ᠬᠤᠨᠢᠨ ᠤ ᠴᠡᠴᠡᠭ ᠡᠪᠡᠳᠴᠢᠨ ᠤ ᠰᠡᠷᠭᠡᠶᠢᠯᠡᠯᠳᠡ ᠶᠢᠨ ᠲᠤᠬᠠᠢ
ᠨᠡᠶᠢᠲᠡᠯᠡᠭᠰᠡᠨ ᠴᠠᠭ᠄
2021/7/23
                  ᠬᠤᠨᠢᠨ ᠤ ᠴᠡᠴᠡᠭ ᠡᠪᠡᠳᠴᠢᠨ ᠤ ᠰᠡᠷᠭᠡᠶᠢᠯᠡᠯᠳᠡ ᠶᠢᠨ ᠲᠤᠬᠠᠢ                                             ︽ᠮᠠᠯ ᠤᠨ ᠬᠠᠯᠳᠠᠪᠤᠷᠢᠳᠤ ᠡᠪᠡᠳᠴᠢᠨ ᠤ ᠤᠬᠠᠭᠠᠨ︾      ᠡᠩ ᠤᠨ ᠴᠠᠭ ᠤᠨ ᠠᠷᠠᠴᠢᠯᠠᠯᠳᠠ ᠬᠠᠮᠢᠶᠠᠷᠤᠯᠳᠠ ᠪᠠᠨ ᠴᠢᠩᠭᠠᠳᠬᠠᠨ ᠨᠠᠮᠤᠷ ᠤᠨ ᠲᠠᠷᠭᠤ ᠶᠢ ᠨᠢ ᠪᠠᠳᠤᠯᠠᠵᠤ᠂ ᠤᠨᠴᠠᠭᠠᠶᠢᠯᠠᠨ ᠡᠪᠤᠯ ᠬᠠᠪᠤᠷ ᠤᠨ ᠤᠯᠠᠷᠢᠯ ᠳᠤ ᠡᠪᠡᠰᠤ ᠪᠤᠷᠳᠤᠭ᠎ᠠ ᠦᠭᠬᠦ ᠶᠢ ᠨᠢ ᠲᠤᠬᠢᠷᠠᠭᠤᠯᠵᠤ᠂ ᠡᠪᠤᠯ ᠤᠨ ᠬᠠᠬᠢᠷ ᠬᠦᠢᠳᠡᠨ ᠠᠴᠠ ᠬᠠᠮᠠᠭᠠᠯᠠᠨ ᠰᠡᠷᠭᠡᠶᠢᠯᠡᠬᠦ ᠬᠡᠷᠡᠭᠳᠡᠢ᠃ ᠬᠤᠨᠢᠨ ᠤ ᠴᠡᠴᠡᠭ ᠡᠪᠡᠳᠴᠢᠨ ᠥᠷᠭᠦᠯᠵᠢ ᠡᠭᠦᠰᠳᠡᠭ ᠭᠠᠵᠠᠷ ᠤᠷᠤᠨ ᠤ ᠬᠤᠨᠢᠨ ᠰᠥᠷᠥᠭ ᠲᠤ ᠵᠢᠯ ᠪᠥᠷᠢ ᠲᠤᠭᠳᠠᠭᠰᠠᠨ ᠬᠤᠭᠤᠴᠠᠭ᠎ᠠ ᠲᠠᠢ ᠰᠡᠷᠭᠡᠶᠢᠯᠡᠬᠦ ᠲᠠᠷᠢᠯᠭ᠎ᠠ ᠬᠢᠵᠦ ᠂ ᠨᠢᠭᠡᠨᠳᠡ ᠡᠪᠡᠳᠴᠢᠨ ᠡᠭᠦᠰᠥᠭᠰᠡᠨ ᠪᠠᠶᠢᠪᠠᠯ ᠡᠪᠡᠳᠴᠢᠯᠡᠭᠰᠡᠨ ᠬᠤᠨᠢ ᠶᠢ ᠲᠤᠰᠠᠭᠠᠷᠯᠠᠨ ᠰᠠᠯᠭᠠᠵᠤ᠂ ᠡᠪᠡᠳᠴᠢᠯᠡᠭᠡᠳᠦᠢ ᠬᠤᠨᠢ ᠪᠤᠶᠤ ᠤᠶᠢᠷ᠎ᠠ ᠬᠠᠪᠢ ᠶᠢᠨ ᠬᠢᠵᠢᠭ ᠤᠨ ᠰᠦᠷᠳᠡᠭᠦᠯᠥᠯ ᠳᠤ ᠤᠴᠠᠷᠠᠵᠤ ᠮᠡᠳᠡᠬᠦ ᠬᠤᠨᠢᠨ ᠰᠥᠷᠥᠭ ᠲᠤ ᠲᠠᠬᠢᠶᠠᠨ ᠬᠦᠪᠥᠷᠡᠯ ᠢᠶᠠᠷ ᠬᠤᠤᠷ ᠰᠤᠯᠠᠷᠠᠭᠤᠯᠤᠭᠰᠠᠨ ᠬᠤᠨᠢᠨ ᠤ ᠴᠡᠴᠡᠭ ᠤᠨ ᠸᠠᠺᠽᠢᠨ ᠢᠶᠠᠷ ᠪᠠᠴᠢᠮ ᠲᠠᠷᠢᠯᠭ᠎ᠠ ᠬᠢᠬᠦ ᠬᠡᠷᠡᠭᠳᠡᠢ᠃ ᠬᠤᠨᠢᠨ ᠤ ᠪᠥᠳᠥᠭᠦᠨ ᠪᠠᠭ᠎ᠠ ᠶᠢ ᠬᠠᠮᠢᠶᠠᠷᠤᠯ ᠦᠭᠡᠢ ᠴᠥᠮ ᠰᠡᠭᠦᠯ ᠤᠨ ᠬᠡᠰᠡᠭ ᠪᠤᠶᠤ ᠴᠠᠪᠢᠨ ᠤ ᠬᠢᠨᠢ ᠲᠤᠳᠤᠷ᠎ᠠ ᠲᠠᠯ᠎ᠠ ᠶᠢᠨ ᠠᠷᠠᠰᠤᠨ ᠳᠤᠤᠷ᠎ᠠ ᠨᠢ 0.5ml ᠸᠠᠺᠽᠢᠨ ᠲᠠᠷᠢᠨ᠎ᠠ᠃ ᠲᠠᠷᠢᠯᠭ᠎ᠠ ᠬᠢᠭᠰᠡᠨ ᠤ ᠰᠡᠭᠦᠯᠡᠷ 4~6 ᠡᠳᠥᠷ ᠲᠤ ᠨᠠᠶᠢᠳᠠᠪᠤᠷᠢᠳᠠᠢ ᠡᠭᠡᠭᠡᠯᠯᠡᠪᠥᠷᠢ ᠶᠢᠨ ᠭᠥᠴᠥᠨ ᠡᠭᠦᠰᠬᠦ ᠮᠥᠷᠳᠡᠭᠡᠨ ᠡᠭᠡᠭᠡᠯᠯᠡᠪᠥᠷᠢ ᠶᠢᠨ ᠬᠤᠭᠤᠴᠠᠭ᠎ᠠ ᠨᠢ ᠨᠢᠭᠡ ᠵᠢᠯ ᠥᠷᠭᠦᠯᠵᠢᠯᠡᠨ᠎ᠡ᠃ ᠡᠪᠡᠳᠴᠢᠯᠡᠭᠰᠡᠨ ᠬᠤᠨᠢ  ᠶᠢ ᠲᠤᠰᠠᠭᠠᠷᠯᠠᠵᠤ᠂ ᠪᠢᠳᠡᠭᠦᠮᠵᠢᠯᠡᠬᠦ ᠪᠠ ᠠᠷᠢᠭᠤᠳᠬᠠᠯ ᠬᠢᠨ᠎ᠡ᠃ ᠡᠪᠡᠳᠴᠢᠯᠡᠭᠡᠳ ᠥᠬᠦᠭᠰᠡᠨ ᠬᠤᠨᠢᠨ ᠤ ᠬᠡᠭᠦᠷ ᠢ ᠭᠥᠨ ᠪᠤᠯᠠᠪᠠᠯ ᠵᠤᠬᠢᠨ᠎ᠠ᠃ ᠬᠡᠷᠪᠡ ᠠᠷᠠᠰᠤ ᠶᠢ ᠨᠢ ᠥᠪᠴᠢᠵᠤ ᠬᠡᠷᠡᠭᠯᠡᠪᠡᠯ ᠠᠷᠢᠭᠤᠳᠬᠠᠯ ᠬᠢᠵᠤ ᠬᠢᠵᠢᠭ ᠰᠡᠷᠭᠡᠶᠢᠯᠡᠬᠦ ᠠᠷᠭ᠎ᠠ ᠠᠪᠴᠢᠯ ᠢ ᠠᠩᠬᠠᠷᠴᠤ᠂ ᠸᠢᠷᠥ᠋ᠰ ᠥᠷᠭᠡᠵᠢᠨ ᠲᠠᠷᠬᠠᠬᠤ ᠶᠢ ᠰᠡᠷᠭᠡᠶᠢᠯᠡᠬᠦ ᠬᠡᠷᠡᠭᠳᠡᠢ᠃ ᠲᠤᠰ ᠡᠪᠡᠳᠴᠢᠨ ᠢ ᠲᠤᠰᠬᠠᠶᠢᠯᠠᠨ ᠵᠠᠰᠠᠬᠤ ᠡᠮ ᠦᠭᠡᠢ ᠪᠤᠯᠬᠤᠷ ᠥᠷᠭᠦᠯᠵᠢ ᠰᠢᠨᠵᠢ ᠲᠡᠮᠳᠡᠭ ᠲᠤᠨᠢ ᠲᠤᠬᠢᠷᠠᠭᠤᠯᠵᠤ ᠶᠡᠷᠦᠩᠬᠡᠶᠢᠯᠡᠨ ᠵᠠᠰᠠᠬᠤ ᠠᠷᠭ᠎ᠠ ᠬᠡᠷᠡᠭᠯᠡᠳᠡᠭ᠃ ᠴᠡᠴᠡᠭ ᠤᠨ ᠪᠢᠵᠢᠷᠠᠤ ᠡᠭᠦᠰᠦᠭᠰᠡᠨ ᠤ ᠰᠡᠭᠦᠯᠡᠷ ᠪᠢᠵᠢᠷᠠᠤ ᠲᠠᠢ ᠬᠡᠰᠡᠭ ᠲᠤᠨᠢ 0.1% ᠶᠢᠨ ᠳᠡᠭᠡᠳᠤ ᠮᠠᠩᠭᠠᠨ ᠭᠦᠴᠢᠯ ᠤᠨ ᠺᠠᠯᠢ ᠶᠢᠨ ᠠᠭᠤᠰᠤᠮᠠᠯ ᠢᠶᠠᠷ ᠤᠬᠢᠶᠠᠯᠭ᠎ᠠ ᠬᠢᠵᠤ᠂ ᠵᠥᠯᠭᠦᠵᠦ ᠬᠠᠳᠠᠭᠠᠭᠰᠠᠨ ᠤ ᠳᠠᠷᠠᠭ᠎ᠠ ᠪᠤᠷᠤ ᠤᠰᠤᠨ ᠡᠮ ᠪᠤᠶᠤ ᠢᠤᠳ᠋ᠳᠤ ᠭᠯᠢᠽᠧᠷᠢᠨ ᠲᠥᠷᠬᠢᠨ᠎ᠡ᠃ ᠡᠷᠡᠭᠦᠯᠵᠢᠭᠰᠡᠨ ᠬᠤᠨᠢᠨ ᠤ ᠴᠢᠰᠤᠨ ᠴᠠᠶᠢᠪᠠᠩ ᠨᠢ ᠨᠡᠯᠢᠶᠡᠳ ᠰᠠᠶᠢᠨ ᠰᠡᠷᠭᠡᠶᠢᠯᠡᠨ ᠵᠠᠰᠠᠬᠤ ᠦᠢᠯᠡᠳᠦᠯ ᠲᠠᠢ ᠪᠠᠶᠢᠵᠤ᠂ ᠤᠷᠢᠳᠴᠢᠯᠠᠨ ᠰᠡᠷᠭᠡᠶᠢᠯᠡᠬᠦ ᠲᠠᠷᠢᠯᠭ᠎ᠠ ᠬᠢᠬᠦ ᠳᠤ ᠨᠠᠰᠤ ᠭᠦᠢᠴᠡᠭᠰᠡᠨ ᠬᠤᠨᠢᠨ ᠳᠤ 5~10ml᠂ ᠬᠤᠷᠠᠭ᠎ᠠ ᠳᠤ 2.5~5ml ᠤᠨ ᠬᠡᠮᠵᠢᠶ᠎ᠡ ᠪᠠᠷ ᠲᠠᠷᠢᠯᠭ᠎ᠠ ᠬᠢᠵᠤ᠂ ᠡᠮᠴᠢᠯᠡᠨ ᠵᠠᠰᠠᠬᠤ ᠲᠠᠷᠢᠯᠭ᠎ᠠ ᠬᠢᠬᠦ ᠭᠡᠪᠡᠯ ᠬᠡᠮᠵᠢᠶ᠎ᠡ ᠶᠢ ᠨᠢ ᠨᠢᠭᠡ ᠲᠠᠬᠢᠨ ᠢᠶᠠᠷ ᠨᠡᠮᠡᠭᠳᠡᠭᠦᠯᠵᠤ ᠠᠷᠠᠰᠤᠨ ᠳᠤᠤᠷ᠎ᠠ ᠨᠢ ᠲᠠᠷᠢᠨ᠎ᠠ᠃ ᠬᠡᠷᠪᠡ ᠨᠢᠭᠡᠨᠳᠡ ᠢᠳᠡᠭᠡᠳᠤ ᠴᠥᠪᠥᠷᠢᠭᠦᠦ ᠪᠤᠯᠤᠭᠰᠠᠨ ᠪᠤᠯ ᠬᠡᠮᠵᠢᠶ᠎ᠡ ᠶᠢ ᠨᠢ ᠪᠠᠰᠠ ᠶᠡᠬᠡᠰᠬᠡᠵᠤ ᠪᠤᠯᠤᠨ᠎ᠠ᠃ ᠬᠡᠷᠪᠡ ᠡᠭᠡᠭᠡᠯᠯᠡᠪᠥᠷᠢ ᠶᠢᠨ ᠴᠢᠰᠤᠨ ᠴᠠᠶᠢᠪᠠᠩ ᠬᠡᠷᠡᠭᠯᠡᠪᠡᠯ ᠥᠷ᠎ᠡ ᠪᠥᠳᠥᠮᠵᠢ ᠨᠢ ᠤᠯᠠᠮ ᠰᠠᠶᠢᠨ ᠪᠠᠶᠢᠳᠠᠭ᠃ ᠪᠠᠺᠲ᠋ᠧᠷᠢ ᠡᠰᠡᠷᠭᠦᠴᠡᠬᠦ ᠡᠮ ᠨᠢ ᠴᠡᠴᠡᠭ ᠡᠪᠡᠳᠴᠢᠨ ᠳᠤ ᠦᠢᠯᠡᠳᠦᠯ ᠦᠭᠡᠢ᠂ ᠭᠡᠪᠡᠴᠤ ᠥᠷᠭᠦᠯᠵᠢᠯᠡᠨ ᠬᠤᠶᠠᠳᠠᠭᠴᠢ ᠴᠢᠨᠠᠷᠳᠠᠢ ᠬᠠᠯᠳᠠᠪᠤᠷᠢ ᠡᠭᠦᠰᠬᠦ ᠶᠢ ᠰᠡᠷᠭᠡᠶᠢᠯᠡᠵᠤ ᠳᠡᠶᠢᠯᠬᠦ ᠪᠤᠯᠬᠤᠷ ᠪᠤᠳᠠᠳᠠᠢ ᠪᠠᠶᠢᠳᠠᠯ ᠢᠶᠠᠨ ᠥᠨᠳᠥᠰᠥᠯᠡᠵᠤ ᠵᠤᠬᠢᠰᠳᠠᠢ ᠬᠡᠷᠡᠭᠯᠡᠵᠤ ᠪᠤᠯᠤᠨ᠎ᠠ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠲᠤᠨ