ᠣᠲᠤᠭ ᠬᠤᠰᠢᠭᠤᠨ ᠤ ᠮᠧᠩ ᠰᠢ ᠪᠠᠯᠭᠠᠰᠤᠨ ᠤ ᠲᠣᠰᠬᠤᠨ ᠤ ᠲᠦᠷᠢᠮ ᠠᠷᠠᠳ ᠤᠨ ᠭᠡᠷ᠎ᠡ ᠪᠣᠯᠪᠠᠰᠤᠨ ᠨᠤᠲᠤᠭ ᠤᠨ ᠰᠤᠷᠲᠠᠯ ᠪᠦᠷᠢᠯᠳᠦᠭᠦᠯᠪᠡ
ᠨᠡᠶᠢᠲᠡᠯᠡᠭᠰᠡᠨ ᠴᠠᠭ᠄
2021/9/14
     ᠣᠶᠢᠷ᠎ᠠ ᠳᠤ᠂ ᠣᠲᠤᠭ ᠬᠤᠰᠢᠭᠤᠨ ᠤ ᠮᠧᠩ ᠰᠢ ᠪᠠᠯᠭᠠᠰᠤ ᠰᠠᠶᠢᠨ ᠰᠠᠶᠢᠬᠠᠨ ᠨᠤᠲᠤᠭ ᠤᠨ ᠰᠤᠷᠲᠠᠯ ᠤᠨ ᠰᠠᠭᠤᠷᠢ ᠳᠠᠭᠠᠨ ᠲᠦᠰᠢᠭᠯᠡᠨ᠂ ︽ᠨᠢᠭᠡ ᠳᠦᠷᠢᠮ ᠨᠢᠭᠡ ᠰᠦᠯᠵᠢᠶ᠎ᠡ ᠭᠤᠷᠪᠠᠨ ᠪᠦᠯᠬᠦᠮ ᠲᠤᠯᠤᠭᠠᠨ ᠠᠩᠭᠢ︾ ᠪᠠᠷ ᠭᠠᠷᠳᠠᠴᠠ ᠪᠣᠯᠭᠠᠵᠤ᠂ ︽ᠨᠠᠮ ᠤᠨ ᠪᠠᠶᠢᠭᠤᠯᠤᠯᠲᠠ ᠪᠠᠷ ᠬᠥᠲᠥᠯᠥᠨ ᠳᠠᠭᠠᠭᠤᠯᠬᠤ᠂ ᠭᠤᠷᠪᠠ ᠶᠢ ᠵᠠᠰᠠᠵᠤ ᠠᠭᠤᠰᠤᠯᠴᠠᠭᠤᠯᠬᠤ᠂ ᠤᠶᠤᠨᠴᠢ ᠪᠠᠷ ᠠᠵᠢᠯᠯᠠᠵᠤ᠂ ᠪᠣᠬᠢᠷᠲᠤᠯ ᠥᠬᠡᠶ ᠪᠠᠷ ᠬᠥᠭᠵᠢᠨ ᠮᠠᠨᠳᠤᠬᠤ︾ ᠬᠥᠳᠡᠭᠡ ᠲᠣᠰᠬᠤᠨ ᠤ ᠵᠠᠰᠠᠯᠲᠠ ᠶᠢᠨ ᠲᠤᠷᠰᠢᠯᠲᠠ ᠶᠢᠨ ᠴᠡᠭ ᠤᠨ ᠪᠠᠶᠢᠭᠤᠯᠤᠯᠲᠠ ᠶᠢ ᠡᠬᠢᠯᠡᠭᠦᠯᠵᠦ᠂ ᠡᠩ ᠲᠡᠷᠢᠭᠦᠨ ᠳᠤ ᠣᠷᠴᠢᠨ ᠲᠣᠭᠤᠷᠢᠨ ᠤ ᠡᠷᠡᠭᠦᠯ ᠬᠠᠮᠠᠭᠠᠯᠠᠯ᠂ ᠨᠡᠶᠢᠭᠡᠮ ᠤᠨ ᠠᠮᠤᠷ ᠲᠦᠪᠰᠢᠨ᠂ ᠬᠠᠮᠲᠤ ᠶᠢᠨ ᠠᠰᠢᠭ ᠲᠤᠰᠠ᠂ ᠲᠣᠰᠬᠤᠨ ᠤ ᠰᠤᠷᠲᠠᠯ ᠠᠷᠠᠳ ᠤᠨ ᠵᠠᠩ ᠦᠶᠯᠡ᠂ ᠣᠷᠤᠭ ᠬᠡᠷ ᠪᠦᠯᠢ᠂ ᠬᠥᠷᠰᠢ ᠵᠡᠷᠭᠡᠯᠡᠳᠡᠭᠡ ᠶᠢᠨ ᠬᠠᠷᠢᠴᠠᠭ᠎ᠠ᠂ ᠭᠠᠵᠠᠷ ᠰᠢᠷᠣᠶ ᠶᠢᠨ ᠬᠠᠮᠢᠶᠠᠷᠤᠯᠲᠠ᠂ ᠲᠡᠷᠢᠭᠦᠨ ᠤ ᠬᠢ ᠶᠢ ᠤᠷᠮᠠᠰᠢᠭᠤᠯᠬᠤ ᠵᠡᠷᠭᠡ ᠨᠠᠶᠢᠮᠠᠨ ᠲᠠᠯ᠎ᠠ ᠠᠴᠠ ᠭᠠᠷᠳᠠᠨ᠂ ᠲᠣᠰᠬᠤᠨ ᠤ ᠲᠦᠷᠢᠮ ᠠᠷᠠᠳ ᠤᠨ ᠭᠡᠷ᠎ᠡ ᠳᠤ ᠪᠥᠬᠦ ᠲᠠᠯ᠎ᠠ ᠪᠠᠷ ᠵᠠᠰᠠᠪᠤᠷᠢ ᠣᠷᠣᠭᠤᠯᠵᠤ᠂ ᠬᠠᠭᠤᠴᠢᠨ ᠲᠦᠷᠢᠮ ᠪᠣᠯᠬᠢ ᠳᠠᠳᠬᠠᠯ ᠢ ᠠᠯᠬᠤᠮ ᠠᠯᠬᠤᠮ ᠢᠶᠠᠷ ᠦᠭᠡᠷᠡᠴᠢᠯᠡᠵᠦ᠂ ᠰᠠᠶᠢᠨ ᠰᠠᠶᠢᠬᠠᠨ ᠨᠤᠲᠤᠭ ᠤᠨ ᠰᠤᠷᠲᠠᠯ ᠠᠷᠠᠳ ᠤᠨ ᠳᠠᠳᠬᠠᠯ ᠢ ᠪᠦᠷᠢᠯᠳᠦᠭᠦᠯᠪᠡ᠃ ᠲᠣᠰᠬᠤᠨ ᠳᠤ ᠰᠠᠭᠤᠭ᠎ᠠ ᠠᠵᠢᠯᠯᠠᠬᠤ ᠠᠩᠭᠢ ᠨᠢ ᠭᠠᠴᠠᠭ᠎ᠠ ᠲᠣᠰᠬᠤᠨ ᠤ ︽ᠡᠭᠦᠷ ᠵᠥᠪᠯᠡᠯ︾᠂ ᠬᠢᠨᠠᠨ ᠪᠠᠶᠢᠴᠠᠭᠠᠬᠤ ᠵᠥᠪᠯᠡᠯ᠂ ᠬᠤᠷᠢᠶᠠᠨ ᠳᠠᠷᠤᠭ᠎ᠠ ᠪᠣᠯᠤᠨ ᠲᠣᠰᠬᠤᠨ ᠤ ᠠᠷᠠᠳ ᠤᠨ ᠲᠥᠯᠥᠭᠡᠯᠡᠭᠴᠢ ᠲᠠᠢ ᠬᠠᠮᠲᠤ ᠳᠠᠬᠢᠨ ᠳᠠᠪᠲᠠᠨ ᠨᠡᠪᠲᠡᠷᠡᠯᠴᠡᠵᠦ᠂ ᠤᠷᠢᠳ ᠬᠤᠵᠢᠳ 10 ᠭᠠᠷᠤᠶ ᠤᠳᠠᠭ᠎ᠠ ᠵᠠᠰᠠᠪᠤᠷᠢ ᠤᠷᠤᠭᠤᠯᠤᠨ᠂ ᠡᠴᠦᠰ ᠲᠡᠭᠡᠨ ᠳᠥᠭᠦᠮ ᠳᠥᠲᠡ᠂ ᠪᠣᠳᠠᠲᠠᠶ ᠶᠢ ᠡᠷᠬᠢᠮᠯᠡᠭᠰᠡᠨ᠂ ᠲᠡᠮᠳᠡᠭᠯᠡᠬᠦ ᠳᠤ ᠬᠢᠯᠪᠠᠷ ᠲᠣᠰᠬᠤᠨ ᠤ ᠲᠣᠭᠲᠠᠭᠠᠯ ᠠᠷᠠᠳ ᠤᠨ ᠭᠡᠷ᠎ᠡ ᠶᠢᠨ ᠨᠠᠶᠢᠮᠠᠨ ᠵᠤᠷᠪᠤᠰ ᠲᠣᠭᠲᠠᠭᠠᠯ ᠢ ᠪᠦᠷᠢᠯᠳᠦᠭᠦᠯᠪᠡ᠃
ᠢᠷᠡᠯᠲᠡ᠄ ᠤᠲᠤᠭ ᠬᠤᠰᠢᠭᠤᠨ ᠤ ᠮᠧᠩ ᠰᠢ ᠪᠠᠯᠭᠠᠰᠤ