠳᠦᠭᠳᠡᠵᠠᠢ᠃      2010 ᠤᠨ ᠳᠤ ︽ᠦᠪᠦᠷ ᠮᠤᠩᠭᠤᠯ ᠤᠨ ᠤᠷᠳᠤ ᠶᠢᠨ ᠳᠠᠭᠤᠨ ᠤ ᠤᠷᠠᠯᠢᠭ ᠰᠤᠯᠢᠯᠴᠡᠨ ᠰᠤᠳᠤᠯᠤᠬᠤ ᠨᠡᠶᠢᠬᠡᠮᠯᠡᠭ︾ ᠤᠨ ᠭᠡᠰᠢᠭᠦᠨ ᠪᠤᠯᠵᠠᠢ᠃      ᠮᠠᠩᠯᠠᠶᠢᠪᠠᠭᠠᠳᠤᠷ ᠭᠡᠷ ᠲᠡᠭᠡᠨ ᠠᠮᠠᠨ ᠬᠤᠭᠤᠷ᠂  ᠰᠧ ᠬᠤ᠋᠂ ᠰᠠᠨ ᠱᠢᠶᠠᠨ᠂ ᠪᠢᠰᠢᠭᠦᠷ᠂ ᠶᠠᠨᠴᠢᠨ ᠵᠡᠷᠭᠡ ᠭᠦᠭᠵᠢᠮ ᠤᠨ ᠪᠠᠭᠠᠵᠢ ᠲᠠᠢ ᠪᠠᠶᠢᠵᠤ᠂ ᠮᠢᠩᠭ᠎ᠠ ᠭᠠᠷᠤᠢ ᠠᠷᠠᠳ ᠤᠨ ᠳᠠᠭᠤᠨ ᠤ ᠦᠭᠡ᠂ ᠠᠶ᠎ᠠ ᠶᠢ ᠪᠠᠭᠲᠠᠭᠠᠭᠰᠠᠨ 8 ᠳᠡᠪᠲᠡᠷ ᠤᠷᠳᠤᠰ ᠠᠷᠠᠳ ᠤᠨ ᠳᠠᠭᠤᠨ ᠤ ᠨᠤᠮ ᠳᠡᠪᠳᠡᠷ ᠨᠠᠩᠳᠢᠩᠨᠠᠨ ᠬᠠᠳᠠᠭᠠᠯᠠᠵᠤ ᠪᠠᠶᠢᠨ᠎ᠠ᠃                      ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠣᠳᠠᠰ ᠤᠨ ᠪᠤᠰᠤ ᠰᠤᠶᠤᠯ ᠤᠨ ᠥᠪ︾  ᠪᠠᠢ ᠭᠡᠷᠡᠯᠲᠦ ᠭᠤᠤᠯᠯᠠᠨ ᠨᠠᠶᠢᠷᠠᠭᠤᠯᠪᠠ   ︵ᠤᠲᠤᠭ ᠬᠤᠰᠢᠭᠤᠨ ᠤ ᠤᠯᠤᠰ ᠲᠦᠷᠥ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ