ᠤᠶᠤᠨ᠎ᠠ᠂ ᠡᠮᠡᠭᠳᠡᠢ᠂ 1947 ᠤᠨ ᠤ 12 ᠰᠠᠷ᠎ᠠ ᠶᠢᠨ 13 ᠤ ᠡᠳᠦᠷ ᠲᠤ ᠤᠳᠤᠭ ᠬᠤᠰᠢᠭᠤᠨ ᠤ ᠰᠢᠨ᠎ᠡ ᠵᠤᠤ ᠰᠤᠮᠤᠨ ᠤ ᠪᠠᠶ᠋ᠬᠠᠤᠰᠤ ᠭᠠᠴᠠᠭ᠎ᠠ ︵ | ᠤᠤᠯ ᠤᠨ ᠴᠠᠪ ᠤᠨ ᠪᠠᠶᠠᠨᠳᠤᠯᠤᠭᠠᠢ ᠭᠠᠴᠠᠭ᠎ᠠ︶ ᠶᠢᠨ ᠵᠢᠷ ᠤᠨ ᠨᠢᠭᠡᠨ ᠮᠠᠯᠴᠢᠨ ᠠᠶᠢᠯ ᠳᠤ ᠵᠠᠶᠠᠭᠠᠵᠠᠢ᠃ ᠪᠠᠭ᠎ᠠ ᠶᠢᠨ ᠨᠡᠷ᠎ᠡ ᠭᠡᠰᠢᠭᠳᠦᠭ᠌ᠳᠠᠬᠤ ᠭᠡᠳᠡᠭ᠃ ᠬᠠᠷᠢᠨ | ᠨᠤᠳᠤᠭ ᠤᠨ ᠪᠤᠭᠤᠷᠤᠯᠴᠤᠳ ᠤᠳᠤ ᠴᠤ ᠭᠡᠰᠡᠨ ᠭᠡᠰᠢᠭᠳᠦᠭ᠌ᠳᠠᠬᠤ ᠭᠡᠵᠤ ᠲᠠᠭᠤᠳᠠᠳᠠᠭ ᠨᠢ ᠭᠡᠰᠢᠭ ᠪᠤᠶᠠᠨ ᠢ ᠲᠤᠭᠳᠠᠭᠠᠵᠤ ᠰᠠᠶᠢᠨ ᠶᠠᠪᠤᠳᠤᠭᠠᠢ ᠭᠡᠰᠡᠨ ᠰᠠᠶᠢᠬᠠᠨ | ᠵᠦᠭᠨᠡᠯ ᠢᠶᠠᠨ ᠲᠠᠯᠪᠢᠵᠤ ᠪᠠᠶᠢᠭ᠎ᠠ ᠴᠤ ᠪᠢᠯᠨ ᠤᠤ᠃ | 1956 ᠤᠨ ᠤ ᠨᠠᠮᠤᠷ ᠤᠶᠤᠨ᠎ᠠ ᠤᠳᠤᠭ ᠬᠤᠰᠢᠭᠤᠨ ᠤ ᠤᠯᠠᠭᠠᠨᠪᠠᠯᠭᠠᠰᠤ ᠳᠠᠬᠢ ᠮᠤᠩᠭᠤᠯ ᠪᠦᠷᠢᠨ ᠪᠠᠭ᠎ᠠ ᠰᠤᠷᠭᠠᠭᠤᠯᠢ ᠶᠢᠨ ᠠᠯᠳᠠᠨ ᠪᠤᠱᠤᠭ᠎ᠠ ᠶᠢ | ᠠᠩᠬ᠎ᠠ ᠠᠯᠬᠤᠵᠤ᠂ ᠰᠤᠶᠤᠯ ᠤᠨ ᠰᠢᠮ᠎ᠡ ᠶᠢ ᠭᠦᠷᠳᠡᠭᠰᠡᠨ ᠪᠠᠶᠢᠵᠠᠢ᠃ ᠲᠡᠷᠨ ᠰᠤᠷᠭᠠᠭᠤᠯᠢ ᠳᠤ ᠪᠠᠶᠢᠬᠤ ᠳᠠᠭᠠᠨ ᠰᠤᠶᠤᠯ᠂ ᠲᠠᠮᠢᠷ᠂ ᠤᠷᠠᠯᠢᠭ ᠲᠤ ᠲᠤᠷ᠎ᠠ | ᠪᠠᠭ᠋ᠠᠷᠤᠯ ᠲᠠᠢ ᠪᠠᠶᠢᠵᠤ᠂ ᠰᠤᠷᠭᠠᠭᠤᠯᠢ ᠶᠢᠨ ᠤᠷᠠᠨ ᠰᠠᠶᠢᠬᠠᠨ ᠤ ᠲᠤᠭᠯᠠᠯᠳᠠ ᠳᠤ ᠤᠯᠠᠨᠳᠠ ᠤᠷᠤᠯᠴᠠᠵᠤ ᠪᠠᠭᠰᠢ ᠰᠤᠷᠤᠭᠴᠢᠳ ᠤᠨ ᠤᠷᠮ᠎ᠠ ᠶᠢ ᠭᠦᠭᠵᠢᠭᠡᠨ᠂ | ᠠᠩᠭᠢ ᠶᠢᠨ ᠤᠨᠴᠠ ᠰᠤᠷᠤᠯᠭᠠᠳᠠᠨ᠂ ︽ᠭᠤᠷᠪᠠᠨ ᠰᠠᠶᠢᠳᠠᠢ︾᠂ ︽ᠲᠠᠪᠤᠨ ᠰᠠᠶᠢᠳᠠᠢ︾ ᠰᠤᠷᠤᠭᠴᠢ ᠵᠡᠷᠭᠡ ᠪᠠᠷ ᠬᠤᠰᠢᠭᠤ ᠰᠤᠷᠭᠠᠨ ᠭᠦᠮᠦᠵᠢᠯ ᠤᠨ ᠲᠤᠪᠴᠢᠶ᠎ᠠ | ᠪᠤᠯᠤᠨ ᠰᠤᠷᠭᠠᠭᠤᠯᠢ ᠶᠢᠨ ᠱᠠᠩᠨᠠᠯ ᠭᠦᠭᠢᠭᠦᠯᠦᠯ ᠢ ᠤᠯᠠᠨᠳᠠ ᠭᠦᠷᠳᠡᠵᠤ ᠪᠠᠶᠢᠭᠰᠠᠨ ᠪᠠᠶᠢᠵᠠᠢ᠃ 1962 ᠤᠨ ᠳᠤ ᠠᠩᠬ᠎ᠠ ᠲᠤᠮᠳᠠᠳᠤ ᠰᠤᠷᠭᠠᠭᠤᠯᠢ ᠳᠤ | ᠤᠷᠤᠭᠰᠠᠨ ᠪᠤᠯᠪᠠᠴᠤ᠂ ᠤᠯᠠᠨ ᠵᠦᠢᠯ ᠤᠨ ᠰᠢᠯᠳᠠᠭᠠᠨ ᠠᠴᠠ ᠪᠤᠯᠤᠭᠠᠳ ᠰᠤᠷᠤᠯᠭ᠎ᠠ ᠪᠠᠨ ᠵᠠᠭᠤᠷᠮᠠᠭ ᠵᠤᠭᠰᠤᠭᠰᠠᠨ ᠨᠢ ᠲᠡᠭᠦᠨ ᠤ ᠨᠠᠰᠤᠨ ᠤ ᠬᠠᠷᠠᠮᠰᠠᠯ ᠪᠤᠯᠵᠤ | ᠪᠠᠶᠢᠨ ᠪᠠᠶᠢᠨ ᠵᠡᠭᠦᠳᠦᠯᠡᠵᠤ᠂ ᠵᠡᠭᠦᠳᠦᠨ ᠠᠴᠠ ᠪᠠᠨ ᠨᠢᠯᠪᠤᠰᠤ ᠲᠠᠢ ᠰᠤᠴᠢᠨ ᠰᠡᠷᠢᠳᠡᠭ ᠪᠢᠯᠨ᠃ | 1963 ᠤᠨ ᠳᠤ ᠡᠪ ᠬᠠᠮᠳᠤ ᠵᠠᠯᠠᠭᠤᠴᠤᠳ ᠤᠨ ᠡᠪᠯᠡᠯ ᠳᠤ ᠡᠯᠰᠡᠭᠳᠡᠵᠤ᠂ 1964 ᠤᠨ ᠤ 8 ᠳ᠋ᠤᠭᠠᠷ ᠰᠠᠷ᠎ᠠ ᠠᠴᠠ 1970 ᠤᠨ ᠭᠦᠷᠳᠡᠯ᠎ᠡ | ᠤᠳᠤᠭ ᠬᠤᠰᠢᠭᠤᠨ ᠤ ᠮᠤᠭᠠᠶᠢᠳᠤ ᠰᠤᠮᠤᠨ ᠤ ᠡᠮᠡᠭᠳᠡᠶᠢᠴᠤᠳ ᠤᠨ ᠠᠵᠢᠯ ᠢ ᠬᠠᠷᠢᠭᠤᠴᠠᠨ ᠭᠢᠪᠡ᠃ ᠡᠨ᠋ᠨ ᠭᠦ ᠬᠤᠭᠤᠴᠠᠭᠠᠨ ᠳᠤ ᠲᠡᠷᠢᠭᠦᠨ ᠤ ᠵᠢᠱᠢᠶᠡᠴᠢ | ᠠᠵᠢᠯᠳᠠᠨ ᠢᠶᠠᠷ ᠰᠤᠩᠭᠤᠭᠳᠠᠵᠤ᠂ ᠬᠤᠰᠢᠭᠤ ᠱᠠᠳᠤ ᠪᠤᠯᠤᠨ ᠰᠤᠮᠤᠨ ᠤ ᠱᠠᠩᠨᠠᠯ ᠭᠦᠭᠢᠭᠦᠯᠦᠯ ᠢ ᠭᠦᠷᠳᠡᠵᠤ ᠦᠡᠭᠭᠡᠷᠡᠪᠡ᠃ ᠡᠨ᠋ᠨ ᠭᠦ ᠬᠤᠭᠤᠴᠠᠭᠠᠨ ᠳᠤ 1966 | ᠤᠨ ᠤ 5 ᠳ᠋ᠤᠭᠠᠷ ᠰᠠᠷ᠎ᠠ ᠳᠤ ᠡᠪ ᠬᠠᠮᠳᠤ ᠨᠠᠮ ᠳᠤ ᠡᠯᠰᠡᠭᠳᠡᠨ ᠤᠷᠤᠪᠠ᠃ | 1971 ᠤᠨ ᠤ 1 ᠳ᠋ᠤᠭᠡᠷ ᠰᠠᠷ᠎ᠠ ᠠᠴᠠ 1973 ᠤᠨ ᠤ 10 ᠳ᠋ᠤᠭᠠᠷ ᠰᠠᠷ᠎ᠠ ᠭᠦᠷᠳᠡᠯ᠎ᠡ᠂ ᠦᠤᠰᠢᠨ ᠬᠤᠰᠢᠭᠤᠨ ᠤ ᠰᠢᠨᠬᠤᠸ᠋ᠨ ᠨᠤᠮ ᠤᠨ ᠲᠡᠯᠭᠡᠭᠦᠷ ᠲᠤ | ᠠᠵᠢᠯᠯᠠᠵᠤ᠂ ᠨᠤᠮ ᠰᠤᠳᠤᠷ ᠲᠠᠢ ᠨᠦᠭᠦᠷᠯᠡᠪᠡ᠃ | 1973 ᠤᠨ ᠤ 10 ᠰᠠᠷ᠎ᠠ ᠠᠴᠠ 1975 ᠤᠨ ᠪᠤᠯᠳᠠᠯ᠎ᠠ ᠤᠳᠤᠭ ᠬᠤᠰᠢᠭᠤᠨ ᠤ ᠲᠠᠷᠢᠶᠠᠯᠠᠩ ᠮᠠᠰᠢᠨᠴᠢᠯᠠᠯᠳᠠ ᠶᠢᠨ ᠦᠷᠳᠡᠭᠡ ᠳᠤ ᠪᠡᠯᠨ ᠮᠦᠡᠭᠭᠦ | ᠬᠠᠮᠢᠶᠠᠷᠤᠭᠴᠢ ᠶᠢᠨ ᠠᠵᠢᠯ ᠢ ᠭᠠᠷᠳᠠᠨ ᠭᠢᠪᠡ᠃ ᠡᠨ᠋ᠨ ᠬᠤᠭᠤᠴᠠᠭᠠᠨ ᠳᠤ ᠰᠢᠯᠢᠳᠡᠭ ᠨᠠᠮ ᠤᠨ ᠭᠡᠰᠢᠭᠦᠨ ᠢᠶᠠᠷ ᠰᠤᠩᠭᠤᠭᠳᠠᠵᠤ ᠱᠠᠩᠨᠠᠯ ᠤᠯᠵᠤ ᠦᠡᠭᠭᠡᠷᠡᠪᠡ᠃ | 1975 ᠤᠨ ᠠᠴᠠ 1980 ᠤᠨ ᠤ 10 ᠰᠠᠷ᠎ᠠ ᠭᠦᠷᠳᠡᠯ᠎ᠡ ᠤᠳᠤᠭ ᠬᠤᠰᠢᠭᠤᠨ ᠤ ᠨᠠᠮ ᠤᠨ ᠬᠤᠷᠢᠶᠠᠨ ᠤ ᠵᠤᠭᠢᠶᠠᠨ ᠪᠠᠶᠢᠭᠤᠯᠬᠤ ᠭᠡᠯᠳᠡᠰ ᠲᠤ | ᠠᠵᠢᠯᠯᠠᠪᠠ᠃ | 1980 ᠤᠨ ᠳᠤ ᠤᠤᠯ ᠤᠨ ᠤᠳᠤᠭ ᠬᠤᠰᠢᠭᠤ ᠶᠢ ᠤᠳᠤᠭ ᠬᠤᠰᠢᠭᠤ ᠪᠤᠯᠤᠨ ᠤᠳᠤᠭ ᠤᠨ ᠡᠮᠤᠨᠡᠳᠥ ᠬᠤᠰᠢᠭᠤ ᠭᠡᠵᠤ ᠬᠤᠶᠠᠷ ᠬᠤᠰᠢᠭᠤ ᠪᠤᠯᠭᠠᠨ | ᠬᠤᠪᠢᠶᠠᠬᠤ ᠳᠤ ᠤᠳᠤᠭ ᠤᠨ ᠡᠮᠤᠨᠡᠳᠥ ᠬᠤᠰᠢᠭᠤᠨ ᠤ ᠵᠤᠭᠢᠶᠠᠨ ᠪᠠᠶᠢᠭᠤᠯᠬᠤ ᠭᠡᠯᠳᠡᠰ ᠲᠤ ᠬᠤᠪᠢᠶᠠᠭᠳᠠᠨ ᠠᠵᠢᠯᠯᠠᠪᠠ᠃ | 1983 ᠤᠨ ᠠᠴᠠ 1994 ᠤᠨ ᠤ 10 ᠰᠠᠷ᠎ᠠ ᠪᠤᠯᠳᠠᠯ᠎ᠠ ᠤᠳᠤᠭ ᠬᠤᠰᠢᠭᠤᠨ ᠤ ᠨᠠᠮ ᠤᠨ ᠬᠤᠷᠢᠶᠠᠨ ᠤ ᠠᠯᠪᠠᠨ ᠭᠡᠷ ᠲᠤ ᠨᠢᠭᠤᠴᠠ ᠪᠢᠴᠢᠭ | ᠮᠠᠲ᠋ᠧᠷᠢᠶᠠᠯ ᠢ ᠬᠠᠮᠠᠭᠠᠯᠠᠬᠤ ᠠᠵᠢᠯ ᠢ ᠬᠠᠷᠢᠭᠤᠴᠠᠨ ᠭᠢᠵᠤ ᠲᠡᠳ᠋ ᠰᠠᠯᠠᠭᠠᠨ ᠲᠡᠰ ᠤᠨ ᠲᠤᠰᠢᠶᠠᠯ ᠲᠠᠢ ᠪᠤᠯᠪᠠ᠃ | ᠤᠶᠤᠨ᠎ᠠ ᠠᠵᠢᠯ ᠤᠨ ᠴᠢᠯᠦᠭᠡᠨ ᠳᠡᠭᠡᠨ ᠪᠠᠭ᠎ᠠ ᠳᠤ ᠴᠡᠭᠡᠵᠢᠯᠡᠵᠤ ᠪᠠᠶᠢᠭᠰᠠᠨ ᠤᠨᠢᠰᠤᠭ᠎ᠠ᠂ ᠦᠯᠢᠭᠡᠷ ᠲᠤᠮᠤᠭ ᠶᠠᠷᠢᠶ᠎ᠠ ᠨᠤᠭᠤᠳ ᠢ ᠡᠮᠭᠢᠳᠭᠡᠨ ᠪᠢᠴᠢᠵᠤ ︽ | ᠲᠠᠯᠠᠢ ᠯᠠᠮᠨ ᠶᠢᠨ ᠰᠠᠭᠤᠭᠰᠠᠨ ᠬᠠᠰᠠᠭ ᠤᠨ ᠮᠦᠷ︾ ᠭᠡᠭᠦ ᠤᠬᠤᠷ ᠲᠤᠮᠤᠭ ᠶᠠᠷᠢᠶ᠎ᠠ ᠪᠠᠨ 1984 ᠤᠨ ᠳᠤ ᠤᠳᠤᠭ ᠬᠤᠰᠢᠭᠤᠨ ᠤ ︽ᠤᠷᠠᠨ ᠲᠦᠰᠢ︾ | ᠰᠡᠳᠭᠦᠯ ᠤᠨ ᠨᠢᠭᠡᠳᠦᠭᠡᠷ ᠬᠤᠭᠤᠴᠠᠭ᠎ᠠ ᠳᠤ ᠨᠡᠶᠢᠳᠡᠯᠡᠭᠦᠯᠵᠤ᠂ ᠶᠡᠷᠡᠭᠡᠳ ᠤᠨ ᠠᠴᠠ ᠡᠭᠢᠯᠡᠵᠤ ᠦᠷᠭᠦᠯᠵᠢ ᠲᠤᠪᠴᠢ ᠮᠡᠳᠡᠭᠡ ᠪᠢᠴᠢᠵᠤ᠂ ᠤᠷᠳᠤᠰ ᠪᠠ ᠦᠪᠦᠷ | ᠮᠤᠩᠭᠤᠯ ᠤᠨ ᠰᠤᠨᠢᠨ ᠳᠤ ᠤᠯᠠᠨ ᠤᠳᠠᠭ᠎ᠠ ᠨᠡᠶᠢᠳᠡᠯᠡᠭᠳᠡᠵᠤ ᠪᠠᠶᠢᠭᠰᠠᠨ ᠲᠤᠯᠨ ᠦᠪᠦᠷ ᠮᠤᠩᠭᠤᠯ ᠤᠨ ᠷᠠᠳᠢᠤ᠋ ᠲᠧᠯᠸᠢᠰ ᠬᠤᠷᠢᠶ᠎ᠠ ᠠᠴᠠ ᠰᠢᠯᠢᠳᠡᠭ ᠴᠢᠮᠡᠭᠡᠯᠡᠭᠴᠢ | ᠪᠠᠷ ᠱᠠᠩᠨᠠᠨ ᠭᠦᠭᠢᠭᠦᠯᠵᠤ ᠦᠡᠭᠭᠡᠷᠡᠪᠡ᠃ | ᠤᠶᠤᠨ᠎ᠠ ᠶᠢᠨ ᠨᠠᠭᠠᠴᠤ ᠡᠮᠡᠭᠡ ᠨᠢ ᠤᠷᠳᠤ ᠶᠢᠨ ᠲᠠᠭᠤᠤ ᠶᠢ ᠰᠠᠶᠢᠬᠠᠨ ᠲᠠᠭᠤᠯᠠᠳᠠᠭ ᠭᠦᠮᠦᠨ ᠪᠠᠶᠢᠵᠠᠢ᠃ ᠲᠡᠷᠨ ᠱᠠᠯᠠᠨ ᠭᠡᠷ ᠤᠨ ᠢᠶᠠᠨ ᠡᠭᠡᠭ ᠲᠤ | ᠰᠠᠭᠤᠴᠢᠭᠠᠳ᠂ ᠦᠢᠯᠨ ᠤᠳᠠᠰᠤ ᠪᠠᠨ ᠤᠶᠤᠵᠤ᠂ ︽ᠬᠤᠨᠢᠨ ᠴᠠᠭᠠᠨ ᠪᠠᠶᠢᠰᠢᠩ︾᠂ ︽ᠰᠠᠭᠯᠠᠭᠠᠷ ᠽᠠᠨᠳᠠᠨ ᠮᠤᠳᠤ︾ ᠭᠡᠭᠦ ᠮᠡᠳᠥ ᠶᠢᠨ ᠤᠷᠳᠤ ᠶᠢᠨ ᠲᠠᠭᠤᠤ | ᠶᠢ ᠤᠷᠠᠨ ᠵᠦᠭᠡᠯᠡᠨ ᠬᠤᠭᠤᠯᠠᠢ ᠪᠠᠷ ᠤᠶᠠᠰᠳᠠᠯᠠ ᠲᠠᠭᠤᠯᠠᠬᠤ ᠶᠢ ᠦᠷᠭᠦᠯᠵᠢ ᠰᠤᠨᠤᠰᠴᠤ᠂ ᠲᠡᠭᠦᠨ ᠤ ᠠᠩᠬᠠᠷᠤᠯ ᠢ ᠤᠨᠴᠠ ᠲᠠᠳᠠᠳᠠᠭ ᠪᠠᠶᠢᠭᠰᠠᠨ ᠪᠠᠶᠢᠨ᠎ᠠ᠃ | ᠲᠡᠭᠦᠨ ᠤ ᠠᠪᠤ ᠨᠢ ᠴᠤ ᠤᠷᠳᠤᠰ ᠠᠷᠠᠳ ᠤᠨ ᠲᠠᠭᠤᠤ ᠶᠢ ᠠᠷᠪᠢᠨ ᠮᠡᠳᠡᠳᠡᠭ ᠪᠦᠭᠡᠳ ᠬᠤᠨᠢ ᠮᠠᠯ ᠳᠠᠭᠠᠨ ᠶᠠᠪᠤᠭᠰᠠᠨ ᠴᠤ ᠲᠡᠷᠨ᠂ ᠬᠤᠷᠢᠮ ᠨᠠᠶᠢᠷ ᠤᠨ ᠭᠠᠵᠠᠷ | ᠤᠴᠢᠭᠰᠠᠨ ᠴᠤ ᠲᠡᠷᠨ᠂ ᠬᠤᠭᠤᠷ ᠭᠦᠭᠵᠢᠮ ︵ᠭᠤᠷᠪᠠᠨ ᠤᠳᠠᠰᠤᠳᠤ ᠭᠦᠭᠵᠢᠮ᠂ ᠲᠦᠷᠪᠡᠨ ᠤᠳᠠᠰᠤᠳᠤ ᠬᠤᠭᠤᠷ᠂ ᠯᠢᠩᠪᠤ ᠵᠡᠷᠭᠡ ᠶᠢ ᠭᠦᠭᠵᠢᠮᠳᠡᠵᠤ ᠪᠦᠷ | ᠴᠢᠳᠠᠨ᠎ᠠ︶ ᠢᠶᠠᠨ ᠪᠠᠷᠢᠵᠤ ︽ᠡᠵᠡᠨ ᠪᠤᠭᠳᠠ ᠶᠢᠨ ᠬᠤᠶᠠᠷ ᠵᠠᠭᠠᠯ︾᠂ ︽ᠲᠠᠯ᠎ᠠ ᠲᠤᠭᠤᠢ ᠰᠠᠷᠨ︾ ᠭᠡᠭᠦ ᠮᠡᠳᠥ ᠶᠢᠨ ᠲᠠᠭᠤᠤ ᠶᠢ ᠭᠦᠡᠭᠭᠢᠨᠡᠮᠡ ᠰᠠᠶᠢᠬᠠᠨ | ᠲᠠᠭᠤᠯᠠᠵᠤ᠂ ᠭᠦᠮᠦᠨ ᠪᠦᠭᠦᠨ ᠤ ᠪᠠᠭ᠋ᠠᠷᠤᠯ ᠢ ᠲᠠᠳᠠᠭᠰᠠᠨ ᠲᠠᠭᠤᠴᠢᠨ ᠪᠦᠭᠡᠳ ᠨᠠᠶᠢᠷᠴᠢᠨ ᠭᠦᠮᠦᠨ ᠪᠠᠶᠢᠭᠰᠠᠨ ᠪᠠᠶᠢᠨ᠎ᠠ᠃ | ᠤᠶᠤᠨ᠎ᠠ᠂ ᠨᠠᠭᠠᠴᠤ ᠡᠮᠡᠭᠡ ᠪᠤᠯᠤᠨ ᠠᠪᠤ ᠪᠠᠨ ᠶᠡᠭᠡᠳᠡ ᠪᠠᠭ᠋ᠠᠷᠤᠨ ᠪᠢᠰᠢᠷᠡᠳᠡᠭ᠂ ᠨᠢᠭᠡ ᠡᠳᠦᠷ ᠠᠪᠤ ᠠᠴᠠ ᠪᠠᠨ᠄ ︽ᠠᠪᠤ ᠡ︕ ᠲᠠ ᠶᠠᠭᠠᠭᠢᠭᠠᠳ ᠡᠶᠢᠮᠤ | ᠰᠠᠶᠢᠬᠠᠨ ᠲᠠᠭᠤᠯᠠᠭᠠᠳ ᠴᠢᠳᠠᠴᠢᠬᠠᠭᠰᠠᠨ ᠪᠤᠢ︖︾ ᠭᠡᠵᠤ ᠭᠠᠶᠢᠬᠠᠨ ᠠᠰᠠᠭᠤᠬᠤ ᠳᠤ ᠠᠪᠤ ᠨᠢ᠄ ︽ᠭᠡᠯᠡᠪᠡᠯ ᠦᠭᠡ ᠤᠷᠳᠤ ᠡ᠂ ᠪᠢ ᠡᠪᠦᠭᠡ ᠠᠪᠤ ᠠᠴᠠ ᠴᠢᠨᠢ | ᠰᠤᠷᠤᠭᠰᠠᠨ ᠶᠤᠮ᠂ ᠡᠪᠦᠭᠡ ᠴᠢᠨᠢ ᠠᠳᠤᠭᠤᠨ ᠳᠠᠭᠠᠨ ᠶᠠᠪᠤᠵᠤ᠂ ᠠᠡᠭ ᠭᠦᠷᠦᠭᠡ ᠭᠢᠭᠦ ᠳᠤ ᠦᠷᠭᠦᠯᠵᠢ ᠨᠠᠳᠠ ᠶᠢ ᠲᠠᠭᠠᠭᠤᠯᠵᠤ᠂ ᠲᠤᠵᠢ ᠶᠢᠨ ᠰᠢᠯᠢ ᠶᠢᠨ ᠤᠷᠤᠢ | ᠳᠤ ᠭᠦᠷᠪᠡᠯ ᠠᠳᠤᠭᠤ ᠪᠠᠨ ᠪᠠᠷᠠᠭᠠᠯᠠᠵᠤ᠂ ᠠᠮᠠᠷᠴᠤ ᠰᠠᠭᠤᠳᠠᠭ ᠶᠤᠮ᠂ ᠲᠤᠵᠢ ᠶᠢᠨ ᠰᠢᠯᠢ ᠪᠤᠯ ᠡᠵᠡᠨ ᠴᠢᠩᠭᠢᠰ ᠤᠨ ᠬᠤᠶᠠᠷ ᠵᠠᠭᠠᠯ ᠤᠨ ᠪᠡᠯᠴᠢᠭᠡᠷ ᠶᠤᠮ ᠡ᠂ | ᠡᠨ᠋ᠨ ᠲᠤᠬᠠᠢ ᠨᠠᠳᠠ ᠤᠯᠠᠨ ᠦᠯᠢᠭᠡᠷ ᠲᠤᠮᠤᠭ ᠢ ᠶᠠᠷᠢᠵᠤ ᠦᠭᠳᠡᠭ ᠪᠦᠭᠡᠳ ᠲᠠᠭᠤᠤ ᠶᠢ ᠨᠢ ᠲᠠᠭᠤᠯᠠᠨ ᠰᠠᠭᠤᠳᠠᠭ ᠪᠠᠶᠢᠭᠰᠠᠨ᠂ ᠤᠳᠤ ᠶᠢᠨ ᠮᠠᠨ ᠤ ᠲᠠᠭᠤᠯᠠᠵᠤ | ᠪᠠᠶᠢᠬᠤ ᠲᠠᠭᠤᠤ ᠪᠤᠯ ᠪᠦᠷ ᠮᠠᠨ ᠤ ᠦᠨᠳᠦᠰᠦᠳᠡᠨ ᠤ ᠠᠮᠢᠳᠤᠷᠠᠯ ᠲᠤᠮᠳᠠᠭᠢ ᠪᠤᠳᠠᠳᠤ ᠤᠴᠢᠷ ᠤᠳ ᠶᠤᠮ ᠰᠢᠤ᠂ ᠡᠨ᠋ᠨ ᠪᠤᠯ ᠮᠠᠨ ᠤ ᠦᠨᠳᠦᠰᠦᠳᠡᠨ ᠤ ᠰᠤᠶᠤᠯ᠂ | ᠲᠡᠦᠭᠡ᠂ ᠭᠡᠦᠭᠡ ᠡ︕ ᠡᠨ᠋ᠨ ᠭᠦ ᠢᠵᠠᠭᠤᠷ ᠰᠤᠶᠤᠯ᠂ ᠲᠡᠦᠭᠡ ᠪᠠᠨ ᠦᠶ᠎ᠡ ᠶᠢᠨ ᠦᠶ᠎ᠡ ᠪᠠᠷ ᠵᠠᠯᠭᠠᠮᠵᠢᠯᠠᠨ ᠭᠦᠭᠵᠢᠭᠦᠯᠵᠤ᠂ ᠢᠷᠡᠭᠡᠳᠦᠢ ᠳᠤ ᠡᠭᠡ ᠤᠷᠤᠨ᠂ | ᠤᠯᠤᠰ ᠦᠨᠳᠦᠰᠦᠳᠡᠨ ᠳᠡᠭᠡᠨ ᠨᠢᠭᠡᠨ ᠰᠠᠶᠢᠨ ᠲᠤᠰᠠ ᠲᠠᠢ ᠭᠦᠮᠦᠨ ᠪᠤᠯᠵᠤ ᠶᠠᠪᠤᠬᠤ ᠭᠡᠷᠡᠭᠳᠡᠢ ᠰᠢᠥ︕︾ ᠭᠡᠵᠤ ᠡᠨᠡᠷᠢᠩᠭᠦᠢ ᠬᠠᠷᠠᠴᠠ ᠪᠠᠷ ᠭᠡᠦᠭᠡᠨ ᠢᠶᠠᠨ | ᠬᠠᠷᠠᠭᠠᠳ ︵ᠰᠢᠷᠳᠡᠭᠡᠳ︶ ᠦᠭᠡ ᠪᠠᠨ ᠲᠠᠰᠤᠯᠪᠠ᠃ | ᠪᠠᠭ᠎ᠠ ᠶᠢᠨ ᠨᠠᠰᠤᠨ ᠤ ᠤᠭᠤᠷᠠᠭ ᠲᠠᠷᠢᠭᠢᠨ ᠳᠤ ᠨᠢ᠄ ︽ᠪᠢ ᠶᠡᠭᠡ ᠪᠤᠯᠪᠠᠯ ᠨᠠᠭᠠᠴᠤ ᠡᠮᠡᠭᠡ ᠪᠤᠯᠤᠨ ᠠᠪᠤ ᠲᠠᠢ ᠪᠠᠨ ᠠᠳᠠᠯᠢ ᠠᠷᠠᠳ ᠤᠨ ᠲᠠᠭᠤᠤ ᠶᠢ | ᠠᠷᠪᠢᠨ ᠰᠤᠷᠴᠤ᠂ ᠤᠷᠤᠰᠤᠮ᠎ᠠ ᠰᠠᠶᠢᠬᠠᠨ ᠲᠠᠭᠤᠨ ᠬᠤᠭᠤᠯᠠᠢ᠂ ᠠᠪᠢᠶᠠᠰ ᠴᠢᠳᠠᠪᠤᠷᠢ ᠪᠠᠷ ᠢᠶᠠᠨ ᠪᠤᠰᠤᠳ ᠠᠴᠠ ᠤᠷᠤᠶᠢᠯᠠᠵᠤ᠂ ᠤᠯᠤᠰ ᠦᠨᠳᠦᠰᠦᠳᠡᠨ ᠤ ᠪᠠᠨ | ᠶᠡᠭᠡ ᠤᠶᠢᠯᠡᠰ ᠤᠨ ᠲᠦᠯᠦᠭᠡ ᠭᠡᠶᠢᠮᠤᠷᠢ ᠴᠤᠭᠵᠢᠯ ᠲᠠᠢ ᠭᠡᠶᠢᠰᠭᠦᠯᠵᠤ ᠶᠠᠪᠤᠨ᠎ᠠ︾ ᠭᠡᠵᠤ ᠪᠤᠳᠤᠳᠠᠭ ᠪᠠᠶᠢᠵᠠᠢ᠃ ᠮᠦᠨ ᠴᠤ ᠨᠠᠭᠠᠴᠤ ᠡᠮᠡᠭᠡ ᠪᠤᠯᠤᠨ ᠠᠪᠤ ᠪᠠᠨ | ᠲᠠᠭᠠᠵᠤ᠂ ᠲᠠᠭᠤᠤ ᠶᠢᠨ ᠠᠶᠠᠰ ᠢ ᠨᠢ ᠭᠡᠨᠭᠰᠢᠳᠡᠭ ᠠᠴᠠ ᠪᠠᠨ ᠲᠠᠭᠠᠭᠠᠳ ᠲᠠᠭᠤᠯᠠᠵᠤ ᠴᠢᠳᠠᠬᠤ ᠪᠤᠯᠤᠭᠰᠠᠨ ᠳᠠᠭᠠᠨ ᠲᠤᠩ ᠪᠠᠶᠠᠷᠯᠠᠳᠠᠭ ᠪᠠᠶᠢᠪᠠ᠃ ᠬᠤᠵᠢᠮ ᠨᠢ | ᠠᠯᠬᠤᠮ ᠠᠯᠬᠤᠮ ᠢᠶᠠᠷ ᠤᠯᠠᠮ ᠠᠷᠪᠢᠨ ᠲᠠᠭᠤᠤ ᠶᠢ ᠮᠡᠳᠡᠭᠦ ᠪᠤᠯᠵᠤ᠂ ᠲᠠᠭᠤᠯᠠᠬᠤ ᠪᠤᠯᠤᠭᠰᠠᠨ ᠪᠠᠶᠢᠨ᠎ᠠ᠃ ᠡᠨ᠋ᠨ ᠪᠦᠭᠦᠨ ᠨᠢ ᠪᠦᠷ ᠲᠡᠭᠦᠨ ᠤ ᠨᠠᠭᠠᠴᠤ ᠡᠮᠡᠭᠡ | ᠪᠤᠯᠤᠨ ᠠᠪᠤ ᠶᠢᠨ ᠭᠢᠨᠢ ᠦᠭᠭᠦᠭᠰᠡᠨ ᠨᠦᠯᠦᠭᠡ᠂ ᠪᠡᠶ᠎ᠡ ᠪᠠᠷ ᠢᠶᠠᠨ ᠲᠠᠭᠤᠷᠢᠶᠠᠯ ᠪᠤᠯᠵᠤ ᠵᠢᠭᠠᠨ ᠭᠦᠮᠦᠵᠢᠭᠦᠯᠦᠭᠰᠡᠨ ᠤ ᠠᠴᠢ ᠲᠤᠰᠠ ᠪᠢᠯᠨ᠃ | ᠤᠶᠤᠨ᠎ᠠ ᠠᠵᠢᠯ ᠤᠨ ᠠᠮᠠᠷᠠᠯᠳᠠ ᠪᠠᠨ ᠠᠪᠤᠭᠰᠠᠨ ᠤ ᠲᠠᠷᠠᠭ᠎ᠠ ᠦᠷᠭᠦᠯᠵᠢ ᠤᠯᠠᠨ ᠲᠦᠮᠡᠨᠴᠢ ᠰᠤᠶᠤᠯ ᠤᠷᠠᠯᠢᠭ ᠤᠨ ᠭᠦᠳᠡᠯᠭᠡᠭᠡᠨ ᠳᠤ ᠤᠷᠤᠯᠴᠠᠳᠠᠭ | ᠪᠤᠯᠪᠠ᠃ ᠶᠡᠷᠡᠭᠡᠳ ᠤᠨ ᠤ ᠰᠡᠭᠦᠯᠴᠢ ᠬᠤᠰᠢᠭᠤᠨ ᠤ ᠰᠤᠶᠤᠯ ᠤᠨ ᠤᠷᠳᠤᠨ ᠳᠤ ᠢᠳᠡᠷ ᠨᠠᠰᠤᠳᠠᠶᠢᠴᠤᠳ ᠤᠨ ᠭᠦᠳᠡᠯᠭᠡᠭᠡᠨ ᠤ ᠲᠦᠪ ᠪᠠᠶᠢᠭᠤᠯᠤᠭᠳᠠᠪᠠ᠃ | ᠦᠷᠯᠦᠭᠡ ᠪᠦᠷᠢ ᠪᠡᠶ᠎ᠡ ᠪᠠᠨ ᠴᠢᠭᠢᠷᠠᠭᠵᠢᠭᠤᠯᠬᠤ ᠭᠦᠮᠦᠰ ᠤᠯᠠᠮ ᠠᠴᠠ ᠤᠯᠠᠮ ᠤᠯᠠᠰᠢᠷᠠᠵᠤ᠂ ᠭᠦᠳᠡᠯᠭᠡᠭᠡᠨ ᠤ ᠲᠦᠷᠦᠯ ᠵᠦᠢᠯ ᠳᠤ ᠶᠠᠩᠭᠠᠷ ᠪᠦᠵᠢᠭ᠂ ᠨᠡᠶᠢᠳᠡ | ᠶᠢᠨ ᠪᠦᠵᠢᠭ ᠪᠠᠶᠢᠪᠠ᠃ ᠰᠡᠭᠦᠯᠳᠡᠵᠤ ︽ᠤᠷᠳᠤᠰ ᠪᠦᠵᠢᠭ︾ ᠢ ᠦᠰᠦᠷᠳᠡᠭ ᠪᠤᠯᠪᠠ᠃ ᠲᠡᠭᠡᠭᠡᠳ ᠪᠠᠰᠠ ᠤᠯᠠᠨ ᠢᠶᠠᠷ ᠢᠶᠠᠨ ᠭᠦᠭᠵᠢᠮ ᠪᠤᠯᠪᠠᠰᠤᠷᠠᠬᠤ ᠨᠢ | ᠪᠤᠯᠪᠠᠰᠤᠷᠠᠵᠤ᠂ ᠲᠠᠭᠤᠤ ᠪᠦᠵᠢᠭ ᠵᠤᠭᠢᠶᠠᠬᠤ ᠨᠢ ᠵᠤᠭᠢᠶᠠᠵᠤ᠂ ᠲᠤᠩ ᠶᠠᠭᠠᠷᠠᠤ ᠪᠤᠯᠪᠠ᠃ ᠦᠷᠯᠦᠭᠡ ᠦᠳᠡᠰᠢ ᠶᠢᠨ ᠬᠠᠳᠠᠭᠤᠵᠢᠯᠳᠠᠢ ᠴᠢᠷᠮᠠᠶᠢᠯᠭ᠎ᠠ ᠪᠠᠷ ᠤᠷᠢᠳ | ᠬᠤᠵᠢᠳ ︽ᠠᠨᠳᠠᠢ ᠪᠦᠵᠢᠭ︾᠂ ︽ᠪᠠᠶᠠᠰᠬᠤᠯᠠᠩᠳᠤ ᠪᠦᠵᠢᠭ︾᠂ ︽ᠮᠤᠷᠢᠳᠠᠨ ᠪᠦᠵᠢᠭ︾᠂ ︽ᠠᠯᠴᠢᠭᠤᠷ ᠪᠦᠵᠢᠭ︾ ᠪᠤᠯᠤᠨ ︽ᠰᠢᠨ᠎ᠡ ᠵᠤᠤ ᠶᠢᠨ ᠰᠢᠯᠢ | ᠶᠢᠨ ᠪᠠᠭᠠᠳᠤᠷ ᠮᠠᠯᠴᠢᠳ︾ ᠭᠡᠭᠦ ᠲᠠᠭᠤᠤ ᠵᠡᠷᠭᠡ ᠶᠢ ᠦᠪᠡᠷ ᠢᠶᠠᠨ ᠨᠠᠶᠢᠷᠠᠭᠤᠯᠤᠨ ᠵᠤᠭᠢᠶᠠᠵᠤ ᠲᠤᠭᠯᠠᠭᠠᠳ ᠦᠵᠡᠭᠴᠢ ᠤᠯᠠᠨ ᠤ ᠬᠠᠷᠠᠭ᠎ᠠ ᠶᠢ ᠪᠠᠶᠠᠰᠬᠠᠨ᠂ | ᠠᠩᠬᠠᠷᠤᠯ ᠢ ᠲᠠᠳᠠᠭᠰᠠᠨ ᠪᠠᠶᠢᠨ᠎ᠠ᠃ | 2004 ᠤᠨ ᠠᠴᠠ ᠤᠳᠤᠭ ᠬᠤᠰᠢᠭᠤᠨ ᠤ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ ᠠᠵᠢᠯᠳᠠᠨ ᠢᠶᠠᠷ ᠪᠦᠷᠢᠯᠳᠦᠭᠰᠡᠨ ᠮᠤᠩᠭᠤᠯ ᠨᠠᠶᠢᠷ ᠤᠨ | ᠪᠦᠯᠭᠦᠮ ᠪᠠᠶᠢᠭᠤᠯᠤᠭᠳᠠᠬᠤ ᠳᠤ ᠡᠨ᠋ᠨ ᠪᠦᠯᠭᠦᠮ ᠳᠤ ᠢᠷᠡᠵᠤ ᠪᠦᠯᠭᠦᠮ ᠤᠨ ᠨᠦᠭᠦᠳ ᠲᠠᠢ ᠪᠠᠨ ᠬᠠᠮᠳᠤ ᠦᠨᠳᠦᠰᠦᠳᠡᠨ ᠤ ᠪᠠᠨ ᠲᠠᠭᠤᠤ ᠪᠦᠵᠢᠭ᠂ ᠭᠦᠭᠵᠢᠮ | ᠨᠠᠶᠢᠷ ᠲᠤ ᠢᠳᠡᠪᠭᠢᠳᠡᠢ ᠤᠷᠤᠯᠴᠠᠵᠤ᠂ 2010 ᠤᠨ ᠳᠤ ᠰᠢᠶᠠᠩᠭᠠᠡᠭ ᠳᠤ ᠪᠤᠯᠤᠭᠰᠠᠨ ᠤᠯᠠᠨ ᠤᠯᠤᠰ ᠤᠨ ᠨᠠᠰᠤᠳᠠᠶᠢᠴᠤᠳ ᠤᠨ ᠲᠠᠭᠤᠨ ᠤ ᠤᠷᠤᠯᠳᠤᠭᠠᠨ ᠳᠤ | ᠤᠷᠤᠯᠴᠠᠭᠠᠳ ᠬᠠᠮᠳᠤ ᠪᠠᠷ ᠢᠶᠠᠨ ᠬᠠᠮᠤᠭ ᠤᠨ ᠲᠡᠭᠡᠳᠥ ︽ᠮᠠᠨᠳᠠᠷᠸ᠎ᠠ︾ ᠨᠡᠷᠡᠮᠵᠢᠳᠥ ᠠᠯᠳᠠᠨ ᠱᠠᠩ ᠢ ᠲᠤᠰᠴᠤ᠂ ᠦᠨᠳᠦᠰᠦᠳᠡᠨ ᠤ ᠪᠠᠨ ᠢᠵᠠᠭᠤᠷ ᠰᠤᠶᠤᠯ | ᠤᠷᠠᠯᠢᠭ ᠤᠷᠳᠤ ᠶᠢᠨ ᠲᠠᠭᠤᠤ ᠪᠠᠨ ᠤᠷᠤᠨ ᠨᠤᠳᠤᠭ ᠠᠴᠠ ᠪᠠᠨ ᠠᠯᠬᠤᠮ ᠭᠠᠷᠴᠤ᠂ ᠪᠦᠭᠦ ᠤᠯᠤᠰ᠂ ᠲᠡᠯᠡᠭᠡᠢ ᠳᠤ ᠬᠠᠨᠭ᠍ᠭᠢᠨᠠᠭᠤᠯᠤᠨ ᠰᠤᠨᠤᠷᠳᠠᠭᠤᠯᠵᠤ ᠴᠢᠳᠠᠭᠰᠠᠨ | ᠨᠢ ᠦᠨᠳᠦᠰᠦᠳᠡᠨ ᠤ ᠪᠠᠨ ᠭᠡᠶᠢᠮᠤᠷᠢ ᠰᠦᠯᠳᠡ ᠶᠢ ᠮᠠᠨᠳᠤᠭᠤᠯᠵᠤ ᠶᠠᠪᠤᠭᠰᠠᠨ ᠲᠠᠶᠠᠭᠠᠷ ᠤᠨ ᠬᠠᠮᠳᠤ ᠶᠢᠨ ᠴᠢᠷᠮᠠᠶᠢᠯᠭ᠎ᠠ ᠪᠦᠭᠡᠳ ᠨᠢᠭᠡᠨ ᠡᠭᠦᠳᠦᠯᠳᠡ᠂ ᠨᠡᠭᠡᠭᠡᠯᠳᠡ | ᠪᠤᠯᠤᠨ᠎ᠠ᠃ ᠮᠦᠨ ᠴᠤ ᠪᠦᠯᠭᠦᠮ ᠤᠨ ᠨᠦᠭᠦᠳ ᠲᠠᠢ ᠪᠠᠨ ᠬᠠᠮᠳᠤ ᠪᠠᠨ ᠭᠡᠭᠡᠭᠳᠡᠮᠡᠷ ᠪᠤᠯᠵᠤ ᠪᠠᠶᠢᠭ᠎ᠠ ᠤᠷᠳᠤᠰ ᠠᠷᠠᠳ ᠤᠨ ᠢᠵᠠᠭᠤᠷ ᠲᠠᠭᠤᠤ ᠪᠠᠨ ᠠᠪᠤᠷᠠᠨ | ᠴᠤᠭᠯᠠᠭᠤᠯᠵᠤ᠂ ᠦᠷ᠎ᠡ ᠬᠤᠶᠢᠴᠢᠰ ᠲᠠᠭᠠᠨ ᠦᠯᠡᠳᠡᠭᠡᠨ ᠦᠭᠭᠦ ᠪᠠᠷ ᠵᠤᠷᠢᠯᠳᠠ ᠪᠠᠨ ᠪᠤᠯᠭᠠᠨ᠂ ᠤᠷᠳᠤᠰ ᠠᠷᠠᠳ ᠤᠨ ᠢᠵᠠᠭᠤᠷ ᠲᠠᠭᠤᠤ ᠶᠢᠨ ᠴᠤᠪᠤᠷᠠᠯ DVD | ᠪᠢᠴᠢᠯᠭᠡ ᠶᠢ ᠭᠤᠷᠪᠠ ᠤᠳᠠᠭ᠎ᠠ ᠭᠠᠷᠭᠠᠵᠤ ᠲᠠᠷᠬᠠᠭᠠᠭᠰᠠᠨ ᠨᠢ ᠪᠦᠷ ᠠᠯᠤᠰ ᠭᠡᠳᠦ ᠶᠢᠨ ᠠᠴᠢ ᠬᠤᠯᠪᠤᠭᠳᠠᠯ ᠲᠠᠢ ᠪᠢᠯᠨ᠃ | ᠦᠨᠳᠦᠰᠦᠳᠡᠨ ᠤ ᠪᠠᠨ ᠲᠡᠦᠭᠡ᠂ ᠪᠤᠳᠠᠰ ᠤᠨ ᠪᠤᠰᠤ ᠢᠵᠠᠭᠤᠷ ᠰᠤᠶᠤᠯ ᠤᠨ ᠦᠪ ᠢᠶᠠᠨ ᠵᠠᠯᠭᠠᠮᠵᠢᠯᠠᠨ ᠬᠠᠮᠠᠭᠠᠯᠠᠵᠤ᠂ ᠭᠦᠭᠵᠢᠭᠦᠯᠦᠨ ᠶᠠᠪᠤᠬᠤ ᠨᠢ ᠮᠠᠨ ᠤ | ᠢᠰᠡᠭᠡᠢ ᠲᠤᠭᠤᠷᠭᠠᠳᠠᠨ ᠪᠦᠭᠦᠨ ᠤ ᠲᠠᠷᠬᠠᠨ ᠡᠭᠦᠷᠭᠡ ᠪᠢᠯᠨ᠃ | ᠢᠷᠡᠭᠡᠳᠦᠢ ᠪᠤᠯ ᠭᠡᠭᠡᠨ ᠰᠠᠷᠠᠭᠤᠯ᠂ ᠮᠠᠨ ᠤ ᠦᠷ᠎ᠡ ᠬᠤᠶᠢᠴᠢᠰ ᠶᠠᠭ ᠬᠤᠷ᠎ᠠ ᠶᠢᠨ ᠲᠠᠷᠠᠭᠠᠭᠢ ᠬᠤᠯᠤᠰᠤᠨ ᠰᠤᠶᠤᠭ᠎ᠠ ᠮᠡᠳᠥ ᠴᠤᠯᠭᠤᠷᠠᠨ ᠭᠠᠷᠴᠤ᠂ ᠦᠰᠦᠨ | ᠭᠦᠮᠦᠵᠢᠭᠳᠡᠵᠤ ᠪᠠᠶᠢᠭ᠎ᠠ ᠶᠤᠮ᠂ ᠦᠨᠳᠦᠰᠦᠳᠡᠨ ᠤ ᠪᠠᠨ ᠲᠡᠦᠭᠡ᠂ ᠢᠵᠠᠭᠤᠷ ᠰᠤᠶᠤᠯ ᠤᠨ ᠦᠪ ᠢᠶᠠᠨ ᠡᠷᠭᠢᠮᠯᠡᠨ ᠲᠡᠭᠡᠳᠦᠯᠡᠵᠤ᠂ ᠤᠯᠤᠰ ᠭᠦᠷᠦᠨ ᠦᠨᠳᠦᠰᠦᠳᠡᠨ | ᠤ ᠪᠠᠨ ᠮᠠᠨᠳᠤᠨ ᠴᠡᠴᠡᠭᠯᠡᠭᠦ ᠠᠤᠭ᠎ᠠ ᠦᠢᠯᠡᠰ ᠤᠨ ᠲᠦᠯᠦᠭᠡ ᠡᠭᠦᠷᠢᠳᠡ ᠤᠨᠳᠠᠷᠠᠰᠢ ᠦᠭᠡᠢ ᠠᠰᠢᠳᠠ ᠶᠢᠨ ᠨᠠᠷᠨ ᠮᠡᠳᠥ ᠭᠢᠯᠠᠷᠠᠭᠤᠯᠵᠤ ᠶᠠᠪᠤᠵᠠᠭᠠᠶ᠎ᠠ᠃ |