ᠨᠠᠶᠢᠳᠠ ᠶᠢᠨ ᠰᠠᠪᠬ᠎ᠠ ᠶᠢ ᠵᠦᠪ ᠬᠡᠷᠡᠭᠯᠡᠬᠦ ᠵᠦᠭᠯᠡᠬᠦᠷ
ᠨᠡᠶᠢᠲᠡᠯᠡᠭᠰᠡᠨ ᠴᠠᠭ᠄
2021/9/29
      ᠰᠠᠪᠬ᠎ᠠ ᠪᠤᠯ ᠤᠯᠠᠨ ᠵᠦᠢᠯ ᠤᠨ ᠡᠪᠡᠳᠴᠢᠨ ᠤ ︽ᠵᠠᠮᠴᠢ︾ ᠪᠤᠯᠤᠨ᠎ᠠ᠃ ᠰᠠᠪᠬ᠎ᠠ ᠪᠠᠷ ᠨᠤᠭᠤᠭ᠎ᠠ ᠰᠠᠪᠬᠠᠯᠠᠵᠤ ᠢᠳᠡᠬᠦ ᠦᠶᠠᠰ᠂ ᠰᠢᠯᠦᠰᠦ᠂ ᠡᠪᠡᠳᠴᠢᠨ ᠤ ᠪᠠᠺᠲ᠋ᠧᠷᠢ ᠨᠢ ᠰᠠᠪᠬ᠎ᠠ ᠶᠢ ᠲᠠᠭᠠᠵᠤ ᠨᠤᠭᠤᠭ᠎ᠠ ᠳᠤ ᠤᠷᠤᠵᠤ ᠡᠪᠡᠳᠴᠢᠨ ᠤ ᠪᠠᠺᠲ᠋ᠧᠷᠢ ᠶᠢᠨ ︽ᠵᠠᠮᠴᠢᠯᠠᠬᠴᠢ︾ ᠪᠤᠯᠳᠠᠭ᠃       ᠰᠢᠨ᠎ᠠ ᠲᠢᠳᠢᠮᠯᠢᠭ ᠠᠭᠤᠰᠬᠢᠨ ᠦᠷᠪᠢᠰᠦᠯ ᠠᠴᠠ ᠭᠠᠳᠠᠨ᠎ᠠ᠂ ᠲᠤᠤᠷᠡᠬᠢ ᠬᠡᠳᠦᠨ ᠵᠦᠢᠯ ᠤᠨ ᠰᠢᠩᠬᠡᠬᠡᠯᠳᠡ  ᠶᠢᠨ ᠵᠠᠮ ᠢᠶᠠᠷ ᠲᠠᠮᠵᠢᠨ ᠲᠠᠷᠬᠠᠬᠤ ᠡᠪᠡᠳᠴᠢᠨ ᠴᠤ ᠨᠢᠬᠡ ᠴᠠᠭ ᠤᠨ ᠬᠤᠭᠤᠯᠠᠨ ᠳᠤ ᠰᠠᠪᠬ᠎ᠠ ᠵᠡᠷᠭᠡ ᠬᠤᠭᠤᠯᠠᠨ ᠤ ᠬᠡᠷᠡᠭᠰᠡᠯ ᠢ ᠬᠤᠯᠢᠵᠤ ᠬᠡᠷᠡᠭᠯᠡᠭᠰᠡᠨ ᠠᠴᠠ ᠪᠤᠯᠵᠤ ᠲᠠᠷᠬᠠᠵᠤ ᠮᠡᠳᠡᠨ᠎ᠠ᠃      ᠡᠯᠢᠬᠡᠨ ᠤ A ᠦᠷᠪᠢᠰᠦᠯ᠂ ᠡᠯᠢᠬᠡᠨ ᠤ E ᠦᠷᠪᠢᠰᠦᠯ      ᠡᠯᠢᠬᠡᠨ ᠤ A ᠦᠷᠪᠢᠰᠦᠯ ᠪᠠ ᠡᠯᠢᠬᠡᠨ ᠤ E ᠦᠷᠪᠢᠰᠦᠯ ᠨᠢ ᠭᠤᠤᠯᠳᠠᠭᠤ ᠰᠢᠩᠬᠡᠬᠡᠯᠳᠡ ᠶᠢᠨ ᠵᠠᠮ ᠢᠶᠠᠷ ᠲᠠᠮᠵᠢᠨ ᠲᠠᠷᠬᠠᠳᠠᠭ᠂ ᠲᠠᠷᠤᠢ ᠪᠠᠭᠠᠰᠤ ᠢᠯᠭᠠᠳᠠᠰᠤ ᠪᠠ ᠠᠮᠠ ᠪᠠᠷ ᠲᠠᠮᠵᠢᠨ ᠲᠠᠷᠬᠠᠳᠠᠭ ᠪᠦᠬᠡᠳ ᠸᠢᠷᠦ᠋ᠰ ᠨᠢ ᠠᠭᠠᠷ  ᠢᠶᠠᠷ ᠠᠮᠠᠷᠬᠠᠨ ᠲᠠᠷᠬᠠᠳᠠᠭ᠂ ᠬᠡᠷᠪᠡ ᠤᠷᠳᠤ ᠬᠤᠭᠤᠴᠠᠭ᠎ᠠ ᠪᠠᠷ ᠡᠨᠡ ᠬᠤᠶᠠᠷ ᠵᠦᠢᠯ ᠤᠨ ᠡᠯᠢᠬᠡᠨ ᠡᠪᠡᠳᠴᠢᠳᠠᠨ ᠲᠠᠢ ᠬᠠᠮᠳᠤ ᠴᠤᠮᠤ᠂ ᠠᠶᠠᠭ᠎ᠠ ᠰᠠᠪᠬ᠎ᠠ ᠶᠢ ᠬᠡᠷᠡᠭᠯᠡᠪᠡᠯ᠂ ᠸᠢᠷᠦ᠋ᠰ ᠨᠢ ᠰᠢᠯᠦᠰᠦ ᠵᠡᠷᠭᠡ ᠪᠠᠷ ᠲᠠᠮᠵᠢᠨ ᠲᠠᠷᠬᠠᠵᠤ ᠮᠠᠳᠠᠨ᠎ᠠ᠃ ᠭᠠᠷ ᠬᠦᠯ ᠠᠮᠠᠨ ᠡᠪᠡᠳᠴᠢᠨ ᠭᠠᠷ ᠬᠦᠯ ᠠᠮᠠᠨ ᠤ ᠡᠪᠡᠳᠴᠢᠨ ᠪᠤᠯ ᠬᠡᠳᠡᠰᠦᠨ ᠤ ᠸᠢᠷᠦ᠋ᠰ ᠠᠴᠠ ᠪᠤᠯᠤᠬᠰᠠᠨ ᠬᠠᠯᠳᠠᠪᠤᠷᠢᠳᠤ ᠡᠪᠡᠳᠴᠢᠨ ᠪᠤᠯᠤᠨ᠎ᠠ᠂ ᠬᠠᠯᠠᠭᠤᠷᠠᠬᠤ᠂ ᠠᠮᠠᠨ ᠬᠦᠨᠳᠠᠢ ᠶᠢᠨ ᠰᠢᠷᠬᠠᠯᠠᠭ᠎ᠠ ᠪᠠ ᠴᠦᠪᠦ᠋ᠷᠢᠬᠦᠳᠦ ᠡᠰᠡᠷᠬᠡᠨ᠎ᠠ ᠪᠠᠷ ᠤᠨᠴᠠᠯᠢᠭ ᠪᠤᠯᠭᠠᠳᠠᠭ᠂ ᠬᠠᠯᠳᠠᠪᠤᠷᠢᠯᠠᠬᠤ ᠵᠠᠮ ᠨᠢ ᠭᠤᠤᠯᠳᠠᠭᠤ ᠬᠠᠯᠳᠠᠪᠤᠷᠢᠯᠠᠬᠴᠢ ᠶᠢᠨ ᠬᠠᠮᠠᠷ ᠬᠤᠭᠤᠯᠠᠢ ᠶᠢᠨ ᠰᠢᠯᠦᠰᠦ ᠪᠤᠶᠤ ᠪᠠᠭᠠᠰᠤ ᠵᠡᠷᠭᠡ ᠪᠤᠯᠤᠨ᠎ᠠ᠃ 6 ᠨᠠᠰᠤᠨ ᠠᠴᠠ ᠲᠤᠷᠤᠬᠰᠢᠬᠢ ᠬᠡᠦᠬᠡᠳ ᠨᠢ ︽ᠹᠢᠽᠢᠥᠯᠥᠬᠢ ᠶᠢᠨ ᠴᠢᠨᠠᠷᠳᠠᠢ ᠦᠯᠦ ᠬᠠᠯᠳᠠᠭᠠᠯᠳᠠ ᠶᠢᠨ ᠴᠢᠳᠠᠪᠤᠷᠢ ᠲᠤᠤᠷ᠎ᠠ ᠪᠠᠶᠢᠳᠠᠯ︾ ᠳᠤ ᠤᠷᠤᠰᠢᠵᠤ ᠪᠠᠶᠢᠬᠤ ᠪᠤᠯᠬᠤᠷ ᠠᠶᠠᠭ᠎ᠠ ᠰᠠᠪᠬ᠎ᠠ ᠶᠢ ᠬᠠᠮᠳᠤ ᠬᠡᠷᠡᠭᠯᠡᠪᠡᠯ ᠠᠮᠠᠷᠬᠠᠨ ᠸᠢᠷᠦ᠋ᠰ ᠤᠨ ᠰᠤᠯᠪᠢᠴᠠᠯ ᠬᠠᠯᠳᠠᠪᠤᠷᠢᠯᠠᠯ ᠡᠬᠦᠰᠦᠨ᠎ᠠ᠃ ᠬᠡᠷ ᠲᠡᠭᠡᠨ ᠪᠠ ᠬᠡᠦᠬᠡᠳ ᠤᠨ ᠴᠡᠴᠡᠷᠯᠢᠭ ᠲᠤ ᠢᠳᠡᠬᠡᠨ ᠤᠮᠳᠠᠭᠠᠨ ᠪᠠ ᠬᠤᠪᠢ ᠬᠦᠮᠦᠨ ᠤ ᠡᠷᠡᠬᠦᠯ ᠬᠠᠮᠠᠭᠠᠯᠠᠯ ᠢ ᠠᠩᠬᠠᠷᠴᠤ᠂ ᠲᠤᠰᠬᠠᠢ ᠠᠶᠠᠭ᠎ᠠ ᠰᠠᠪᠬ᠎ᠠ ᠶᠢ ᠬᠡᠷᠡᠭᠯᠡᠵᠤ᠂ ᠬᠡᠦᠬᠡᠳ ᠤᠨ ᠬᠤᠭᠤᠷᠤᠨᠳᠤ ᠬᠠᠷᠢᠯᠴᠠᠨ ᠬᠠᠯᠳᠠᠪᠤᠷᠢᠯᠠᠬᠤ ᠠᠴᠠ ᠰᠡᠷᠬᠡᠶᠢᠯᠡᠨ᠎ᠠ᠃ ᠬᠤᠳᠤᠭᠤᠳᠤᠨ ᠡᠪᠡᠳᠴᠢᠨ ᠴᠢᠨᠠᠬᠰᠢᠯᠠᠪᠠᠯ ᠬᠤᠳᠤᠭᠤᠳᠤᠨ ᠦᠮᠠᠨ ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠪᠤᠯ ᠤᠯᠠᠨ ᠵᠦᠢᠯ ᠤᠨ ᠬᠤᠳᠤᠭᠤᠳᠤᠨ ᠡᠪᠡᠳᠴᠢᠨ ᠤ ᠬᠡᠷᠡᠭ ᠤᠨ ᠲᠦᠷᠦᠬᠦᠦ ᠪᠤᠯᠤᠨ᠎ᠠ᠂ ᠲᠡᠯᠡᠬᠡᠢ ᠶᠢᠨ ᠡᠷᠡᠬᠦᠯ ᠬᠠᠮᠠᠭᠠᠯᠠᠯ ᠤᠨ ᠵᠤᠬᠢᠶᠠᠨ ᠪᠠᠶᠢᠭᠤᠯᠤᠯᠳᠠ ᠳᠤ ᠬᠠᠷᠢᠶᠠᠯᠠᠬᠳᠠᠬᠤ ᠤᠯᠠᠨ ᠤᠯᠤᠰ ᠤᠨ ᠦᠮᠠᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠨᠢ ᠲᠡᠬᠦᠨ ᠢ ᠨᠢᠬᠡᠨᠳᠡ ᠬᠤᠳᠤᠭᠤᠳᠤᠨ ᠦᠮᠠᠨ ᠢ ᠡᠬᠦᠰᠬᠡᠬᠦ ᠨᠢᠬᠡᠳᠦᠬᠡᠷ ᠲᠦᠷᠦᠯ ᠤᠨ ᠦᠮᠠᠨ ᠡᠬᠦᠰᠬᠡᠬᠦ ᠪᠠᠺᠲ᠋ᠧᠷᠢ ᠪᠤᠯᠭᠠᠨ ᠨᠠᠶᠢᠳᠠᠯᠡᠭᠰᠡᠨ ᠪᠠᠶᠢᠨ᠎ᠠ᠃ ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠶᠢᠨ ᠬᠠᠯᠳᠠᠪᠤᠷᠢᠯᠠᠯ ᠨᠢ ᠬᠡᠷ ᠪᠦᠯᠢ ᠶᠢᠨ ᠴᠤᠬᠯᠠᠷᠠᠬᠤ ᠴᠢᠨᠠᠷᠳᠠᠢ ᠤᠨᠴᠠᠯᠢᠭ ᠲᠠᠢ᠃ ᠬᠠᠯᠳᠠᠪᠤᠷᠢᠯᠠᠬᠴᠢ ᠶᠢᠨ ᠰᠢᠳᠦᠨ ᠤ ᠪᠠᠺᠲ᠋ᠧᠷᠢ ᠶᠢᠨ ᠲᠤᠯᠪᠤᠷ ᠪᠠ ᠰᠢᠯᠦᠰᠦᠨ ᠤ ᠬᠤᠳᠤᠭᠤᠳᠤᠨ ᠮᠤᠬᠤᠷ ᠤᠨ ᠡᠷᠬᠢᠬᠦᠯᠬᠡᠨ ᠰᠠᠪᠬᠠᠨᠴᠢᠷ ᠪᠠᠺᠲ᠋ᠧᠷᠢ ᠠᠭᠤᠯᠵᠤ ᠪᠠᠶᠢᠳᠠᠭ᠂ ᠬᠤᠭᠤᠯᠠ ᠬᠤᠪᠢᠶᠠᠬᠤ ᠦᠬᠡᠢ ᠪᠠᠶᠢᠳᠠᠯ ᠲᠤᠤᠷ᠎ᠠ ᠰᠠᠪᠬ᠎ᠠ ᠨᠢ ᠡᠪᠡᠳᠴᠢᠨ ᠤ ᠪᠠᠺᠲ᠋ᠧᠷᠢ ᠶᠢᠨ ᠬᠠᠯᠳᠠᠪᠤᠷᠢᠯᠠᠯ ᠤᠨ ᠵᠠᠭᠤᠴᠢ ᠪᠤᠯᠵᠤ ᠮᠠᠳᠠᠨ᠎ᠠ᠃ ᠬᠢᠵᠢᠭ ᠢ ᠡᠰᠡᠷᠬᠦᠴᠡᠬᠦ ᠳᠤ ᠠᠶᠢᠯ ᠪᠤᠯᠭᠠᠨ ᠤ ᠬᠡᠷ ᠤᠨ ᠬᠤᠭᠤᠯᠠᠨ ᠰᠢᠷᠡᠭᠡ ᠠᠴᠠ ᠡᠬᠢᠯᠡᠨ ᠸᠢᠷᠦ᠋ᠰ ᠢ ᠠᠮᠠᠨ ᠤ ᠭᠠᠳᠠᠨ᠎ᠠ ᠪᠦᠳᠦᠮᠵᠢᠳᠡᠢ ᠬᠠᠰᠢᠶ᠎ᠠ᠃ ᠬᠡᠷ ᠲᠡᠭᠡᠨ ᠬᠤᠭᠤᠯᠠ ᠢᠳᠡᠬᠦ ᠦᠶᠠᠰ      ᠨᠢᠬᠡ᠂ ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ ᠬᠦᠮᠦᠨ ᠪᠦᠷᠢ ᠦᠪᠡᠷ ᠤᠨ ᠠᠶᠠᠭ᠎ᠠ᠂ ᠰᠠᠪᠬ᠎ᠠ ᠪᠠ ᠬᠠᠯᠪᠠᠭ᠎ᠠ ᠪᠠᠷ ᠬᠤᠭᠤᠯᠠ ᠢᠳᠡᠵᠤ᠂ ᠢᠳᠡᠬᠡᠨ ᠰᠠᠪᠠᠯᠠᠵᠤ ᠪᠠᠶᠢᠭ᠎ᠠ ᠰᠠᠪᠠᠨ ᠳᠤ ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ ᠲᠠᠯᠪᠢᠵᠤ᠂ ᠬᠦᠮᠦᠨ ᠪᠦᠷᠢ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠪᠠᠷ ᠢᠳᠡᠬᠡᠨ ᠠᠪᠤᠨ᠎ᠠ᠃       ᠬᠤᠶᠠᠷ᠂ ᠲᠤᠬᠳᠠᠬᠰᠠᠨ ᠬᠤᠭᠤᠯᠠᠨ ᠤ ᠬᠡᠷᠡᠭᠰᠡᠯ ᠬᠡᠷ ᠪᠦᠯᠢ ᠶᠢᠨ ᠪᠦᠷᠢᠯᠳᠦᠬᠦᠨ ᠨᠢᠬᠡᠪᠦᠷᠢ ᠳᠤ ᠦᠪᠡᠷ ᠤᠨ ᠠᠶᠠᠭ᠎ᠠ᠂ ᠰᠠᠪᠬ᠎ᠠ᠂ ᠬᠠᠯᠪᠠᠭ᠎ᠠ᠂ ᠤᠰᠤᠨ ᠤ ᠴᠤᠮᠤ ᠲᠠᠢ ᠪᠠᠶᠢᠯᠭᠠᠵᠤ᠂ ᠭᠠᠳᠠᠷ ᠬᠡᠯᠪᠡᠷᠢ ᠪᠤᠶᠤ ᠦᠩᠬᠡ ᠠᠴᠠ ᠨᠢ ᠠᠮᠠᠷᠬᠠᠨ ᠢᠯᠭᠠᠵᠤ ᠴᠢᠳᠠᠬᠤ ᠶᠢ ᠬᠤᠳᠠᠯᠳᠤᠵᠤ ᠠᠪᠤᠨ᠎ᠠ᠃      ᠭᠤᠷᠪᠠ᠂ ᠬᠤᠭᠤᠯᠠ ᠬᠤᠪᠢᠶᠠᠬᠤ ᠬᠢᠭᠰᠡᠨ ᠬᠤᠭᠤᠯᠠ ᠪᠤᠳᠠᠭ᠎ᠠ ᠪᠠᠨ ᠰᠢᠭᠤᠳ ᠬᠡᠷ ᠤᠨ ᠪᠦᠷᠢᠯᠳᠦᠬᠦᠨ ᠤ ᠫᠢᠯᠠ᠂ ᠠᠶᠠᠭᠠᠨ ᠲᠤᠳᠤᠷ᠎ᠠ ᠬᠤᠪᠢᠶᠠᠵᠤ᠂ ᠤᠯᠠᠨ ᠢᠶᠠᠷ ᠢᠶᠠᠨ ᠰᠢᠷᠡᠭᠡ ᠪᠠᠨ ᠲᠤᠭᠤᠷᠢᠨ ᠰᠠᠭᠤᠵᠤ ᠬᠠᠮᠳᠤ ᠬᠤᠭᠤᠯᠠ ᠪᠠᠨ ᠢᠳᠡᠪᠡᠯ ᠪᠤᠯᠴᠢᠬᠠᠨ᠎ᠠ᠃      ᠲᠦᠷᠪᠡ᠂ ᠬᠡᠦᠬᠡᠳ ᠢ ᠢᠳᠡᠬᠦᠯᠬᠦ ᠬᠡᠦᠬᠡᠳ ᠢ ᠡᠷᠳᠡᠬᠡᠨ ᠪᠠᠶ᠎ᠠ ᠪᠠᠨ ᠲᠠᠭᠠᠭᠠᠵᠤ ᠬᠤᠭᠤᠯᠠ ᠢᠳᠡᠬᠦ ᠶᠢ ᠵᠤᠷᠢᠬᠵᠢᠭᠤᠯᠤᠨ᠎ᠠ᠃ ᠬᠤᠭᠤᠯᠠ ᠢᠳᠡᠵᠤ ᠲᠠᠶᠢᠯᠬᠦ ᠦᠬᠡᠢ ᠨᠢᠯᠬ᠎ᠠ ᠬᠡᠦᠬᠡᠳ ᠲᠤ ᠪᠤᠯ ᠬᠡᠷ ᠤᠨ ᠠᠬᠠᠮᠠᠳ ᠪᠤᠶᠤ ᠠᠰᠠᠷᠠᠬᠴᠢ ᠨᠢ ᠵᠠᠪᠠᠯ ᠵᠤᠬᠢᠰᠳᠠᠢ ᠠᠷᠭ᠎ᠠ ᠬᠡᠯᠪᠡᠷᠢ ᠪᠠᠷ ᠬᠡᠦᠬᠡᠳ ᠤᠨ ᠢᠳᠡᠬᠡᠨ ᠤ ᠲᠤᠯᠠᠭᠠᠨ ᠤ ᠬᠡᠮᠵᠢᠶ᠎ᠠ ᠶᠢ ᠡᠵᠡᠮᠰᠢᠨ᠂ ᠬᠡᠦᠬᠡᠳ ᠤᠨ ᠢᠳᠡᠬᠡᠨ ᠤᠮᠳᠠᠭᠠᠨ ᠢ ᠨᠢ ᠲᠤᠷᠰᠢᠵᠤ ᠦᠵᠡᠬᠦ᠂ ᠬᠡᠦᠬᠡᠳ ᠢ ᠬᠠᠪᠰᠤᠷᠤᠨ ᠢᠳᠡᠬᠡᠨ ᠵᠠᠵᠢᠯᠠᠬᠤ᠂ ᠠᠮᠠᠨ ᠠᠴᠠ ᠪᠠᠨ ᠰᠢᠭᠤᠳ ᠬᠡᠦᠬᠡᠳ ᠲᠤ ᠢᠳᠡᠬᠦᠯᠬᠦ᠂ ᠬᠡᠦᠬᠡᠳ ᠲᠠᠢ ᠬᠠᠮᠳᠤ ᠬᠤᠭᠤᠯᠠᠨ ᠤ ᠰᠡᠪᠡ ᠬᠡᠷᠡᠭᠰᠡᠯ ᠬᠡᠷᠡᠭᠯᠡᠬᠦ ᠵᠡᠷᠭᠡ ᠶᠢ ᠴᠢᠩᠭ᠎ᠠ ᠴᠠᠭᠠᠵᠠᠯᠠᠨ᠎ᠠ᠃ ᠭᠠᠳᠠᠨ᠎ᠠ ᠭᠠᠷᠴᠤ ᠬᠤᠭᠤᠯᠠ ᠢᠳᠡᠬᠦ ᠦᠶᠠᠰ      ᠨᠢᠬᠡ᠂ ᠦᠪᠡᠷ ᠤᠨ ᠰᠠᠪᠬ᠎ᠠ ᠪᠤᠯᠤᠨ ᠬᠠᠯᠪᠠᠭ᠎ᠠ ᠪᠠᠨ ᠠᠪᠴᠤ᠂ ᠬᠤᠭᠤᠯᠠᠨ ᠬᠡᠷ ᠤᠨ ᠬᠤᠭᠤᠯᠠᠨ ᠤ ᠬᠡᠷᠡᠭᠰᠡᠯ  ᠢ ᠨᠠᠶᠢᠳᠠ ᠶᠢᠨ ᠰᠠᠪᠬ᠎ᠠ ᠪᠤᠯᠤᠨ ᠨᠠᠶᠢᠳᠠ ᠶᠢᠨ ᠬᠠᠯᠪᠠᠭ᠎ᠠ ᠪᠤᠯᠭᠠᠨ᠎ᠠ᠃ ᠬᠤᠶᠠᠷ᠂ ᠬᠤᠭᠤᠯᠠᠨ ᠬᠡᠷ ᠤᠨ ᠬᠤᠭᠤᠯᠠᠨ ᠤ ᠰᠡᠪᠡ ᠬᠡᠷᠡᠭᠰᠡᠯ ᠢ ᠬᠡᠷᠡᠭᠯᠡᠬᠦ ᠳᠡᠭᠡᠨ ᠨᠤᠭᠤᠭ᠎ᠠ ᠶᠢᠨ ᠫᠢᠯᠠ᠂ ᠫᠧᠩᠰᠠ᠂ ᠲᠤᠭᠤᠭ᠎ᠠ ᠵᠡᠷᠭᠡ ᠢᠳᠡᠬᠡᠨ ᠰᠠᠪᠠᠯᠠᠬᠤ ᠰᠡᠪᠡ ᠲᠡᠬᠡᠷ᠎ᠠ ᠨᠠᠶᠢᠳᠠ ᠶᠢᠨ ᠰᠠᠪᠬ᠎ᠠ ᠨᠠᠶᠢᠳᠠ ᠶᠢᠨ ᠬᠠᠯᠪᠠᠭ᠎ᠠ ᠲᠠᠯᠪᠢᠬᠤ ᠶᠢ ᠰᠠᠨᠠᠭᠠᠴᠢᠯᠠᠭ᠎ᠠ ᠲᠠᠢ ᠱᠠᠭᠠᠷᠳᠠᠨ᠎ᠠ᠃ ᠨᠠᠶᠢᠳᠠ ᠶᠢᠨ ᠰᠠᠪᠬ᠎ᠠ ᠶᠢ ᠵᠦᠪ ᠬᠡᠷᠡᠭᠯᠡᠬᠦ ᠳᠤ ᠲᠤᠤᠷᠡᠬᠢ 6 ᠲᠠᠯ᠎ᠠ ᠶᠢ ᠠᠩᠬᠠᠷᠤᠨ᠎ᠠ᠄ᠨᠢᠬᠡ᠂ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠬᠡᠷᠡᠭᠯᠡᠭᠰᠡᠨ ᠤ ᠲᠠᠷᠠᠭ᠎ᠠ ᠤᠭ ᠤᠷᠤᠨ ᠳᠤᠨᠢ ᠪᠤᠴᠠᠭᠠᠨ᠎ᠠ      ᠬᠤᠶᠠᠷ᠂ ᠨᠤᠭᠤᠭ᠎ᠠ ᠰᠠᠪᠬᠠᠯᠠᠬᠤ ᠳᠠᠭᠠᠨ ᠵᠤᠬᠢᠬᠤ ᠬᠡᠮᠵᠢᠶ᠎ᠠ ᠪᠠᠷ ᠠᠪᠴᠤ᠂ ᠢᠯᠡᠬᠦᠴᠠ ᠨᠤᠭᠤᠭ᠎ᠠ ᠶᠢ ᠫᠢᠯᠠ ᠳᠤ ᠲᠠᠬᠢᠨ ᠪᠤᠴᠠᠭᠠᠵᠤ ᠪᠤᠯᠬᠤ ᠦᠬᠡᠢ᠃      ᠭᠤᠷᠪᠠ᠂ ᠫᠢᠯᠠ ᠲᠤᠳᠤᠷᠡᠬᠢ ᠦᠪᠡᠷ ᠤᠨ ᠪᠠᠶ᠎ᠠ ᠲᠠᠢ ᠤᠶᠢᠷᠬᠠᠨ ᠨᠤᠭᠤᠭ᠎ᠠ ᠶᠢ ᠰᠠᠪᠬᠠᠯᠠᠵᠤ᠂ ᠨᠤᠭᠤᠭ᠎ᠠ ᠶᠢ ᠲᠤᠷ᠎ᠠ ᠪᠠᠷ ᠢᠶᠠᠨ ᠤᠷᠪᠠᠭᠤᠯᠬᠤ ᠦᠬᠡᠢ᠃      ᠲᠦᠷᠪᠡ᠂ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠨᠤᠭᠤᠭ᠎ᠠ ᠪᠤᠶᠤ ᠪᠤᠳᠠᠭᠠᠨ ᠳᠤ ᠬᠠᠳᠬᠤᠵᠤ ᠤᠷᠤᠭᠤᠯᠬᠤ ᠦᠬᠡᠢ᠃      ᠲᠠᠪᠤ᠂ ᠨᠠᠶᠢᠳᠠ ᠶᠢᠨ ᠬᠠᠯᠪᠠᠭ᠎ᠠ ᠪᠠᠷ ᠱᠦᠯᠦ ᠠᠶᠠᠭᠠᠯᠠᠬᠤ ᠳᠤ ᠱᠦᠯᠦ ᠶᠢᠨ ᠪᠢᠯᠬᠠᠷᠠᠵᠤ ᠠᠰᠬᠠᠬᠤ ᠠᠴᠠ ᠰᠡᠷᠬᠡᠶᠢᠯᠡᠨ᠎ᠠ᠃      ᠵᠢᠷᠭᠤᠭ᠎ᠠ᠂ ᠬᠤᠭᠤᠯᠠᠨ ᠤ ᠲᠠᠷᠠᠭ᠎ᠠ ᠦᠯᠡᠳᠡᠭᠰᠡᠨ ᠢᠳᠡᠬᠡᠨ ᠢ ᠴᠤᠬᠯᠠᠭᠤᠯᠬᠤ ᠳᠤ ᠨᠠᠶᠢᠳᠠ ᠶᠢᠨ ᠬᠠᠯᠪᠠᠭ᠎ᠠ ᠨᠠᠶᠢᠳᠠ ᠶᠢᠨ ᠰᠠᠪᠬ᠎ᠠ ᠶᠢ ᠬᠡᠷᠡᠭᠯᠡᠨ᠎ᠠ᠃ ᠬᠤᠭᠤᠯᠠᠨ ᠰᠢᠷᠡᠭᠡ ᠪᠤᠯᠭᠠᠨ ᠤ ᠲᠡᠬᠡᠷ᠎ᠠ ᠢᠯᠡᠬᠦᠦ ᠨᠢᠬᠡ ᠬᠤᠤᠰ ᠨᠠᠶᠢᠳᠠ ᠶᠢᠨ ᠰᠠᠪᠬ᠎ᠠ ᠲᠠᠯᠪᠢᠨ᠎ᠠ︔ ᠤᠯᠠᠨ ᠨᠠᠶᠢᠳᠠ ᠶᠢᠨ ᠢᠳᠡᠬᠡᠨ ᠤᠮᠳᠠᠭᠠᠨ ᠤ ᠲᠠᠯᠠᠪᠤᠷ ᠲᠤ ᠰᠠᠨᠠᠭᠠᠴᠢᠯᠠᠭ᠎ᠠ ᠠᠴᠠ ᠪᠠᠨ ᠨᠠᠶᠢᠳᠠ ᠶᠢᠨ ᠰᠠᠪᠬ᠎ᠠ ᠠᠪᠤᠨ᠎ᠠ᠃ ᠪᠢᠳᠠ ᠤᠬᠠᠮᠰᠠᠷ ᠠᠴᠠ ᠪᠠᠨ ᠬᠦᠳᠡᠯᠦᠯᠴᠠᠵᠤ᠂ ᠬᠡᠯᠡᠨ ᠤ ᠦᠵᠦᠬᠦᠷ ᠤᠨ ᠡᠷᠡᠬᠦᠯ ᠮᠠᠨᠳᠤ ᠪᠠᠨ ᠬᠠᠮᠳᠤ ᠪᠠᠷ ᠰᠠᠬᠢᠨ ᠬᠠᠮᠠᠭᠠᠯᠠᠶ᠎ᠠ᠃
ᠢᠷᠡᠯᠲᠡ᠄ ︽ᠦᠪᠦᠷ ᠮᠤᠩᠭᠤᠯ ᠤᠨ ᠰᠢᠨᠵᠢᠯᠡᠬᠦ ᠤᠬᠠᠭᠠᠨ ᠮᠡᠷᠭᠡᠵᠢᠯ︾ ᠰᠡᠳᠬᠦᠯ