ᠬᠤᠰᠢᠭᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ    ᠯᠤᠨᠳᠤᠩᠬᠤᠸᠠᠷ
ᠨᠡᠶᠢᠲᠡᠯᠡᠭᠰᠡᠨ ᠴᠠᠭ᠄
2022/2/15
      ᠯᠤᠨᠳᠤᠩᠬᠤᠸᠠᠷ᠂ 1962 ᠤᠨ ᠤ 11 ᠳ᠋ᠦ᠋ᠭᠡᠷ ᠰᠡᠷ᠎ᠠ ᠶᠢᠨ 24 ᠤ ᠡᠳᠦᠷ᠂ ᠤᠷᠳᠤᠰ ᠬᠤᠳᠠ  ᠶᠢᠨ ᠤᠳᠤᠭ ᠬᠤᠰᠢᠭᠤᠨ ᠤ ᠰᠢᠨᠡᠵᠦᠦ ᠰᠤᠮᠦᠨ ᠤ ᠬᠦᠭᠡᠳᠤᠯᠥᠭᠠᠢ ᠭᠠᠴᠠᠭᠠᠨ ᠤ ᠪᠠᠨᠽᠠᠷ ᠴᠠᠭᠠᠨᠭᠡᠦᠭᠡᠨ  ᠤ ᠤᠤᠭᠠᠨ ᠦᠬᠢᠨ ᠨᠢ ᠪᠤᠯᠵᠤ᠂ ᠠᠬ᠎ᠠ ᠲᠡᠬᠦᠦ ᠵᠢᠷᠭᠤᠭᠠᠭᠤᠯᠠ ᠵᠠᠶᠠᠭᠠᠵᠠᠢ᠃      ᠬᠠᠷᠠᠬᠠᠨ ᠪᠠᠭ᠎ᠠ ᠠᠴᠠ ᠪᠠᠨ ᠭᠠᠷ ᠤᠷᠠᠯᠠᠯ ᠳᠤ ᠲᠤᠷ᠎ᠠ ᠪᠠᠬ᠎ᠠ ᠲᠠᠢ ᠪᠤᠯᠬᠤᠷ ᠲᠠᠯᠠᠭᠠᠳ ᠤᠨ ᠤ ᠦᠶᠡᠰ ᠢᠶᠠᠷ ᠨᠠᠭᠠᠢ ᠡᠵᠢ ᠪᠠᠨ ᠲᠠᠭᠠᠵᠦ ᠢᠰᠢᠭᠡ ᠬᠤᠷᠠᠭ᠎ᠠ ᠠᠳᠤᠭᠤᠯᠬᠤ ᠶᠢᠨ ᠵᠡᠪᠰᠡᠷ ᠴᠢᠯᠦᠭᠡᠨ ᠳᠤ ᠪᠠᠨ ᠢᠵᠠᠭᠤᠷ ᠬᠠᠳᠬᠤᠮᠠᠯ ᠬᠠᠳᠬᠤᠬᠤ ᠶᠢ ᠦᠵᠡᠵᠦ ᠤᠷᠤᠯᠳᠤᠵᠦ ᠪᠠᠶᠢᠭᠰᠡᠨ ᠪᠠ ᠪᠠᠶ᠎ᠠ ᠪᠠᠨ ᠲᠠᠭᠠᠭᠠᠵᠦ ᠵᠢᠷᠤᠭ ᠵᠢᠷᠤᠵᠦ᠂ ᠬᠠᠶᠢᠴᠢᠯᠠᠳᠠᠭ ᠪᠠᠶᠢᠪᠠ᠃ ᠲᠡᠭᠦᠨ ᠤ ᠬᠢᠭᠰᠡᠨ ᠤᠷᠡᠨ ᠬᠠᠶᠢᠴᠢᠯᠠᠮᠠᠯ ᠮᠢᠩᠭ᠎ᠠ ᠭᠠᠷᠤᠢ ᠪᠦᠳᠦᠭᠡᠯ ᠪᠠᠶᠢᠵᠦ᠂ ᠮᠤᠩᠭᠤᠯ ᠲᠡᠷᠯᠢᠭ᠂ ᠮᠤᠩᠭᠤᠯ ᠭᠤᠳᠤᠯ᠂ ᠶᠠᠩᠵᠦ ᠪᠦᠷᠢ ᠶᠢᠨ ᠬᠠᠳᠬᠤᠭᠰᠡᠨ ᠪᠤᠭᠴᠦ᠂ ᠵᠡᠬᠦᠪᠴᠢ ᠭᠡᠳᠡᠪᠴᠢ᠂ ᠬᠦᠬᠦᠷ ᠤᠨ ᠰᠡᠪᠡ ᠵᠡᠷᠭᠡ ᠤᠯᠠᠨ ᠵᠦᠢᠯ ᠤᠨ ᠪᠦᠳᠦᠭᠡᠯ ᠲᠠᠢ ᠪᠠᠶᠢᠵᠤ᠂ ᠨᠤᠳᠤᠭ  ᠤᠨ ᠠᠬ᠎ᠠ ᠲᠡᠬᠦᠦ᠂ ᠲᠦᠷᠦᠯ ᠰᠡᠳᠤᠨ᠂ ᠮᠠᠯᠴᠢᠨ ᠲᠦᠮᠡᠨ ᠲᠡᠷᠡᠴᠢᠯᠡᠨ ᠮᠤᠩᠭᠤᠯ ᠤᠯᠥᠰ ᠤᠨ ᠤᠳᠬ᠎ᠠ ᠤᠷᠠᠯᠢᠭ ᠤᠨ ᠬᠤᠯᠪᠤᠭ᠎ᠠ᠂ ᠦᠪᠤᠷ ᠮᠤᠩᠭᠤᠯ ᠤᠨ ᠤᠷᠡᠨ ᠰᠢᠭᠢᠳᠭᠡ ᠲᠡᠯᠭᠡᠴᠠ᠂ ᠤᠷᠳᠤᠰ ᠬᠤᠳᠠ ᠶᠢᠨ ᠷᠡᠳᠢᠤ᠋ ᠨᠡᠪᠳᠡᠷᠡᠬᠦᠯᠭᠡ ᠰᠤᠨᠢᠨ ᠮᠡᠳᠡᠭᠡᠨ ᠤ ᠰᠡᠳᠬᠦᠯ᠂ ᠤᠳᠤᠭ ᠬᠤᠰᠢᠭᠤᠨ ᠤ ᠰᠤᠶᠤᠯ ᠤᠨ ᠲᠤᠪᠴᠢᠶ᠎ᠠ ᠵᠡᠷᠭᠡ ᠪᠠᠶᠢᠭᠤᠯᠭ᠎ᠠ ᠨᠢᠭᠡᠴᠠ ᠶᠢᠨ ᠤᠯᠠᠨ ᠱᠠᠩᠨᠠᠯ ᠢ ᠬᠦᠷᠳᠡᠭᠰᠡᠨ ᠪᠦᠭᠡᠳ ᠤᠯᠠᠨ ᠨᠠᠶᠢᠳᠠ ᠶᠢᠨ ᠰᠡᠳᠬᠦᠯ ᠨᠤᠮ  ᠳᠤ ᠨᠡᠶᠢᠳᠡᠯᠡᠭᠰᠡᠨ ᠪᠠᠶᠢᠨ᠎ᠠ᠃      1994 ᠤᠨ ᠳᠤ᠂ ᠦᠪᠦᠷ ᠮᠤᠩᠭᠤᠯ ᠤᠨ ᠤᠳᠤᠨ ᠲᠧᠯᠸᠢᠰ ᠤᠨ ︽ᠤᠷᠠᠨ ᠰᠢᠭᠢᠳᠭᠡ︾ ᠲᠡᠯᠭᠡᠴᠡ ᠳᠤ ᠶᠠᠪᠤᠭᠤᠯᠤᠭᠰᠠᠨ ᠤᠷᠠᠨ ᠪᠥᠳᠤᠭᠡᠯ ᠨᠢ ᠰᠢᠯᠢᠳᠡᠭ ᠱᠠᠩᠨᠠᠯ ᠢᠶᠠᠷ ᠬᠥᠬᠢᠭᠦᠯᠥᠭᠳᠡᠪᠡ᠃ 1996 ᠤᠨ ᠠᠴᠠ 1998 ᠤᠨ ᠢᠶᠠᠷ ᠰᠢᠨ᠎ᠠ ᠵᠤᠤ ᠰᠤᠮᠦᠨ ᠤ ︽5.4︾ ᠵᠠᠯᠠᠭᠤᠴᠥᠳ ᠤᠨ ᠪᠠᠶᠠᠷ ᠤᠨ ᠡᠳᠦᠷ ᠪᠤᠯᠥᠨ ︽3.8︾ ᠡᠮᠡᠭᠳᠡᠶᠢᠴᠥᠳ ᠤᠨ ᠪᠠᠶᠠᠷ ᠤᠨ ᠡᠳᠦᠷ ᠤᠨ ᠬᠦᠳᠡᠯᠭᠡᠭᠡᠨ ᠳᠤ ᠬᠦᠭᠡᠳᠤᠯᠥᠭᠠᠢ ᠭᠠᠴᠠᠭ᠎ᠠ ᠪᠠᠨ ᠲᠦᠯᠦᠭᠡᠯᠡᠨ ᠴᠠᠭᠠᠰᠤᠨ ᠬᠠᠶᠢᠴᠢᠯᠠᠮᠠᠯ ᠪᠠ ᠬᠠᠳᠬᠤᠮᠠᠯ  ᠤᠨ ᠤᠷᠤᠯᠳᠤᠭᠠᠨ  ᠳᠤ ᠵᠢᠯ ᠲᠠᠷᠠᠭᠠᠯᠠᠨ ᠤᠷᠤᠯᠴᠠᠭᠠᠳ ᠬᠤᠶᠠᠳᠤᠭᠠᠷ᠂ ᠭᠤᠷᠪᠠᠳᠤᠭᠠᠷ ᠲᠡᠰ ᠤᠨ ᠱᠠᠩᠨᠠᠯ  ᠢᠶᠠᠷ ᠬᠥᠬᠢᠭᠦᠯᠥᠭᠳᠡᠪᠡ᠃      2005 ᠤᠨ ᠤ ᠵᠤᠨ᠂ ᠤᠷᠳᠤᠰ ᠬᠤᠳᠠ ᠶᠢᠨ ᠭᠡᠰᠡᠭ ᠤᠳᠤᠷᠢᠳᠤᠯᠭ᠎ᠠ᠂ ᠤᠷᠳᠤᠰ ᠬᠤᠳᠠ ᠶᠢᠨ ᠰᠤᠨᠢᠨ ᠮᠡᠳᠡᠭᠡᠨ ᠤ ᠠᠯᠪᠠᠨ ᠭᠡᠷ᠂ ᠷᠠᠳᠢᠤ᠋ ᠨᠡᠪᠳᠡᠷᠡᠬᠦᠯᠭᠡ ᠶᠢᠨ ᠬᠤᠷᠢᠶᠠᠨ ᠤ ᠬᠢᠨ ᠢᠷᠠᠵᠦ ᠰᠤᠷᠪᠤᠯᠵᠢᠯᠠᠭ᠎ᠠ ᠬᠢᠵᠦ᠂ ᠠᠬᠤᠢ ᠲᠠᠯᠠᠪᠠᠢ  ᠳᠤ ᠬᠠᠶᠢᠴᠢᠯᠠᠮᠠᠯ ᠢᠶᠠᠨ ᠬᠠᠶᠢᠴᠢᠯᠠᠵᠦ᠂ ᠨᠠᠶᠢᠭᠡᠮ ᠲᠠᠶᠠᠭᠠᠷ ᠲᠤ ᠰᠤᠨᠢᠷᠬᠠᠭᠤᠯᠵᠦ ᠮᠡᠳᠡᠷᠡᠬᠦᠯᠦᠭᠰᠡᠨ ᠪᠠᠶᠢᠨ᠎ᠠ᠃ 2009 ᠤᠨ ᠤ 3 ᠳ᠋ᠤᠭᠠᠷ ᠰᠡᠷ᠎ᠠ  ᠳᠤ᠂ ᠤᠳᠤᠭ ᠬᠤᠰᠢᠭᠤᠨ ᠤ ᠴᠦᠭᠡᠨ ᠲᠤᠭᠠᠳᠤ ᠦᠨᠳᠦᠰᠦᠳᠡᠨ ᠢ ᠬᠦᠭᠵᠢᠬᠦᠯᠬᠦ ᠲᠦᠷᠦᠯ ᠵᠦᠢᠯ ᠳᠤ ᠤᠷᠤᠭᠰᠡᠨ ᠡᠷᠦᠭᠡ ᠪᠤᠯᠵᠦ᠂ 2011 ᠤᠨ ᠳᠤ ᠲᠡᠳᠡᠨ ᠤ ᠬᠢᠨ ᠢ ᠤᠳᠤᠭ ᠬᠤᠰᠢᠭᠤᠨ ᠤ ᠰᠤᠶᠤᠯ ᠷᠠᠳᠢᠤ᠋ ᠨᠡᠪᠳᠡᠷᠡᠭᠦᠯᠭᠡ ᠺᠢᠨᠤ᠋ ᠲᠧᠯᠸᠢᠰ ᠤᠨ ᠲᠤᠪᠴᠢᠶ᠎ᠠ ᠠᠴᠠ ᠰᠤᠶᠤᠯ ᠤᠨ ᠥᠷᠭᠦᠭᠡ ᠪᠠᠷ ᠥᠨᠡᠯᠡᠭᠰᠡᠨ ᠪᠠᠶᠢᠨ᠎ᠠ᠃      ᠲᠡᠷᠡ 2012 ᠤᠨ  ᠤ 7 ᠳ᠋ᠤᠭᠠᠷ ᠰᠡᠷ᠎ᠠ  ᠶᠢᠨ 20 ᠠᠴᠠ 8 ᠳ᠋ᠤᠭᠠᠷ ᠰᠡᠷ᠎ᠠ  ᠶᠢᠨ 20 ᠬᠦᠷᠳᠡᠯ᠎ᠠ᠂ ᠨᠢᠭᠡ ᠰᠡᠷ᠎ᠠ  ᠶᠢᠨ ᠬᠤᠭᠤᠴᠠᠭ᠎ᠠ ᠲᠠᠢ ᠤᠳᠤᠭ ᠬᠤᠰᠢᠭᠤᠨ ᠤ ᠰᠤᠶᠤᠯ ᠷᠠᠳᠢᠤ᠋ ᠨᠡᠪᠳᠡᠷᠡᠭᠦᠯᠭᠡ ᠺᠢᠨᠤ᠋ ᠲᠧᠯᠸᠢᠰ ᠤᠨ ᠲᠤᠪᠴᠢᠶ᠎ᠠ ᠠᠴᠠ ᠡᠷᠬᠢᠯᠡᠭᠰᠡᠨ ᠬᠠᠳᠬᠤᠮᠠᠯ ᠬᠠᠶᠢᠴᠢᠯᠠᠮᠠᠯ ᠤᠨ ᠪᠤᠯᠪᠠᠰᠤᠷᠠᠯ  ᠤᠨ ᠠᠩᠬᠢ ᠳᠤ ᠰᠤᠷᠤᠯᠴᠠᠪᠠ᠃ 2012 ᠤᠨ ᠤ 8 ᠳ᠋ᠤᠭᠠᠷ ᠰᠡᠷ᠎ᠠ ᠳᠤ ᠤᠳᠤᠭ ᠬᠤᠰᠢᠭᠤᠨ ᠤ ᠤᠯᠠᠭᠠᠨ ᠤᠷᠳᠤᠨ ᠳᠤ ᠬᠢᠭᠰᠡᠨ ︽ᠤᠳᠤᠭ ᠬᠤᠰᠢᠭᠤᠨ ᠤ ᠬᠤᠶᠠᠳᠠᠬᠢ ᠤᠳᠠᠭᠠᠨ ᠤ ᠠᠷᠵᠠᠢ ᠬᠤᠨᠳᠠᠭᠠᠳᠦ︾ ᠨᠠᠭᠠᠳᠤᠮ ᠳᠤ᠂ ᠲᠠᠪᠤᠨ ᠵᠠᠭᠤ ᠭᠠᠷᠤᠢ ᠪᠦᠳᠦᠭᠡᠯ ᠢᠶᠠᠨ ᠲᠡᠯᠭᠡᠨ ᠦᠵᠡᠬᠦᠯᠦᠭᠰᠡᠨ ᠪᠠᠶᠢᠨ᠎ᠠ᠃ 2012 ᠤᠨ ᠤ 9 ᠳ᠋ᠤᠭᠡᠷ ᠰᠡᠷ᠎ᠠ ᠳᠤ ᠤᠳᠤᠭ ᠬᠤᠰᠢᠭᠤᠨ ᠤ ᠠᠷᠪᠠᠰ ᠰᠤᠮᠦᠨ ᠤ ᠬᠦᠭᠡᠳᠤᠯᠥᠭᠠᠢ ᠭᠠᠴᠠᠭ᠎ᠠ ᠶᠢᠨ ᠨᠤᠮ ᠲᠠᠷᠬᠠᠭᠠᠬᠤ ᠨᠠᠶᠢᠷ ᠲᠤ ᠲᠡᠷᠡ ᠭᠠᠷ ᠤᠷᠠᠯᠠᠯ  ᠤᠨ ᠪᠦᠳᠦᠭᠡᠯ ᠢᠶᠠᠨ ᠲᠡᠯᠭᠡᠨ ᠦᠵᠡᠬᠦᠯᠦᠭᠰᠡᠨ ᠪᠠᠶᠢᠨ᠎ᠠ᠃      2012 ᠤᠨ ᠤ 9 ᠳ᠋ᠥᠭᠡᠷ ᠰᠡᠷ᠎ᠠ ᠶᠢᠨ 20 ᠠᠴᠠ 10 ᠳ᠋ᠤᠭᠠᠷ ᠰᠡᠷ᠎ᠠ ᠶᠢᠨ 20 ᠪᠤᠯᠳᠠᠯ᠎ᠠ ᠤᠳᠤᠭ ᠬᠤᠰᠢᠭᠤᠨ ᠤ ᠠᠵᠢᠯ ᠤᠯᠭᠤᠬᠤ ᠲᠤᠪᠴᠢᠶᠠᠨ  ᠠᠴᠠ ᠡᠷᠬᠢᠯᠡᠭᠰᠡᠨ ᠬᠠᠳᠬᠤᠮᠠᠯ ᠬᠠᠶᠢᠴᠢᠯᠠᠮᠠᠯ ᠤᠨ ᠠᠩᠬᠢ ᠳᠤ ᠰᠤᠷᠤᠯᠴᠠᠵᠤ᠂ ᠥᠷᠤᠭᠡᠯ ᠪᠤᠰᠤᠳ ᠲᠠᠢ ᠠᠷᠭ᠎ᠠ ᠲᠤᠷᠰᠢᠯᠭ᠎ᠠ ᠪᠠᠨ ᠰᠤᠯᠢᠯᠴᠠᠵᠤ᠂ ᠤᠷ᠎ᠠ ᠮᠡᠷᠭᠡᠵᠢᠯ  ᠢᠶᠠᠨ ᠲᠡᠭᠡᠭᠰᠢᠯᠡᠭᠦᠯᠥᠭᠰᠡᠨ ᠪᠠᠶᠢᠨ᠎ᠠ᠃                                         ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ