ᠨᠢᠬᠡ ᠵᠢᠯ ᠤᠨ ᠬᠠᠮᠤᠭ ᠤᠨ ᠬᠠᠯᠠᠭᠤᠨ ᠤᠯᠠᠷᠢᠯ ᠬᠦᠷᠴᠦ ᠢᠷᠡᠭᠰᠡᠨ ᠢᠶᠠᠷ ︽ᠬᠠᠯᠠᠵᠤ ᠦᠬᠦᠯ᠎ᠠ︾᠂ ︽ | ᠶᠠᠮᠠᠷ ᠬᠠᠯᠠᠭᠤᠨ ᠪᠤᠢ︾᠂ ︽ᠬᠡᠵᠢᠶ᠎ᠡ ᠪᠤᠷᠤᠭᠠᠨ ᠤᠷᠤᠳᠠᠭ ᠪᠤᠯ︖︾ ᠬᠡᠬᠦ ᠦᠬᠡ ᠭᠠᠵᠠᠷ ᠪᠤᠯᠭᠠᠨ ᠳᠤ | ᠰᠤᠨᠤᠰᠤᠭᠳᠠᠨᠠ᠃ ᠭᠤᠷᠪᠠᠨ ᠹᠦ᠋ ᠶᠢᠨ ᠬᠠᠯᠠᠭᠤᠨ ᠢᠶᠠᠷ ᠪᠡᠶ᠎ᠡ ᠪᠠᠨ ᠰᠤᠪᠢᠯᠠᠬᠤ ᠨᠢ ᠲᠦᠢᠯ ᠤᠨ ᠴᠢᠬᠤᠯᠠ ᠪᠠᠶᠢᠳᠠᠭ᠃ | ᠤᠴᠢᠷ ᠨᠢ ᠡᠨᠡ ᠦᠶ᠎ᠡ ᠳᠤ ᠬᠠᠮᠤᠭ ᠤᠨ ᠬᠠᠯᠠᠭᠤᠨ᠂ ᠪᠡᠶ᠎ᠡ ᠳᠤ ᠴᠢᠬᠢᠭ ᠲᠦᠪᠯᠡᠷᠡᠨ᠂ ᠡᠯ᠎ᠡ ᠵᠦᠢᠯ ᠤᠨ | ᠡᠪᠡᠳᠴᠢᠨ ᠤᠷᠤᠬᠤ ᠠᠶᠤᠯ ᠤᠷᠤᠰᠢᠵᠤ ᠪᠠᠶᠢᠳᠠᠭ᠃ ᠭᠤᠷᠪᠠᠨ ᠹᠦ᠋ ᠶᠢᠨ ᠤᠯᠠᠷᠢᠯ ᠢᠶᠠᠷ ᠡᠯ᠎ᠡ ᠵᠦᠢᠯ ᠤᠨ | ᠡᠪᠡᠳᠴᠢᠨ ᠢᠯᠡᠷᠡᠨ᠎ᠠ᠄ | — ᠬᠠᠯᠠᠭᠤᠨ ᠤ ᠬᠡᠮᠵᠢᠶ᠎ᠡ 32 ᠭᠷᠡᠳᠦ᠋ᠰ ᠢ ᠲᠠᠪᠠᠵᠤ᠂ ᠴᠢᠬᠢᠭ ᠤᠨ ᠬᠡᠮᠵᠢᠶ᠎ᠡ 70% ᠶᠢ ᠲᠠᠪᠠᠭ᠋ᠤ | ᠦᠶᠡᠰ ᠨᠠᠷᠠᠰᠢᠬᠤ ᠡᠪᠡᠳᠴᠢᠨ ᠨᠡᠮᠡᠭᠳᠡᠳᠡᠭ︔ | — ᠬᠠᠯᠠᠭᠤᠨ ᠤ ᠬᠡᠮᠵᠢᠶ᠎ᠡ 32 ᠭᠷᠡᠳᠦᠰ ᠢ ᠲᠠᠪᠠᠭ᠋ᠤ ᠦᠶᠡᠰ ᠲᠤᠯᠤᠭᠠᠢ ᠶᠢᠨ ᠴᠢᠰᠤᠨ ᠰᠤᠳᠠᠯ ᠤᠨ | ᠲᠦᠭᠵᠢᠷᠡᠯ ᠡᠪᠡᠳᠴᠢᠨ ᠡ᠊ᠡᠭ ᠤᠨ ᠦᠶ᠎ᠡ ᠠᠴᠠ 66% ᠪᠠᠷ ᠨᠡᠮᠡᠭᠳᠡᠳᠡᠭ | — ᠵᠤᠨ ᠤ ᠭᠤᠤᠯ ᠢᠶᠠᠷ ᠵᠢᠷᠦᠬᠡᠨ ᠤ ᠴᠢᠨᠠᠷᠳᠤ ᠡᠪᠡᠳᠴᠢᠨ ᠢᠶᠠᠷ ᠬᠡᠨᠡᠳᠳᠡ ᠦᠬᠦᠬᠦ ᠨᠤᠷᠮ᠎ᠠ ᠬᠠᠪᠤᠷ | ᠨᠠᠮᠤᠷ ᠤᠨ ᠤᠯᠠᠷᠢᠯ ᠤᠨ ᠬᠢ ᠠᠴᠠ 20% ᠪᠠᠷ ᠦᠨᠳᠦᠷ ᠪᠤᠯᠳᠠᠭ︔ | — ᠵᠢᠯ ᠪᠦᠷᠢ ᠶᠢᠨ 6 — 9 ᠰᠠᠷ᠎ᠠ ᠨᠢ ᠰᠢᠬᠡᠰᠦᠨ ᠤ ᠵᠠᠮ ᠤᠨ ᠬᠠᠯᠳᠠᠪᠤᠷᠢᠯᠠᠯ᠂ ᠴᠢᠯᠠᠭᠤᠵᠢᠯ ᠵᠡᠷᠬᠡ | ᠡᠪᠡᠳᠴᠢᠨ ᠶᠡᠭᠡ ᠪᠠᠷ ᠡᠬᠦᠰᠬᠦ ᠬᠤᠭᠤᠴᠠᠭ᠎ᠠ ᠪᠤᠯᠤᠨ᠎ᠠ︔ | — ᠦᠨᠳᠦᠷ ᠬᠠᠯᠠᠭᠤᠨ ᠤᠷᠴᠢᠨ ᠳᠤ ᠡᠯ᠎ᠡ ᠵᠦᠢᠯ ᠤᠨ ᠡᠪᠡᠳᠴᠢᠨ ᠤ ᠡᠬᠢ ᠪᠤᠯᠬᠤ ᠪᠢᠴᠢᠯ ᠠᠮᠢᠳᠤ | ᠪᠤᠳᠠᠰ ᠤᠨ ᠦᠷᠡᠵᠢᠨ ᠠᠮᠢᠳᠤᠷᠠᠬᠤ ᠨᠢ ᠨᠡᠩ ᠲᠦᠷᠬᠡᠨ ᠪᠤᠯᠵᠤ᠂ ᠲᠦᠷᠬᠡᠨ ᠴᠢᠨᠠᠷᠳᠤ ᠬᠤᠳᠤᠭᠤᠳᠤ ᠶᠢᠨ | ᠦᠷᠪᠢᠰᠦᠯ ᠢ ᠡᠬᠦᠰᠬᠡᠬᠦ ᠪᠤᠯᠤᠮᠵᠢ ᠦᠨᠳᠦᠷ ᠪᠤᠯᠳᠠᠭ᠃ | ᠭᠤᠷᠪᠠᠨ ᠹᠦ᠋ ᠶᠢᠨ ᠬᠠᠯᠠᠭᠤᠨ ᠢᠶᠠᠷ ᠪᠡᠶ᠎ᠡ ᠪᠠᠨ ᠰᠤᠪᠢᠯᠠᠬᠤ ᠠᠷᠭ᠎ᠠ 1᠂ ᠢᠯᠡᠬᠦᠬᠡᠨ ᠬᠠᠯᠠᠭᠤᠨ ᠴᠠᠢ | ᠤᠤᠭᠤᠬᠤ᠄ ᠬᠦᠢᠳᠡᠨ ᠤᠮᠳᠠᠭᠠᠨ ᠨᠢ ᠵᠦᠪᠬᠡᠨ ᠲᠦᠷ ᠴᠠᠭ ᠤᠨ ᠰᠡᠷᠢᠬᠦᠬᠡᠨ ᠲᠦᠷᠦᠭᠳᠡᠯ ᠢᠶᠠᠷ ᠠᠭᠤᠵᠢᠷᠠᠭᠤᠯᠬᠤ | ᠪᠤᠯᠪᠠᠴᠤ ᠴᠢᠰᠤᠨ ᠰᠤᠳᠠᠯ ᠢ ᠠᠪᠴᠢᠭᠤᠯᠬᠤ ᠠᠴᠠ ᠪᠤᠯᠵᠤ ᠡᠷᠬᠢᠬᠡᠳ ᠪᠡᠶ᠎ᠡ ᠶᠢᠨ ᠬᠠᠯᠠᠭᠤᠨ ᠢ ᠭᠠᠳᠠᠭᠰᠢᠯᠠᠭᠤᠯᠬᠤ | ᠬᠤᠷᠳᠤᠴᠠ ᠶᠢ ᠨᠦᠯᠦᠬᠡᠯᠡᠳᠡᠭ᠃ ᠬᠠᠯᠠᠭᠤᠨ ᠴᠠᠢ᠂ ᠬᠠᠯᠠᠭᠤᠨ ᠤᠰᠤ ᠤᠤᠭᠤᠬᠤ ᠨᠢ ᠬᠦᠯᠦᠰᠦ ᠶᠢ ᠢᠯᠭᠠᠷᠠᠭᠤᠯᠵᠤ | ᠂ ᠨᠡᠩ ᠰᠡᠶᠢᠨ ᠬᠠᠯᠠᠭᠤᠨ ᠢ ᠭᠠᠳᠠᠭᠰᠢᠯᠠᠭᠤᠯᠳᠠᠭ᠃ ᠬᠡᠬᠦ ᠳᠤ ᠴᠠᠢ ᠶᠢᠨ ᠬᠠᠯᠠᠭᠤᠨ ᠤ ᠬᠡᠮᠵᠢᠶ᠎ᠡ ᠨᠢ 60 | ᠭᠷᠡᠳᠦ᠋ᠰ ᠠᠴᠠ ᠬᠡᠳᠦᠷᠡᠬᠦᠯᠬᠦ ᠦᠬᠡᠢ ᠪᠠᠶᠢᠬᠤ ᠶᠢ ᠠᠩᠬᠠᠷᠬᠤ ᠬᠡᠷᠡᠭᠳᠡᠢ᠃ 2᠂ ᠬᠠᠯᠠᠭᠤᠨ ᠴᠢᠨᠠᠷᠳᠤ ᠬᠤᠭᠤᠯᠠ ᠶᠢ | ᠢᠳᠡᠬᠦ᠄ ᠡ᠊ᠡᠭ ᠤᠨ ᠦᠬᠡᠨ ᠳᠤ ︽ᠡᠪᠦᠯ ᠯᠤᠤᠪᠠᠨᠭ᠌ ᠵᠤᠨ ᠭᠠ︾ ᠬᠡᠳᠡᠭ ᠢᠶᠠᠷ ᠲᠦᠬᠦᠬᠡᠢ ᠭᠠ ᠨᠢ ᠬᠦᠢᠳᠡᠨ ᠢ | ᠲᠠᠷᠬᠠᠭᠠᠬᠤ ᠦᠢᠯᠡᠳᠦᠯ ᠲᠠᠢ ᠪᠠᠶᠢᠳᠠᠭ᠃ ᠡᠶᠢᠮᠦ ᠠᠴᠠ ᠵᠤᠨ ᠤ ᠬᠠᠯᠠᠭᠤᠨ ᠢᠶᠠᠷ ᠮᠠᠯ ᠤᠨ ᠮᠢᠬ᠎ᠠ᠂ ᠦᠬᠡᠷ ᠤᠨ | ᠮᠢᠬ᠎ᠠ ᠵᠡᠷᠬᠡ ᠬᠠᠯᠠᠭᠤᠨ ᠴᠢᠨᠠᠷᠳᠤ ᠢᠳᠡᠬᠡᠨ ᠢᠶᠠᠷ ᠬᠤᠭᠤᠯᠠᠯᠠᠬᠤ ᠨᠢ ᠵᠤᠨ ᠤ ᠤᠯᠠᠷᠢᠯ ᠳᠤ ᠴᠤ ᠬᠦᠯ ᠭᠠᠷ ᠨᠢ | ᠬᠦᠢᠳᠡᠨ ᠪᠠᠶᠢᠳᠠᠭ ᠬᠦᠮᠦᠨ ᠳᠤ ᠤᠨᠴᠠ ᠶᠢᠨ ᠲᠤᠰᠠᠳᠠᠢ ᠪᠠᠶᠢᠳᠠᠭ᠃ ᠬᠡᠬᠦ ᠳᠤ ᠰᠢᠳᠤ ᠡᠪᠡᠳᠬᠦ᠂ ᠬᠠᠯᠠᠭᠤᠷᠠᠵᠤ | ᠪᠠᠶᠢᠬᠤ᠂ ᠡᠰᠡᠬᠦᠯ᠎ᠠ ᠪᠡᠶ᠎ᠡ ᠶᠢᠨ ᠪᠠᠶᠢᠳᠠᠯ ᠨᠢ ᠪᠠᠷᠤᠭ ᠲᠠᠭᠠᠨ ᠬᠠᠯᠠᠭᠤᠨ ᠴᠢᠨᠠᠷᠳᠠᠢ ᠪᠠᠶᠢᠳᠠᠭ ᠬᠦᠮᠦᠰ ᠡᠳᠡᠬᠡᠷ | ᠬᠠᠯᠠᠭᠤᠨ ᠬᠤᠭᠤᠯᠠ ᠠᠴᠠ ᠵᠠᠶᠢᠯᠠᠰᠬᠢᠬᠦ ᠬᠡᠷᠡᠭᠳᠡᠢ᠃ 3᠂ ᠬᠠᠯᠠᠭᠤᠨ ᠤᠰᠤ ᠪᠠᠷ ᠪᠡᠶ᠎ᠡ ᠤᠬᠢᠶᠠᠬᠤ ᠨᠢ ᠴᠢᠰᠤᠨ | ᠰᠤᠳᠠᠯ ᠢ ᠲᠡᠯᠡᠵᠦ ᠬᠠᠯᠠᠭᠤᠨ ᠢ ᠭᠠᠳᠠᠭᠰᠢᠯᠠᠭᠤᠯᠬᠤ ᠦᠢᠯᠡᠳᠦᠯ ᠲᠠᠢ᠃ ᠤᠰᠤᠨ ᠤ ᠬᠠᠯᠠᠭᠤᠨ ᠢ ᠡ᠊ᠡᠭ ᠤᠨ | ᠪᠠᠶᠢᠳᠠᠯ ᠳᠤ 30 ᠭᠷᠡᠳᠦ᠋ᠰ ᠤᠷᠴᠢᠮ ᠪᠠᠶᠢᠯᠭᠠᠬᠤ ᠬᠡᠷᠡᠭᠳᠡᠢ᠂ ᠬᠠᠯᠠᠭᠤᠨ ᠠᠯᠴᠢᠭᠤᠷ ᠢᠶᠠᠷ ᠪᠠᠶ᠎ᠠ ᠨᠢᠭᠤᠷ ᠢᠶᠠᠨ | ᠠᠷᠴᠢᠬᠤ ᠨᠢ ᠴᠤ ᠪᠡᠶ᠎ᠡ ᠶᠢᠨ ᠬᠠᠯᠠᠭᠤᠨ ᠢ ᠪᠠᠭᠤᠷᠠᠭᠤᠯᠬᠤ ᠦᠢᠯᠡᠳᠦᠯ ᠲᠠᠢ᠃ 4᠂ ᠬᠠᠯᠠᠭᠤᠨ ᠤᠰᠤᠨ ᠳᠤ | ᠬᠦᠯ ᠢᠶᠠᠨ ᠲᠡᠪᠳᠦᠬᠡᠬᠦ᠄ ᠬᠦᠯ ᠨᠢ ᠬᠦᠮᠦᠨ ᠤ ᠪᠡᠶ᠎ᠡ ᠳᠠᠬᠢ ᠬᠤᠶᠠᠳᠤᠭᠠᠷ ᠵᠢᠷᠦᠬᠡ ᠬᠡᠭᠳᠡᠳᠡᠭ ᠢᠶᠠᠷ ᠬᠠᠯᠠᠭᠤᠨ | ᠤᠰᠤ ᠪᠠᠷ ᠬᠦᠯ ᠢᠶᠠᠨ ᠲᠡᠪᠳᠦᠬᠡᠬᠦ ᠨᠢ ᠰᠤᠳᠠᠯ ᠴᠢᠰᠦ ᠶᠢ ᠨᠡᠪᠳᠡᠷᠡᠬᠦᠯᠵᠦ᠂ ᠬᠦᠯ ᠤᠨ ᠬᠡᠰᠡᠭ ᠤᠨ ᠴᠢᠰᠤᠨ | ᠰᠤᠳᠠᠯ ᠤᠨ ᠬᠦᠶᠦᠯᠳᠡ ᠶᠢᠨ ᠬᠤᠷᠳᠤᠴᠠ ᠪᠠ ᠬᠡᠮᠵᠢᠶ᠎ᠡ ᠶᠢ ᠨᠡᠮᠡᠭᠳᠡᠬᠦᠯᠵᠦ᠂ ᠰᠢᠨ᠎ᠠ ᠬᠠᠭᠤᠴᠢᠨ ᠤ ᠰᠤᠯᠢᠯᠴᠠᠭ᠎ᠠ ᠶᠢ | ᠲᠦᠷᠬᠡᠳᠬᠡᠳᠡᠭ᠃ ᠬᠦᠯ ᠢᠶᠠᠨ ᠲᠡᠪᠳᠦᠬᠡᠬᠦ ᠳᠡᠭᠡᠨ ᠤᠰᠤᠨ ᠤ ᠬᠠᠯᠠᠭᠤᠨ ᠢ 42 ᠭᠷᠠᠳᠦ᠋ᠰ ᠪᠠᠶᠢᠯᠭᠠᠵᠤ᠂ ᠬᠠᠯᠠᠭᠤᠨ | ᠬᠦᠢᠳᠡᠨ ᠨᠢ ᠲᠠᠭᠠᠳᠠᠢ ᠪᠤᠯ ᠪᠤᠯᠴᠢᠬᠠᠨ᠎ᠠ᠃ 5᠂ ᠵᠡᠬᠦᠦ ᠲᠦᠬᠡᠨᠡᠯᠬᠡ᠄ ᠬᠢᠳᠠᠳ ᠡᠮᠴᠢᠯᠡᠭᠡ ᠪᠠᠷ ᠹᠦ᠋ ᠶᠢᠨ | ᠬᠠᠯᠠᠭᠤᠨ ᠢᠶᠠᠷ ᠵᠡᠬᠦᠦ ᠲᠦᠬᠡᠨᠡᠯᠬᠡ ᠬᠢᠬᠦ ᠨᠢ ᠲᠤᠩ ᠰᠡᠶᠢᠨ ᠪᠡᠶ᠎ᠡ ᠰᠤᠪᠢᠯᠠᠬᠤ ᠠᠷᠭ᠎ᠠ ᠬᠡᠳᠡᠭ᠃ ᠲᠡᠷᠡ ᠨᠢ | ᠬᠦᠯᠦᠷᠡᠬᠦᠯᠵᠦ᠂ ᠪᠡᠶ᠎ᠡ ᠶᠢᠨ ᠲᠤᠲᠤᠷᠠᠬᠢ ᠬᠠᠯᠠᠭᠤᠨ ᠢ ᠬᠦᠯᠦᠰᠦ ᠪᠠᠷ ᠭᠠᠳᠠᠭᠰᠢᠯᠠᠭᠤᠯᠵᠤ ᠲᠠᠭᠠᠳᠠᠢ ᠪᠤᠯᠭᠠᠳᠠᠭ᠃ 6 | ᠂ ᠵᠤᠬᠢᠬᠤ ᠬᠡᠮᠵᠢᠶ᠎ᠡ ᠪᠠᠷ ᠬᠦᠯᠦᠷᠡᠵᠦ ᠪᠠᠶᠢᠭᠠᠷᠠᠢ᠃ ᠵᠤᠨ ᠤ ᠹᠥ᠋ ᠪᠠᠷ ᠵᠤᠬᠢᠰᠳᠠᠢ ᠬᠦᠳᠡᠯᠬᠡᠬᠡᠨ ᠬᠢᠬᠦ ᠨᠢ ᠬᠠᠯᠠᠭᠤᠨ | ᠤᠯᠠᠷᠢᠯ ᠳᠤ ᠪᠡᠶ᠎ᠡ ᠶᠢ ᠵᠤᠬᠢᠴᠠᠭᠤᠯᠵᠤ ᠨᠠᠷᠠᠰᠢᠬᠤ ᠶᠢ ᠰᠡᠷᠬᠡᠶᠢᠯᠡᠳᠡᠭ᠃ ᠤᠳᠠᠭᠠᠨ ᠬᠦᠶᠦᠬᠦ᠂ ᠨᠠᠷᠠᠬᠦᠢ ᠨᠢᠳᠤᠷᠭᠠᠨ | ᠲᠠᠮᠢᠷ᠂ ᠤᠰᠤᠨ ᠳᠤ ᠤᠮᠪᠠᠭ᠋ᠤ᠂ ᠬᠤᠷᠳᠤᠨ ᠠᠯᠬᠤᠬᠤ ᠵᠡᠷᠬᠡ ᠨᠢ ᠪᠦᠷ ᠨᠡᠯᠢᠶᠡᠳ ᠰᠡᠶᠢᠨ ᠦᠢᠯᠡᠳᠦᠯ ᠲᠠᠢ᠃ | ᠦᠷᠯᠦᠬᠡ ᠤᠷᠤᠢ ᠶᠢᠨ ᠴᠠᠭ ᠢᠶᠠᠷ ᠬᠦᠳᠡᠯᠬᠡᠬᠡᠨ ᠬᠢᠬᠦ ᠨᠢ ᠬᠡᠳᠦᠷᠬᠡᠢ ᠶᠡᠭᠡ ᠬᠦᠯᠦᠰᠦ ᠭᠠᠷᠬᠤ ᠶᠢ ᠬᠤᠷᠢᠭᠯᠠᠵᠤ | ᠴᠢᠳᠠᠨ᠎ᠠ᠃ | ᠡᠬᠦᠨ ᠠᠴᠠ ᠭᠠᠳᠠᠨ᠎ᠠ ᠰᠡᠳᠬᠢᠯ ᠢᠶᠠᠨ ᠠᠭᠤᠵᠢᠭᠤ ᠪᠠᠶᠢᠯᠭᠠᠵᠤ᠂ ᠬᠡᠳᠦ ᠬᠠᠯᠠᠭᠤᠨ ᠠᠴᠠ ᠪᠤᠯᠤᠭᠰᠠᠨ | ᠪᠠᠴᠢᠮᠳᠠᠬᠤ᠂ ᠪᠤᠬᠢᠨᠢᠳᠤᠬᠤ᠂ ᠲᠠᠮᠢᠷᠳᠠᠬᠤ ᠵᠡᠷᠬᠡ ᠢᠯᠡᠷᠡᠯ ᠢᠶᠠᠨ ᠨᠠᠮᠳᠠᠭᠤᠯᠤᠨ᠂ ᠨᠠᠮ ᠵᠢᠮ ᠤᠷᠴᠢᠨ ᠳᠤ ᠨᠤᠮ | ᠤᠡᠭᠰᠢᠬᠤ᠂ ᠬᠤᠸᠠᠷ ᠴᠡᠴᠡᠭ ᠤᠰᠤᠯᠠᠬᠤ᠂ ᠬᠦᠭᠵᠢᠮ ᠰᠤᠨᠤᠰᠬᠤ ᠵᠡᠷᠬᠡ ᠠᠷᠭ᠎ᠠ ᠪᠠᠷ ᠦᠪᠡᠷ ᠤᠨ ᠪᠡᠶ᠎ᠡ | ᠰᠡᠳᠬᠢᠯ ᠢᠶᠠᠨ ᠠᠮᠤᠷᠵᠢᠭᠤᠯᠬᠤ ᠨᠢ ᠪᠠᠰᠠ ᠴᠢᠬᠤᠯᠠ ᠪᠠᠶᠢᠳᠠᠭ᠃ |