ᠮᠠᠯ ᠤᠨ ᠠᠷᠠᠰᠤ ᠬᠥᠷᠥᠰᠥ ᠶᠢᠨ ᠲᠤᠬᠠᠢ ᠳᠠᠭᠤᠳᠠᠯᠭ᠎ᠠ
ᠨᠡᠶᠢᠲᠡᠯᠡᠭᠰᠡᠨ ᠴᠠᠭ᠄
2021/9/27
     ᠨᠡᠬᠡᠢ — ᠦᠰᠦ ᠨᠢ ᠭᠦᠢᠴᠡᠭᠰᠡᠨ ᠬᠤᠨᠢ ᠶᠢ ᠳᠥᠬᠦᠭᠡᠷᠦᠭᠡᠳ ᠨᠤᠮ ᠤᠨ ᠶᠤᠰᠤ ᠪᠠᠷ ᠥᠪᠴᠢᠵᠦ ᠠᠪᠤᠭᠰᠠᠨ ᠪᠥᠷᠢᠨ ᠪᠥᠲᠥᠨ ᠠᠷᠠᠰᠤ᠃ ᠮᠥᠨ ᠡᠪᠦᠯ ᠴᠠᠭ ᠪᠤᠶᠤ ᠨᠠᠮᠤᠷ ᠤᠷᠤᠢ᠂ ᠬᠠᠪᠤᠷ ᠡᠷᠲᠡ ᠦᠬᠦᠭᠰᠡᠨ ᠮᠠᠯ  ᠠᠴᠠ ᠥᠪᠴᠢᠵᠦ ᠠᠪᠤᠭᠰᠠᠨ ᠰᠠᠬᠤᠯᠢᠭ ᠦᠰᠦ ᠲᠠᠢ ᠠᠷᠠᠰᠤ᠃      ᠰᠢᠷᠢ — ᠦᠬᠡᠷ᠂ ᠠᠳᠤᠭᠤ᠂ ᠲᠡᠮᠡᠭᠡ᠂ ᠲᠤᠷᠤᠭ ᠭᠥᠷᠦᠭᠡᠰᠦᠨ ᠤ ᠠᠷᠠᠰᠤ᠃      ᠲᠤᠷᠤᠰᠬ᠎ᠠ — ᠲᠤᠷᠠᠵᠤ ᠦᠬᠦᠭᠰᠡᠨ ᠪᠤᠭ ᠮᠠᠯ ᠤᠨ ᠬᠡᠪᠡᠷᠡᠭ᠂ ᠬᠥᠷᠥᠰᠥ ᠮᠠᠭᠤᠲᠠᠢ ᠠᠷᠠᠰᠤ᠃      ᠠᠲᠠᠰᠬ᠎ᠠ — ᠡᠪᠡᠳᠴᠢᠨ ᠢᠶᠠᠷ ᠡᠰᠡᠭᠦᠯ᠎ᠡ ᠥᠯᠪᠡᠷᠴᠦ ᠦᠬᠦᠭᠰᠡᠨ ᠮᠠᠯ ᠤᠨ ᠠᠷᠠᠰᠤ ᠰᠢᠷᠢ᠃      ᠬᠥᠲᠥᠰᠥ — ᠡᠯᠳᠡᠭᠰᠡᠨ ᠨᠡᠬᠡᠢ ᠠᠷᠠᠰᠤᠨ ᠤ ᠬᠠᠭᠤᠴᠢᠷᠠᠭᠰᠠᠨ ᠪᠠᠭᠠᠬᠠᠨ ᠬᠡᠰᠡᠭ᠃      ᠢᠯᠭᠢ — ᠮᠠᠯ ᠭᠥᠷᠦᠭᠡᠰᠦᠨ ᠤ ᠡᠯᠳᠡᠵᠦ ᠦᠰᠦ ᠶᠢ ᠨᠢ ᠵᠤᠮᠠᠯᠤᠭᠰᠠᠨ ᠨᠡᠬᠡᠢ ᠶᠢ ᠬᠡᠯᠡᠨ᠎ᠡ᠃      ᠰᠡᠪᠬᠢ — ᠦᠢᠯᠡᠳᠪᠦᠷᠢ ᠶᠢᠨ ᠠᠷᠭ᠎ᠠ ᠪᠠᠷ ᠵᠤᠮᠠᠯᠵᠤ ᠪᠤᠳᠤᠭᠰᠠᠨ ᠢᠯᠭᠢ ᠶᠢ ᠬᠡᠯᠡᠨ᠎ᠡ᠃      ᠭᠦᠮ — ᠲᠥᠯ ᠠᠴᠠ ᠳᠡᠭᠡᠭᠰᠢ ᠨᠠᠰᠤᠨ ᠤ ᠪᠤᠳᠠ ᠮᠠᠯ ᠤᠨ ᠡᠯᠳᠡᠵᠦ ᠵᠥᠭᠡᠯᠡᠷᠡᠭᠦᠯᠦᠭᠰᠡᠨ ᠰᠢᠷᠢ᠃      ᠰᠤᠷᠰᠤᠨ — ᠵᠦᠷ ᠤᠨ ᠠᠷᠠᠰᠤ᠃ ᠪᠤᠷᠤ ᠭᠥᠷᠦᠭᠡᠰᠦᠨ ᠤ ᠡᠮᠡᠭᠴᠢᠨ ᠢ ᠨᠢ ᠵᠦᠷ ᠬᠡᠮᠡᠨ᠎ᠡ᠃      ᠰᠠᠭᠠᠷᠢ — ᠠᠳᠤᠭᠤ ᠵᠡᠷᠭᠡ ᠮᠠᠯ ᠤᠨ ᠵᠤ᠂ ᠬᠤᠨᠳᠤᠯᠠᠢ ᠶᠢᠨ ᠠᠷᠠᠰᠤ ᠶᠢ ᠪᠤᠯᠪᠠᠰᠤᠷᠠᠭᠤᠯᠵᠤ ᠠᠪᠤᠭᠰᠠᠨ ᠢ ᠬᠡᠯᠡᠨ᠎ᠡ᠃ ᠠᠳᠤᠭᠤᠰᠤᠨ ᠤ ᠴᠤᠯᠭᠤᠢ ᠠᠷᠠᠰᠤ ᠶᠢ ᠪᠠᠰᠠ ᠰᠠᠭᠠᠷᠢ ᠭᠡᠳᠡᠭ ᠴᠦ ᠪᠤᠢ᠃      ᠦᠳᠡᠭᠡᠷᠢ — ᠶᠠᠭᠤᠮ᠎ᠠ ᠶᠢ ᠦᠳᠡᠬᠦ ᠳᠤ ᠬᠡᠷᠡᠭᠯᠡᠬᠦ ᠨᠠᠷᠢᠨ ᠵᠦᠰᠦᠭᠰᠡᠨ ᠰᠢᠷᠢ᠃      ᠰᠠᠷᠢᠰᠤ — ᠬᠤᠨᠢ ᠢᠮᠠᠭᠠᠨ ᠤ ᠠᠷᠠᠰᠤ ᠶᠢ ᠪᠤᠯᠪᠠᠰᠤᠷᠠᠭᠤᠯᠵᠤ ᠬᠢᠭᠰᠡᠨ ᠨᠢᠮᠭᠡᠨ ᠢᠯᠭᠢ᠃      ᠰᠠᠷᠮᠠᠢ — ᠦᠰᠦ ᠨᠢ ᠵᠢᠭᠳᠡ ᠪᠤᠰᠤ ᠳᠠᠴᠢᠷ᠂ ᠵᠠᠷᠢᠮ ᠬᠡᠰᠡᠭ ᠲᠡᠭᠡᠨ ᠬᠠᠯᠴᠠᠷᠬᠠᠢ ᠠᠷᠠᠰᠤ ᠶᠢ ᠬᠡᠯᠡᠨ᠎ᠡ᠃      ᠳᠠᠷᠵᠠ — ᠳᠠᠴᠢᠷ ᠦᠰᠦ ᠲᠠᠢ ᠬᠤᠨᠢ ᠢᠮᠠᠭᠠᠨ ᠤ ᠠᠷᠠᠰᠤ᠃      ᠰᠡᠭᠰᠡᠭᠦᠷᠭᠡ — ᠬᠥᠷᠦᠪᠡᠵᠢᠭᠰᠡᠨ᠂ ᠰᠡᠭᠰᠡᠯᠵᠡᠭᠰᠡᠨ ᠶᠡᠭᠡ ᠦᠰᠦᠲᠡᠢ ᠬᠤᠷᠠᠭᠠᠨ ᠤ ᠠᠷᠠᠰᠤ᠃      ᠦᠵᠦᠭᠦᠷᠰᠡᠭ — ᠬᠠᠪᠤᠷ ᠤᠷᠲᠤ ᠦᠰᠦ ᠶᠢ ᠨᠢ ᠬᠢᠷᠭᠠᠭᠰᠠᠨ ᠠᠴᠠ ᠬᠤᠶᠢᠰᠢ ᠤᠷᠭᠤᠵᠤ ᠠᠬᠠᠷ ᠲᠠᠢ ᠪᠤᠯᠤᠭᠰᠠᠨ ᠬᠤᠨᠢ ᠦᠬᠦᠬᠦ ᠶᠤᠮ ᠤᠤ᠂ ᠳᠥᠬᠦᠭᠡᠷᠦᠭᠰᠡᠨ ᠤ ᠳᠠᠷᠠᠭ᠎ᠠ ᠬᠠᠭᠤᠯᠵᠤ ᠠᠪᠤᠭᠰᠠᠨ ᠳᠠᠴᠢᠷ ᠦᠰᠦ ᠲᠠᠢ ᠠᠷᠠᠰᠤ ᠶᠢ ᠬᠡᠯᠡᠨ᠎ᠡ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ