ᠪᠠᠩᠭᠢ ᠶᠢᠨ ᠺᠠᠷᠲ ᠤᠨ ᠮᠡᠬᠡᠯᠡᠯ ᠠᠴᠠ ᠬᠢᠴᠢᠶᠡᠭᠡᠷᠡᠢ︕
ᠨᠡᠶᠢᠲᠡᠯᠡᠭᠰᠡᠨ ᠴᠠᠭ᠄
2021/9/16
     ᠵᠢᠯ ᠴᠠᠭᠠᠨ ᠰᠠᠷ᠎ᠠ ᠤᠶᠢᠢᠷᠠᠳᠤᠬᠤ ᠶᠢ ᠳᠠᠭᠠᠯᠳᠤᠨ᠂ ᠬᠦᠮᠦᠰ ᠤᠨ ᠬᠡᠷᠡᠭᠯᠡᠭᠡ ᠴᠤ ᠬᠦᠭᠵᠢᠶᠠᠨ ᠲᠠᠢ ᠪᠤᠯᠪᠠ᠃ ᠤᠳᠤ ᠬᠦᠮᠦᠰ ᠤᠨ ᠡᠳᠤᠷ ᠲᠤᠳᠤᠮ ᠤᠨ ᠬᠡᠷᠡᠭᠯᠡᠭᠡ ᠳᠤ ᠪᠠᠩᠬᠢ ᠶᠢᠨ ᠺᠠᠷᠲ ᠠᠴᠠ ᠰᠠᠯᠵᠤ ᠴᠢᠳᠡᠬᠤ ᠦᠬᠡᠢ᠃ ᠬᠠᠤᠯᠢ ᠪᠤᠰᠤ ᠡᠳᠡᠭᠡᠳ ᠴᠤ ᠡᠨᠡᠭᠦ ᠤᠨᠴᠠᠭᠠᠢ ᠴᠠᠭ ᠳᠤᠬᠢᠶᠠᠯ ᠢ ᠠᠮᠵᠢᠨ ᠪᠠᠩᠬᠢ ᠶᠢᠨ ᠺᠠᠷᠲ ᠲᠠᠢ ᠬᠤᠯᠪᠤᠬᠳᠠᠬᠰᠠᠨ ᠡᠯ᠎ᠠ ᠵᠦᠢᠯ ᠤᠨ ᠮᠡᠭᠡᠯᠡᠯ ᠤᠨ ᠠᠵᠢᠯᠯᠠᠭ᠎ᠠ ᠬᠢᠵᠤ ᠪᠠᠶᠢᠬᠤ ᠶᠢ ᠦᠷᠬᠡᠨ ᠤᠯᠠᠨ ᠬᠡᠷᠡᠭᠯᠡᠭᠴᠢᠳ ᠠᠩᠬᠠᠷᠤᠯ ᠳᠠᠭᠠᠨ ᠠᠪᠤᠪᠠᠯ ᠵᠤᠬᠢᠨ᠎ᠠ᠃ ᠡᠭᠦᠨ ᠳᠤ᠂ ᠭᠤᠸᠠᠩ ᠳ᠋ᠠ ᠪᠠᠩᠬᠢ ᠶᠢᠨ ᠬᠤᠯᠪᠤᠭᠳᠠᠯ ᠪᠦᠬᠦᠢ ᠳᠤᠰᠬᠠᠢ ᠮᠡᠷᠭᠡᠵᠢᠯᠳᠠᠨ ᠠᠴᠠ ᠬᠠᠦᠯᠢ ᠪᠤᠰᠤ ᠡᠳᠡᠭᠡᠳ ᠤᠨ ᠮᠡᠭᠡᠯᠡᠯ ᠤᠨ ᠠᠷᠭ᠎ᠠ ᠪᠠᠰᠢᠷ ᠢ ᠳ᠋ᠦᠩᠨᠡᠨ ᠭᠠᠷᠭᠠᠵᠤ᠂ ᠬᠡᠷᠡᠭᠯᠡᠭᠴᠢᠳ ᠤᠨ ᠪᠠᠩᠬᠢ ᠶᠢᠨ ᠺᠠᠷᠲ ᠬᠡᠷᠡᠭᠯᠡᠬᠦ ᠦᠶ᠎ᠠ ᠳᠤ ᠠᠩᠬᠠᠷᠬᠤ ᠴᠢᠬᠤᠯᠠᠳᠠᠢ ᠵᠠᠷᠢᠮ ᠵᠦᠢᠯ ᠵᠤᠷᠪᠤᠰ ᠢ ᠰᠠᠨᠠᠭᠤᠯᠤᠬᠰᠠᠨ ᠪᠠᠶᠢᠨ᠎ᠠ᠃      ᠮᠡᠭᠡᠯᠡᠯ 1᠄ ᠪᠠᠩᠭᠢ ᠶᠢᠨ ᠠᠯᠪᠠᠨ ᠤ ᠳᠠᠯ᠎ᠠ ᠶᠢᠨ ᠤᠳᠠᠰᠤᠨ ᠨᠤᠮᠧᠷ ᠢᠶᠠᠷ ᠮᠡᠭᠡᠯᠡᠯ ᠤᠨ ᠰᠦᠯᠵᠢᠶᠡᠨ ᠤ ᠬᠠᠶ᠋ᠢᠭ ᠢ ᠳᠠᠮᠵᠢᠭᠤᠯᠬᠤ      ᠲᠤᠳᠤᠭᠠᠳᠤ ᠶᠢ ᠬᠠᠮᠠᠭᠠᠯᠠᠬᠤ ᠰᠠᠯᠠᠭ᠎ᠠ ᠮᠦᠴᠢᠷ ᠤᠨ ᠳ᠋ᠦᠩᠨᠡᠭᠰᠡᠨ ᠢᠶᠠᠷ᠂ ᠭᠠᠷ ᠤᠳᠠᠰᠤ ᠪᠤᠯᠤᠨ ᠢᠨᠲ᠋ᠧᠷ ᠰᠦᠯᠵᠢᠶ᠎ᠠ ᠪᠠᠷ ᠳᠠᠮᠵᠢᠨ ᠬᠢᠭᠰᠡᠨ ᠪᠠᠩᠬᠢ ᠶᠢᠨ ᠺᠠᠷᠲ ᠤᠨ ᠮᠡᠭᠡᠯᠡᠯ ᠤᠨ ᠬᠡᠷᠡᠭ ᠲᠤ᠂ ᠬᠠᠦᠯᠢ ᠪᠤᠰᠤ ᠰᠦᠯᠵᠢᠶᠠᠨ ᠦᠷᠳᠡᠭᠡ ᠶᠢ ᠠᠰᠢᠬᠯᠠᠨ ︽ᠪᠠᠩᠬᠢ ᠶᠢᠨ ᠠᠯᠪᠠᠨ ᠤ ᠳᠠᠯ᠎ᠠ ᠶᠢᠨ ᠤᠳᠠᠰᠤᠨ ᠨᠤᠮᠧᠷ ᠢᠶᠠᠷ ᠬᠠᠭᠤᠷᠮᠠᠬᠯᠠᠨ ᠮᠡᠭᠡᠯᠡᠯ ᠤᠨ ᠰᠦᠯᠵᠢᠶᠡᠨ ᠬᠠᠶ᠋ᠢᠭ︾ ᠤᠨ ᠴᠡᠬᠢᠮ ᠮᠡᠳᠡᠭᠡ ᠶᠢ ᠪᠦᠬᠡᠮ ᠢᠶᠠᠷ ᠳᠠᠮᠵᠢᠭᠤᠯᠵᠤ ᠬᠡᠷᠡᠭᠯᠡᠭᠴᠢᠳ ᠢ ᠮᠡᠬᠡᠯᠡᠬᠦ ᠪᠠᠷ ᠭᠤᠤᠯ ᠪᠤᠯᠭᠠᠳᠠᠭ᠃ ᠡᠶᠢᠮᠦᠷᠬᠦ ᠴᠠᠬᠢᠮ ᠮᠡᠳᠡᠭᠡ ᠳᠤ ᠮᠡᠬᠡᠯᠡᠭᠳᠡᠵᠤ ᠦᠩᠬᠡᠷᠡᠭᠰᠡᠨ ᠸᠠᠩ ᠠᠪᠠᠭ᠋ᠠᠢ ᠲᠠᠷᠤᠢ ︽96︾ ᠪᠠᠷ ᠡᠬᠢᠯᠡᠬᠦᠯᠦᠭᠰᠡᠨ ᠪᠠᠩᠬᠢ ᠶᠢᠨ ᠠᠯᠪᠠᠨ ᠲᠠᠯ᠎ᠠ ᠶᠢᠨ ᠨᠤᠮᠧᠷ ᠠᠴᠠ ᠢᠷᠡᠭᠦᠯᠦᠭᠰᠡᠨ ︽ᠪᠠᠩᠬᠢ ᠶᠢᠨ ᠺᠠᠷᠲ ᠵᠢᠷᠤᠵᠤ ᠬᠡᠷᠡᠭᠯᠡᠭᠡ ᠬᠢᠭᠰᠡᠨ ᠬᠤᠪᠢ ᠪᠠᠷ ᠪᠡᠯᠡᠭ ᠰᠤᠯᠢᠬᠤ︾ ᠴᠡᠬᠢᠮ ᠮᠡᠳᠡᠭᠡ ᠶᠢ ᠲᠤᠰᠴᠤ ᠤᠯᠤᠬᠰᠠᠨ ᠤ ᠲᠠᠷᠠᠭ᠎ᠠ ᠬᠠᠦᠯᠢ ᠪᠤᠰᠤ ᠡᠳᠡᠭᠡᠳ ᠲᠤ ᠮᠡᠬᠡᠯᠡᠭᠳᠡᠵᠤ ᠲᠡᠳᠡᠨ ᠤ ᠬᠡᠯᠡᠵᠤ ᠦᠭᠬᠦᠭᠰᠡᠨ ᠰᠦᠯᠵᠢᠶᠡᠨ ᠦᠷᠳᠡᠭᠡ ᠶᠢ ᠨᠡᠬᠡᠭᠡᠭᠰᠡᠨ ᠠᠴᠠ ᠪᠤᠯᠵᠤ ᠵᠤᠭᠤᠰ ᠢᠶᠠᠨ ᠮᠡᠭᠡᠯᠡᠭᠳᠡᠭᠰᠡᠨ ᠶᠤᠮ᠃ ᠤᠯᠠᠩᠬᠢ ᠬᠦᠮᠦᠰ ᠡᠶᠢᠮᠦᠷᠬᠦ ᠴᠠᠬᠢᠮ ᠮᠡᠳᠡᠭᠡ ᠶᠢ ᠢᠳᠡᠭᠡᠳᠡᠭ᠂ ᠤᠴᠢᠷ ᠨᠢ x x ᠪᠠᠩᠬᠢ ᠶᠢᠨ ᠨᠠᠷ᠎ᠠ ᠪᠠᠷ ᠢᠷᠡᠬᠦᠯᠦᠭᠰᠡᠨ ᠪᠠᠶᠢᠳᠠᠭ᠃      ᠳᠤᠰᠬᠠᠢ ᠮᠡᠷᠭᠡᠵᠢᠯᠳᠡᠨ ᠤ ᠰᠠᠨᠠᠭᠤᠯᠭ᠎ᠠ᠄ ᠬᠡᠷᠡᠭᠯᠡᠭᠴᠢᠳ ᠬᠡᠷᠪᠡ ᠡᠶᠢᠮᠦᠷᠭᠦ ᠦᠨᠡᠨ ᠬᠤᠳᠠᠯ ᠢ ᠨᠢ ᠢᠯᠭᠠᠬᠤ ᠳᠤ ᠬᠦᠴᠢᠷᠳᠠᠢ ᠴᠠᠬᠢᠮ ᠮᠡᠳᠡᠭᠡ ᠶᠢ ᠲᠤᠰᠴᠤ ᠤᠯᠪᠠᠯ᠂ ᠬᠤᠯᠪᠤᠭᠳᠠᠯ ᠪᠦᠬᠦᠢ ᠪᠠᠩᠬᠢ ᠶᠢᠨ ᠠᠯᠪᠠᠨ ᠤ ᠳᠠᠯ᠎ᠠ ᠶᠢᠨ ᠦᠯᠡᠴᠢᠯᠡᠭᠡᠨ ᠤ ᠬᠠᠯᠠᠮᠰᠢᠯ ᠤᠳᠠᠰᠤ ᠶᠢ ᠤᠳᠠᠰᠤᠳᠠᠵᠤ ᠯᠠᠪᠯᠠᠵᠤ ᠪᠤᠯᠤᠨ᠎ᠠ᠃ ᠬᠠᠷᠢᠨ ᠰᠤᠬᠤᠷ ᠪᠡᠯᠡᠢ ᠪᠠᠷ ᠴᠠᠬᠢᠮ ᠮᠡᠳᠡᠭᠡ ᠳᠤ ᠬᠡᠯᠡᠵᠤ ᠦᠭᠬᠦᠭᠰᠡᠨ ᠰᠦᠯᠵᠢᠶᠠᠨ ᠦᠷᠳᠡᠭᠡ ᠶᠢ ᠢᠳᠡᠬᠡᠵᠤ ᠦᠪᠡᠷ ᠤᠨ ᠬᠤᠪᠢ ᠬᠦᠮᠦᠨ ᠤ ᠮᠡᠳᠡᠭᠡ ᠵᠠᠩᠬᠢ ᠪᠠᠨ ᠵᠠᠳᠠᠷᠠᠭᠤᠯᠬᠤ ᠪᠤᠯᠬᠤ ᠦᠬᠡᠢ᠃      ᠮᠡᠭᠡᠯᠡᠯ 2᠄ ᠦᠢᠯᠡᠴᠢᠯᠡᠭᠴᠢ ᠶᠢ ᠤᠷᠤᠯᠠᠭᠤᠯᠤᠨ ︽ᠮᠦᠩᠭᠦ ᠶᠢ ᠴᠢᠨᠢ ᠪᠤᠴᠠᠭᠠᠬᠤ︾ ᠨᠠᠷ᠎ᠠ ᠪᠠᠷ ᠮᠡᠭᠡᠯᠡᠯ ᠤᠨ ᠰᠦᠯᠵᠢᠶᠡᠨ ᠬᠠᠶ᠋ᠢᠭ ᠬᠠᠩᠭᠠᠵᠤ ᠪᠠᠩᠬᠢ ᠶᠢᠨ ᠺᠠᠷᠲ ᠤᠨ ᠵᠤᠭᠤᠰ ᠢ ᠮᠡᠬᠡᠯᠡᠬᠦ      ᠮᠡᠭᠡᠯᠡᠭᠴᠢᠳ ᠰᠦᠯᠵᠢᠶᠡᠨ ᠳᠡᠯᠭᠡᠭᠦᠷ ᠤᠨ ᠦᠢᠯᠡᠴᠢᠯᠡᠭᠴᠢ ᠪᠠᠷ ᠤᠪᠯᠠᠨ ᠬᠡᠷᠡᠭᠯᠡᠭᠴᠢᠳ ᠲᠤ ᠤᠳᠠᠰᠤᠳᠠᠨ᠂ ᠪᠠᠷᠠᠭ᠎ᠠ ᠶᠢᠨ ᠬᠠᠩᠭᠠᠯᠳᠠ ᠬᠦᠢᠴᠡᠳ ᠦᠬᠡᠢ ᠪᠤᠯᠬᠤᠷ ᠬᠡᠷᠡᠭᠯᠡᠭᠴᠢ ᠶᠢ ᠢᠳᠡᠭᠡᠮᠵᠢ ᠶᠢᠨ ᠺᠠᠷᠲ ᠤᠨ ᠨᠤᠮᠧᠷ᠂ ᠪᠠᠩᠬᠢ ᠶᠢᠨ ᠺᠠᠲ ᠢ ᠬᠡᠷᠡᠭᠯᠡᠵᠤ ᠪᠤᠯᠬᠤ ᠬᠤᠭᠤᠴᠠᠭ᠎ᠠ᠂ CVV2 ᠨᠤᠮᠧᠷ ᠵᠡᠷᠭᠡ ᠮᠡᠳᠡᠭᠡ ᠵᠠᠩᠬᠢ ᠪᠠᠨ ᠬᠠᠩᠭᠠᠬᠤ ᠶᠢ ᠱᠠᠭᠠᠷᠳᠠᠳᠠᠭ ᠮᠦᠷᠳᠡᠬᠡᠨ ᠮᠡᠭᠡᠯᠡᠯ ᠤᠨ ᠰᠦᠯᠵᠢᠶᠠᠨ ᠬᠠᠶ᠋ᠢᠭ ᠦᠭᠴᠤ ᠲᠡᠳᠡᠨ ᠢ ᠪᠠᠩᠬᠢ ᠶᠢᠨ ᠺᠠᠷᠲ ᠤᠨ ᠮᠡᠳᠡᠭᠡ ᠵᠠᠩᠬᠢ ᠶᠢ ᠬᠠᠩᠭᠠᠯᠭᠠᠵᠤ ᠪᠠᠩᠬᠢ ᠶᠢᠨ ᠺᠠᠷᠲ ᠤᠨ ᠵᠤᠭᠤᠰ ᠢ ᠨᠢ ᠮᠡᠬᠡᠯᠡᠨ ᠠᠪᠳᠠᠭ᠃      ᠳᠤᠰᠬᠠᠢ ᠮᠡᠷᠭᠡᠵᠢᠯᠳᠡᠨ ᠤ ᠰᠠᠨᠠᠭᠤᠯᠭ᠎ᠠ᠄ ᠵᠠᠷᠢᠮ ᠬᠠᠤᠯᠢ ᠪᠤᠰᠤ ᠡᠳᠡᠭᠡᠳ ᠠᠴᠠ ᠬᠠᠭᠤᠴᠢᠨ ᠬᠠᠮᠳᠤ ᠰᠤᠷᠤᠯᠭᠠᠳᠠᠨ᠂ ᠬᠠᠭᠤᠴᠢᠨ ᠲᠠᠨᠢᠯ ᠢᠶᠠᠷ ᠤᠪᠯᠠᠵᠤ ᠬᠠᠭᠤᠷᠮᠠᠭ ᠵᠢᠷᠤᠭ ᠰᠡᠭᠦᠳᠡᠷ ᠶᠠᠪᠤᠭᠤᠯᠤᠨ᠂ ᠤᠷᠳᠤ ︽ᠤᠷᠬ᠎ᠠ ︾ ᠲᠠᠯᠪᠢᠵᠤ᠂ ᠲᠡᠳᠡᠨ ᠤ ᠢᠳᠡᠬᠡᠯ ᠢ ᠤᠯᠤᠬᠰᠠᠨ ᠤ ᠲᠠᠷᠠᠭ᠎ᠠ ᠮᠡᠬᠡᠯᠡᠯ ᠤᠨ ᠰᠦᠯᠵᠢᠶᠠᠨ ᠦᠷᠳᠡᠭᠡ ᠬᠠᠩᠭᠠᠵᠤ ᠬᠤᠪᠢ ᠬᠦᠮᠦᠨ ᠤ ᠮᠡᠳᠡᠭᠡ ᠵᠠᠩᠬᠢ ᠶᠢ ᠨᠢ ᠮᠡᠬᠡᠯᠡᠨ ᠠᠪᠴᠤ ᠪᠠᠩᠬᠢ ᠶᠢᠨ ᠺᠠᠷᠲ ᠤᠨ ᠵᠤᠭᠤᠰ ᠮᠦᠩᠭᠦ ᠶᠢ ᠨᠢ ᠬᠤᠯᠠᠭᠠᠶᠢᠢᠯᠠᠵᠤ ᠠᠪᠳᠠᠭ᠃ ᠡᠶᠢᠮᠦ ᠠᠴᠠ ᠦᠷᠬᠡᠨ ᠤᠯᠠᠨ ᠬᠡᠷᠡᠭᠯᠡᠭᠴᠢᠳ ᠡᠶᠢᠮᠦᠷᠬᠦ ᠪᠠᠶᠢᠳᠠᠯ ᠬᠠᠷᠭᠤᠪᠠᠯ ᠬᠠᠭᠤᠴᠢᠨ ᠲᠠᠨᠢᠯ ᠪᠤᠶᠤ ᠬᠠᠮᠳᠤ ᠰᠤᠷᠤᠯᠭᠠᠳᠠᠨ ᠲᠠᠢ ᠪᠠᠨ ᠬᠠᠷᠢᠴᠠᠵᠤ ᠦᠨᠡᠨ ᠬᠤᠳᠠᠯ ᠢ ᠢᠯᠭᠠᠵᠤ ᠪᠤᠯᠤᠨ᠎ᠠ᠃      ᠮᠡᠭᠡᠯᠡᠯ 3᠄ ᠸᠢᠴᠠᠲ ᠤᠨ ︽ᠤᠯᠠᠭᠠᠨ ᠪᠠᠭᠯᠠᠭ᠎ᠠ︾ ᠳᠤ ᠮᠡᠭᠡᠯᠡᠯ ᠤᠨ ᠰᠦᠯᠵᠢᠶᠡᠨ ᠬᠠᠶ᠋ᠢᠭ ᠢ ᠶᠠᠪᠤᠭᠤᠯᠬᠤ      ᠬᠠᠤᠯᠢ ᠪᠤᠰᠤ ᠡᠳᠡᠭᠡᠳ ᠸᠢᠴᠠᠲ ᠤᠨ ᠤᠯᠠᠭᠠᠨ ᠪᠠᠭᠯᠠᠭ᠎ᠠ ᠶᠠᠪᠤᠭᠤᠯᠬᠤ ᠳᠠᠭᠠᠨ ᠮᠡᠭᠡᠯᠡᠯ ᠤᠨ ᠰᠦᠯᠵᠢᠶᠡᠨ ᠬᠠᠶ᠋ᠢᠭ ᠢ ᠰᠢᠬᠢᠳᠭᠡᠨ ᠶᠠᠪᠤᠭᠤᠯᠵᠤ᠂ ᠬᠡᠷᠡᠭᠯᠡᠭᠴᠢ ᠴᠦᠷᠭᠡᠯᠡᠭᠡ ᠶᠢ ᠨᠡᠭᠡᠭᠡᠭᠦ ᠲᠠᠢ ᠵᠡᠷᠭᠡ ᠳᠡᠭᠦᠨ ᠤ ᠬᠤᠯᠪᠤᠭᠳᠠᠯ ᠪᠦᠬᠦᠢ ᠬᠤᠪᠢ ᠬᠦᠮᠦᠨ ᠤ ᠮᠡᠳᠡᠭᠡ ᠵᠠᠩᠬᠢ ᠶᠢ ᠬᠤᠯᠠᠭᠠᠶᠢᠢᠯᠠᠳᠠᠭ ᠪᠠᠶᠢᠨ᠎ᠠ᠃ ᠡᠭᠦᠨ ᠠᠴᠠ ᠭᠠᠳᠠᠨ᠎ᠠ᠂ ᠬᠠᠤᠯᠢ ᠪᠤᠰᠤ ᠡᠳᠡᠭᠡᠳ ᠬᠦᠮᠦᠨ ᠤᠯᠠᠨᠳᠠᠢ ᠸᠢᠴᠠᠲ ᠤᠨ ᠬᠤᠯᠪᠤᠭ᠎ᠠ ᠶᠢᠨ ᠳᠤᠮᠳᠠ ᠨᠢᠭᠤᠭᠳᠠᠨ᠂ ᠮᠡᠭᠡᠯᠡᠯ ᠤᠨ ᠰᠦᠯᠵᠢᠶᠡᠨ ᠤ ᠬᠠᠶ᠋ᠢᠭ ᠢ ᠵᠤᠭᠤᠰ ᠤᠨ ᠤᠯᠠᠭᠠᠨ ᠪᠠᠭᠯᠠᠭ᠎ᠠ ᠳᠤᠳᠤᠷ᠎ᠠ ᠰᠢᠬᠢᠳᠭᠡᠨ ᠶᠠᠪᠤᠭᠤᠯᠵᠤ᠂ ᠬᠡᠷᠡᠭᠯᠡᠭᠴᠢ ᠶᠢᠨ ᠮᠡᠳᠡᠭᠡ ᠵᠠᠩᠬᠢ ᠶᠢ ᠬᠤᠯᠠᠭᠠᠶᠢᠢᠯᠠᠳᠠᠭ᠃      ᠳᠤᠰᠬᠠᠢ ᠮᠡᠷᠭᠡᠵᠢᠯᠳᠡᠨ ᠤ ᠰᠠᠨᠠᠭᠤᠯᠭ᠎ᠠ᠄ ᠦᠷᠬᠡᠨ ᠤᠯᠠᠨ ᠬᠡᠷᠡᠭᠯᠡᠭᠴᠢᠳ ᠵᠢᠭᠠᠬᠠᠨ ᠤᠯᠵᠠ ᠳᠤ ᠲᠤᠷᠠᠯᠠᠵᠤ ᠸᠢᠴᠡᠲ ᠢᠶᠠᠷ ᠢᠯᠠᠷᠡᠬᠦᠯᠦᠭᠰᠡᠨ ᠤᠯᠠᠭᠠᠨ ᠪᠠᠭᠯᠠᠭ᠎ᠠ ᠪᠤᠯᠭᠠᠨ ᠢ ᠲᠤᠷ᠎ᠠ ᠪᠠᠷ ᠢᠶᠠᠨ ᠬᠦᠯᠢᠶᠡᠨ ᠠᠪᠴᠤ ᠪᠤᠯᠬᠤ ᠦᠬᠡᠢ᠂ ᠢᠯᠠᠩᠭᠤᠶ᠎ᠠ ᠳᠠᠨᠢᠯ ᠪᠤᠰᠤ ᠬᠦᠮᠤᠨ ᠤ ᠲᠠᠷᠬᠠᠭᠠᠬᠰᠠᠨ ᠢᠷᠡᠯᠳᠡ ᠳᠤᠳᠤ ᠦᠭᠡᠢ ᠴᠦᠷᠭᠡᠯᠡᠭᠡ ᠪᠤᠯᠤᠨ ︽ᠤᠯᠠᠭᠠᠨ ᠪᠠᠭᠯᠠᠭ᠎ᠠ︾ ᠶᠢ ᠨᠡᠭᠡᠭᠡᠵᠤ ᠪᠤᠯᠬᠤ ᠦᠭᠡᠢ᠃      ᠮᠡᠭᠡᠯᠡᠯ 4᠄ ︽ᠳᠠᠭᠤᠷᠢᠶᠠᠮᠠᠯ︾ ᠸᠢᠴᠠᠲ ᠤᠨ ᠤᠯᠠᠨ ᠨᠡᠶᠢᠳᠡ ᠶᠢᠨ ᠨᠤᠮᠧᠷ ᠢᠶᠠᠷ ᠮᠡᠭᠡᠯᠡᠯ ᠤᠨ ᠰᠦᠯᠵᠢᠶᠡᠨ ᠬᠠᠶ᠋ᠢᠭ ᠳᠠᠮᠵᠢᠭᠤᠯᠬᠤ      ᠵᠤᠤ ᠠᠪᠤᠭᠠᠢ ᠭᠠᠷ ᠤᠳᠠᠰᠤᠨ ᠤ ᠲᠤᠬᠯᠠᠭᠠᠮ ᠳᠤ ᠳᠦᠢᠯ ᠤᠨ ᠪᠠᠭ᠋ᠠᠳᠠᠢ ᠪᠠᠶᠢᠳᠠᠭ᠂ ᠳᠡᠷᠡ ᠸᠢᠴᠠᠲ ᠳᠡᠭᠡᠷ᠎ᠠ ᠠᠴᠠ ᠨᠢᠭᠡᠨ ᠨᠠᠭᠠᠳᠤᠮ ᠤᠨ ᠸᠢᠴᠡᠲ ᠤᠨ ᠤᠯᠠᠨ ᠨᠡᠶᠢᠳᠡ ᠶᠢᠨ ᠨᠤᠮᠧᠷ ᠢ ᠡᠷᠢᠵᠤ ᠵᠠᠬᠢᠶᠠᠯᠠᠨ᠂ ᠲᠤᠬᠳᠠᠭᠰᠠᠨ ᠰᠦᠯᠵᠢᠶᠠᠨ ᠦᠷᠳᠡᠭᠡ ᠠᠴᠠ ᠲᠤᠬᠯᠠᠭᠠᠮ ᠢ ᠬᠤᠳᠠᠯᠳᠤᠨ ᠠᠪᠬᠤ ᠪᠠᠷ ᠢᠳᠡᠭᠡᠮᠵᠢ ᠶᠢᠨ ᠺᠠᠷᠲ ᠤᠨ ᠮᠡᠳᠡᠭᠡ ᠵᠠᠩᠬᠢ ᠪᠠᠨ ᠪᠢᠴᠢᠨ ᠤᠷᠤᠭᠤᠯᠤᠭᠰᠠᠨ ᠴᠢᠨᠢ ᠺᠠᠷᠲ ᠳᠡᠭᠡᠷᠡᠬᠢ ᠵᠤᠭᠤᠰ ᠮᠦᠩᠭᠦ ᠨᠢ ᠬᠤᠯᠠᠭᠠᠶᠢᠢᠯᠠᠭᠳᠠᠭᠰᠠᠨ ᠬᠡᠷᠡᠭ ᠭᠠᠷᠴᠠᠢ᠃      ᠳᠤᠰᠬᠠᠢ ᠮᠡᠷᠭᠡᠵᠢᠯᠳᠠᠨ ᠤ ᠰᠠᠨᠠᠭᠤᠯᠭ᠎ᠠ᠄ ᠸᠢᠴᠡᠲ ᠤᠨ ᠤᠯᠠᠨ ᠨᠡᠶᠢᠳᠡ ᠶᠢᠨ ᠨᠤᠮᠧᠷ ᠢ ᠵᠠᠬᠢᠶᠠᠯᠠᠬᠤ ᠳᠤ ᠸᠢᠴᠡᠲ ᠤᠨ ᠤᠯᠠᠨ ᠨᠡᠶᠢᠳᠡ ᠶᠢᠨ ᠨᠤᠮᠧᠷ ᠢ ᠲᠠᠩᠰᠠᠯᠠᠭᠤᠯᠤᠬᠰᠠᠨ ᠠᠵᠤ ᠠᠬᠤᠶᠢᠢᠯᠠᠯ ᠤᠨ ᠦᠨᠡᠨ ᠨᠠᠷ᠎ᠠ ᠵᠢᠴᠢ ᠸᠢᠴᠠᠲ ᠤᠨ ᠬᠡᠷᠡᠴᠢᠯᠡᠨ ᠨᠤᠳᠠᠯᠠᠯᠳᠠ ᠤᠯᠤᠭᠰᠠᠨ ᠡᠰᠡᠭᠦ ᠶᠢ ᠡᠷᠬᠡᠪᠰᠢ ᠬᠢᠨᠠᠮᠠᠭᠠᠢ ᠬᠠᠷᠭᠤᠭᠤᠯᠬᠤ ᠴᠢᠬᠤᠯᠠᠳᠠᠢ᠃ APP ᠪᠠᠭᠤᠯᠭᠠᠨ ᠠᠪᠬᠤ ᠦᠶ᠎ᠠ ᠳᠤ᠂ ᠵᠢᠩᠬᠢᠨᠢᠴᠢᠯᠠᠭᠰᠠᠨ ᠰᠦᠯᠵᠢᠶ᠎ᠠ ᠠᠴᠠ ᠪᠠᠭᠤᠯᠭᠠᠨ ᠠᠪᠴᠦ᠂ ᠨᠠᠶᠢᠳᠠᠪᠤᠷᠢᠳᠠᠢ ᠠᠮᠤᠷ ᠲᠦᠪᠰᠢᠨ ᠵᠦᠭᠡᠯᠡᠨ ᠳᠤᠨᠤᠭ ᠢ ᠤᠭᠰᠠᠷᠬᠤ ᠶᠢᠨ ᠬᠠᠮᠳᠤ᠂ ᠵᠦᠭᠡᠯᠡᠨ ᠳᠤᠨᠤᠭ ᠢ ᠤᠭᠰᠠᠷᠠᠬᠤ ᠦᠶ᠎ᠠ ᠳᠤ ᠬᠡᠷᠡᠭᠯᠡᠭᠴᠢ ᠶᠢᠨ ᠡᠷᠭᠡ ᠤᠯᠭᠤᠮᠵᠢ ᠶᠢ ᠤᠯᠬᠤ ᠰᠠᠨᠠᠭ᠎ᠠ ᠪᠠᠶᠢᠬᠤ ᠡᠰᠡᠭᠦ ᠶᠢ ᠠᠩᠬᠠᠷᠤᠭᠠᠷᠠᠢ᠃      ᠮᠡᠭᠡᠯᠡᠯ 5᠄ ᠦᠨ᠎ᠠ ᠲᠦᠯᠦᠪᠦᠷᠢ ᠦᠭᠡᠢ WIFI ᠳᠤ ᠤᠨᠠᠭᠤᠯᠢ ᠪᠠᠶᠢᠵᠤ ᠮᠡᠳᠡᠨ᠎ᠡ      ᠤᠯᠠᠨ ᠨᠡᠶᠢᠳᠡ ᠶᠢᠨ ᠳᠠᠯᠠᠪᠠᠢ ᠳᠤ ᠢᠷᠡᠯᠳᠡ ᠨᠢ ᠳᠤᠳᠤ ᠪᠤᠰᠤ ᠪᠦᠭᠡᠳ ᠨᠢᠭᠤᠴᠠ ᠨᠤᠮᠧᠷ ᠦᠭᠡᠢ WIFI ᠶᠢ ᠪᠢᠳᠡᠭᠡᠢ ᠳᠤᠷ᠎ᠠ ᠪᠠᠷ ᠢᠶᠠᠨ ᠬᠤᠯᠪᠤᠭᠠᠷᠠᠢ︔ ᠪᠡᠯᠡᠭ ᠬᠦᠷᠬᠡᠬᠦ ᠵᠡᠷᠬᠡ ᠵᠢᠭᠠᠬᠠᠨ ᠤᠯᠵᠠ ᠳᠤ ᠳᠤᠷᠠᠯᠠᠵᠤ ᠢᠷᠡᠯᠳᠡ ᠨᠢ ᠳᠤᠳᠤ ᠪᠤᠰᠤ ᠬᠤᠶᠠᠷ ᠬᠡᠮᠵᠢᠯᠳᠦ ᠺᠤᠳ᠋ ᠢ ᠰᠢᠷᠪᠢᠵᠤ ᠪᠤᠯᠬᠤ ᠦᠬᠡᠢ᠃ ᠢᠯᠠᠩᠭᠤᠶ᠎ᠠ ᠬᠤᠪᠢ ᠬᠦᠮᠦᠨ ᠤ ᠮᠡᠳᠡᠭᠡ ᠵᠠᠩᠬᠢ ᠪᠠᠨ ᠵᠠᠳᠠᠷᠠᠭᠤᠯᠵᠤ ᠪᠤᠯᠬᠤ‌ᠦᠬᠡᠢ᠃      ᠳᠤᠰᠬᠠᠢ ᠮᠠᠷᠭᠡᠵᠢᠯᠳᠡᠨ ᠤ ᠰᠠᠨᠠᠭᠤᠯᠭ᠎ᠠ᠄ ᠤᠯᠠᠨ ᠨᠠᠶᠢᠳᠠ ᠶᠢᠨ ᠲᠠᠯᠠᠪᠠᠢ ᠳᠠᠬᠢ ᠰᠦᠢᠳᠬᠡᠯ ᠬᠤᠷᠢᠶᠠᠬᠤ ᠦᠬᠡᠢ WIFI ᠶᠢ ᠠᠯᠢ ᠴᠢᠳᠠᠬᠤ ᠪᠠᠷ ᠬᠡᠷᠡᠭᠯᠡᠬᠦ ᠦᠬᠡᠢ ᠪᠠᠶᠢᠵᠤ᠂ ᠪᠡᠯᠡᠭ ᠬᠦᠷᠬᠡᠬᠦ᠂ ᠦᠨ᠎ᠠ ᠬᠠᠩᠰᠢ ᠶᠢ ᠬᠢᠮᠳᠠᠷᠠᠭᠤᠯᠬᠤ ᠬᠤᠶᠠᠷ ᠬᠡᠮᠵᠢᠯᠳᠦ ᠺᠤᠳ᠋ ᠢ ᠰᠢᠷᠪᠢᠬᠦ ᠳᠡᠭᠡᠨ ᠪᠤᠯᠭᠤᠮᠵᠢᠳᠠᠢ ᠪᠠᠶᠢᠭᠠᠷᠠᠢ᠃ ︽ᠮᠦ ᠮᠠ︾ ᠳᠦᠢᠳᠭᠡᠷ ᠲᠤ ᠳᠠᠭᠠᠷᠢᠭᠳᠠᠪᠠᠯ᠂ ᠬᠠᠮᠤᠭ ᠳᠡᠷᠢᠭᠦᠨ ᠳᠤ ᠬᠡᠷᠡᠭᠯᠡᠭᠴᠢ ᠶᠢᠨ ᠨᠠᠷ᠎ᠠ ᠪᠤᠯᠤᠨ ᠨᠢᠭᠤᠴᠠ ᠨᠤᠮᠧᠷ ᠢᠶᠠᠨ ᠰᠤᠯᠢᠵᠤ᠂ ᠰᠦᠯᠵᠢᠶᠡᠨ ᠳᠡᠭᠡᠷ᠎ᠠ ᠵᠤᠭᠤᠰ ᠳᠤᠰᠢᠶᠠᠵᠤ ᠪᠠᠶᠢᠭᠰᠠᠨ ᠺᠠᠷᠲ᠂ ᠸᠢᠴᠠᠲ ᠲᠠᠢ ᠪᠠᠨ ᠬᠤᠯᠪᠤᠨ ᠵᠤᠭᠤᠰ ᠳᠤᠰᠢᠶᠠᠵᠤ ᠪᠠᠶᠢᠭᠰᠠᠨ ᠺᠠᠷᠲ ᠵᠡᠷᠭᠡ ᠪᠠᠨ ᠬᠦᠴᠦᠨ ᠦᠭᠡᠢ ᠪᠤᠯᠭᠠᠵᠤ᠂ ᠺᠠᠷᠲ ᠤᠯᠭᠤᠭᠰᠠᠨ ᠪᠠᠩᠬᠢ ᠲᠠᠢ ᠪᠠᠨ ᠬᠠᠷᠢᠯᠴᠠᠵᠤ ᠢᠳᠡᠭᠡᠮᠵᠢ ᠶᠢᠨ ᠺᠠᠷᠲ ᠤᠨ ᠠᠮᠤᠷ ᠲᠦᠪᠰᠢᠨ ᠢᠶᠠᠨ ᠪᠠᠳᠤᠯᠠᠬᠤ ᠴᠢᠬᠤᠯᠠᠳᠠᠢ᠃      ᠮᠡᠭᠡᠯᠡᠯ 6᠄ ᠶᠡᠭᠡ ᠳᠤᠭᠠᠨ ᠤ ᠢᠳᠡᠭᠡᠮᠵᠢ ᠶᠢᠨ ᠺᠠᠷᠲ ᠬᠦᠢᠴᠡᠳᠭᠡᠵᠤ ᠦᠭᠬᠦ ᠨᠠᠷ᠎ᠠ ᠪᠠᠷ ᠬᠤᠪᠢ ᠬᠦᠮᠦᠨ ᠤ ᠮᠡᠳᠡᠭᠡ ᠵᠠᠩᠬᠢ ᠶᠢ ᠬᠤᠯᠠᠭᠠᠶᠢᠢᠯᠠᠬᠤ      ᠬᠠᠦᠯᠢ ᠪᠤᠰᠤ ᠡᠳᠡᠬᠡᠳ ᠠᠴᠠ ᠪᠠᠩᠬᠢ ᠶᠢᠨ ᠦᠢᠯᠡᠴᠢᠯᠡᠭᠡᠨ ᠤ ᠤᠳᠠᠰᠤ᠂ ᠰᠤᠹᠲ ᠡᠰᠡᠭᠦᠯ᠎ᠠ ᠰᠦᠯᠵᠢᠶᠡᠨ ᠤ ᠨᠢᠭᠤᠷ ᠵᠡᠷᠭᠡ ᠶᠢ ᠠᠰᠢᠬᠯᠠᠨ ᠺᠠᠷᠲ ᠤᠯᠭᠤᠬᠤ ᠭᠠᠷᠳᠠᠮ ᠬᠦᠢᠴᠡᠳᠭᠡᠵᠤ ᠦᠭᠭᠦ ᠬᠤᠳᠠᠯ ᠬᠠᠭᠤᠷᠮᠠᠭ ᠮᠡᠳᠡᠭᠡ ᠵᠠᠩᠬᠢ ᠳᠠᠷᠬᠠᠭᠠᠵᠤ᠂ ᠵᠠᠷᠢᠮ ᠵᠤᠭᠤᠰ ᠬᠡᠷᠡᠭᠯᠡᠬᠦ ᠱᠠᠭᠠᠷᠳᠠᠯᠭ᠎ᠠ ᠲᠠᠢ ᠬᠦᠮᠦᠰ ᠢ ᠦᠳᠦᠬᠡᠵᠤ ᠲᠡᠳᠡᠨ ᠤ ᠢᠳᠡᠬᠡᠯ ᠢ ᠤᠯᠤᠬᠰᠠᠨ ᠤ ᠲᠠᠷᠠᠭ᠎ᠠ᠂ ᠪᠠᠩᠬᠢ ᠶᠢᠨ ᠬᠠᠳᠠᠭᠠᠯᠠᠮᠵᠢ ᠶᠢᠨ ᠺᠠᠷᠲ ᠵᠢᠴᠢ ᠳᠤᠰ ᠺᠠᠷᠲ ᠲᠤ ᠦᠯᠡᠳᠡᠭᠡᠭᠰᠡᠨ ᠭᠠᠷ ᠤᠳᠠᠰᠤᠨ ᠨᠤᠮᠧᠷ ᠢᠶᠠᠨ ᠬᠠᠩᠭᠠᠨ ᠦᠭᠭᠦ ᠶᠢ ᠱᠠᠭᠠᠷᠳᠠᠵᠤ᠂ ᠡᠭᠦᠨ ᠤ ᠤᠯᠠᠮ ᠠᠴᠠ ᠤᠯᠳᠠᠭᠰᠠᠨ ᠮᠡᠳᠡᠭᠡ ᠵᠠᠩᠬᠢ ᠪᠠᠨ ᠠᠰᠢᠬᠯᠠᠨ ᠬᠦᠮᠦᠰ ᠤᠨ ᠬᠠᠳᠠᠭᠠᠯᠠᠮᠵᠢ ᠶᠢᠨ ᠺᠠᠷᠲ ᠤᠨ ᠵᠤᠭᠤᠰ ᠮᠦᠩᠭᠦ ᠶᠢ ᠨᠢᠭᠤᠴᠠ ᠪᠠᠷ ᠰᠢᠯᠵᠢᠭᠦᠯᠳᠡᠭ ᠪᠠᠶᠢᠨ᠎ᠠ᠃      ᠳᠤᠰᠬᠠᠢ ᠮᠡᠷᠭᠡᠵᠢᠯᠳᠠᠨ ᠤ ᠰᠠᠨᠠᠭᠤᠯᠭ᠎ᠠ᠄ ᠬᠡᠷᠡᠭᠯᠡᠭᠴᠢᠳ ᠪᠤᠰᠤᠳ ᠤᠨ ᠶᠡᠭᠡ ᠳᠤᠭᠠᠨ ᠤ ᠢᠳᠡᠭᠡᠮᠵᠢ ᠶᠢᠨ ᠺᠠᠷᠲ ᠬᠦᠴᠡᠳᠭᠡᠵᠤ ᠦᠭᠭᠦ ᠤᠬᠠᠭᠤᠯᠤᠯ ᠢ ᠢᠳᠡᠭᠡᠵᠤ ᠪᠤᠯᠬᠤ ᠦᠬᠡᠢ᠃ ᠢᠳᠡᠭᠡᠮᠵᠢ ᠶᠢᠨ ᠺᠠᠷᠲ ᠢ ᠬᠠᠦᠯᠢ ᠶᠤᠰᠤᠨ ᠤ ᠠᠷᠭ᠎ᠠ ᠵᠠᠮ ᠢᠶᠠᠷ ᠳᠠᠮᠵᠢᠨ ᠭᠠᠷ ᠬᠦᠢᠴᠡᠳᠭᠡᠯ ᠬᠢᠭᠦ ᠴᠢᠬᠤᠯᠠᠳᠠᠢ᠂ ᠪᠠᠩᠬᠢ ᠠᠴᠠ ᠶᠠᠮᠠᠷ ᠴᠦ ᠰᠦᠢᠳᠭᠡᠯ ᠮᠦᠩᠭᠦ ᠬᠤᠷᠢᠶᠠᠬᠤ ᠦᠭᠡᠢ ᠶᠤᠮ᠂ ᠢᠯᠠᠩᠭᠤᠶ᠎ᠠ ᠬᠡᠷᠡᠭᠯᠡᠭᠴᠢ ᠠᠴᠠ ᠨᠢᠭᠤᠴᠠ ᠨᠤᠮᠧᠷ ᠵᠡᠷᠭᠡ ᠵᠤᠭᠤᠰ ᠳᠤᠰᠢᠶᠠᠬᠤ ᠮᠡᠳᠡᠭᠡ ᠵᠠᠩᠬᠢ ᠶᠢ ᠠᠪᠳᠠᠭ ᠦᠭᠡᠢ ᠶᠤᠮ᠃
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ