ᠬᠤᠰᠢᠭᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ    ᠰᠠᠶᠢᠳᠠᠨᠷᠠᠰᠢ
ᠨᠡᠶᠢᠲᠡᠯᠡᠭᠰᠡᠨ ᠴᠠᠭ᠄
2022/2/7
      ᠰᠠᠶᠢᠳᠠᠨᠷᠠᠰᠢ᠂ ᠮᠤᠩᠭᠤᠯ ᠦᠨᠳᠦᠰᠦᠳᠡᠨ᠂ 1949 ᠤᠨ  ᠤ 3 ᠳ᠋ᠤᠭᠠᠷ ᠰᠠᠷ᠎ᠠ ᠳᠤ ᠤᠳᠤᠭ ᠬᠤᠰᠢᠭᠤᠨ ᠤ ᠴᠠᠭᠠᠨᠨᠠᠭᠤᠷ ᠰᠤᠮᠤᠨ ᠤ ᠰᠠᠶᠢᠬᠠᠨᠳᠠᠯ᠎ᠠ ᠶᠢᠨ ᠴᠠᠭᠠᠨ ᠤᠪᠤᠭ᠎ᠠ ᠭᠡᠰᠡᠨ ᠭᠠᠵᠠᠷ ᠲᠦᠷᠦᠵᠡᠢ᠃ ᠠᠪᠤ ᠡᠵᠢ ᠠᠴᠠ ᠪᠠᠨ ᠠᠬ᠎ᠠ ᠲᠡᠭᠦᠦ ᠵᠢᠷᠭᠤᠭᠠᠯᠨ ᠪᠠᠶᠢᠵᠤ᠂ ᠲᠡᠷᠨ ᠬᠠᠮᠤᠭ ᠶᠡᠭᠡ ᠭᠦᠪᠡᠭᠦᠨ ᠨᠢ ᠪᠤᠯᠵᠤ ᠵᠠᠶᠠᠭᠠᠵᠠᠢ᠃ 1954 ᠤᠨ ᠳᠤ ᠪᠦᠭᠦ ᠭᠡᠷ ᠢᠶᠠᠷ ᠢᠶᠠᠨ ᠰᠢᠨ᠎ᠡ ᠰᠤᠮᠤᠨ ᠤ ᠤᠯᠠᠭᠠᠨᠴᠢᠷᠭ᠎ᠠ ᠳᠤ ᠨᠡᠭᠦᠨ ᠤᠴᠢᠵᠠᠢ᠃ 1958 ᠤᠨ ᠳᠤ ᠤᠯᠠᠭᠠᠨᠵᠢᠷᠢᠮ ᠤᠨ ᠰᠦᠮ᠎ᠡ ᠳᠤ ᠨᠢᠭᠡ ᠵᠢᠯ ᠱᠠᠰᠢᠨ ᠰᠤᠷᠳᠠᠬᠤᠨ ᠤ ᠠᠵᠢᠯ ᠢ ᠭᠢᠵᠤ ᠪᠠᠨᠳᠢ ᠪᠤᠯᠤᠭᠰᠠᠨ ᠪᠠᠶᠢᠨ᠎ᠠ᠃ 1959 ᠤᠨ ᠠᠴᠠ ᠡᠭᠢᠯᠡᠵᠤ ᠰᠢᠨ᠎ᠡ ᠵᠤᠤ ᠰᠤᠮᠤᠨ ᠤ ᠮᠤᠩᠭᠤᠯ ᠪᠠᠭ᠎ᠠ ᠰᠤᠷᠭᠠᠭᠤᠯᠢ ᠳᠤ ᠭᠤᠷᠪᠠᠨ ᠵᠢᠯ ᠪᠢᠴᠢᠭ ᠦᠵᠡᠵᠡᠢ᠃ ᠠᠷᠪᠠᠨ ᠭᠤᠷᠪᠠ ᠲᠦᠷᠪᠡᠳᠡᠢ ᠠᠴᠠ ᠡᠭᠢᠯᠡᠵᠤ ᠴᠢᠷᠭᠠᠨ ᠭᠡᠦᠭᠡᠳ ᠪᠤᠯᠵᠠᠢ᠃ ᠴᠢᠷᠭᠠᠨ ᠭᠡᠦᠭᠡᠳ ᠭᠡᠳᠡᠭ ᠨᠢ ᠲᠠᠷᠤᠢ ᠲᠤᠬᠠᠢ ᠶᠢᠨ ᠦᠶ᠎ᠡ ᠤᠯᠠᠭᠠᠨᠴᠢᠷᠭ᠎ᠠ ᠶᠡᠭᠡ ᠪᠠᠷᠢᠭᠠᠳᠠ ᠠᠴᠠ ᠲᠡᠭᠦᠨ ᠢ ᠴᠢᠷᠭ᠎ᠠ ᠬᠤᠳᠳᠤᠭ ᠠᠴᠠ ᠤᠰᠤ ᠲᠠᠳᠠᠬᠤ ᠳᠤ ᠴᠢᠷᠭᠠᠨ ᠤ ᠮᠤᠷᠢ ᠶᠢ ᠤᠨᠤᠵᠤ ᠤᠰᠤ ᠲᠠᠳᠠᠬᠤ ᠤᠨᠤᠭᠠᠴᠢᠨ ᠪᠠᠶᠢᠵᠠᠢ᠃ ᠲᠡᠭᠦᠨ ᠤ ᠪᠠᠭ᠎ᠠ ᠶᠢᠨ ᠦᠶ᠎ᠡ ᠳᠤ ᠤᠷᠴᠢᠨ ᠲᠤᠭᠤᠷᠢᠨ ᠤ ᠠᠷᠪᠠᠭᠠᠳ ᠠᠶᠢᠯ ᠤᠨ ᠭᠡᠳᠦᠨ ᠠᠷᠪᠠᠨ ᠭᠦᠮᠦᠨ᠂ ᠭᠡᠳᠦᠨ ᠮᠢᠩᠭᠠᠨ ᠶᠡᠭᠡ ᠪᠠᠭ᠎ᠠ ᠮᠠᠯ ᠢ ᠴᠦᠮ ᠨᠢᠭᠡ ᠴᠢᠷᠭ᠎ᠠ ᠬᠤᠳᠳᠤᠭ ᠠᠴᠠ ᠤᠰᠤ ᠲᠠᠳᠠᠵᠤ ᠤᠮᠳᠠᠯᠠᠳᠠᠭ ᠪᠠᠶᠢᠵᠠᠢ᠃ 1963 ᠤᠨ ᠠᠴᠠ ᠰᠢᠨ᠎ᠡ ᠵᠤᠤ ᠰᠤᠮᠤᠨ ᠤ ᠤᠯᠠᠭᠠᠨᠴᠢᠷᠭ᠎ᠠ ᠭᠠᠴᠠᠭᠠᠨ ᠤ ᠬᠠᠮᠳᠤ ᠶᠢᠨ ᠠᠳᠤᠭᠤ ᠶᠢ ᠬᠠᠷᠠᠭᠤᠯᠵᠠᠢ᠃ ᠡᠨ᠋ᠨ ᠭᠦ ᠬᠤᠭᠤᠴᠠᠭᠠᠨ ᠳᠤ ᠭᠠᠯ ᠵᠠᠯᠠᠭᠤ ᠨᠠᠰᠤᠨ ᠳᠠᠭᠠᠨ ᠬᠠᠮᠳᠤ ᠶᠢᠨ ᠠᠵᠢᠯ ᠳᠤ ᠢᠳᠡᠪᠭᠢᠳᠡᠢ ᠤᠷᠤᠯᠴᠠᠵᠤ ᠡᠪᠯᠡᠯ ᠳᠤ ᠡᠯᠰᠡᠭᠳᠡᠵᠤ᠂ ᠡᠪᠯᠡᠯ ᠤᠨ ᠡᠭᠦᠷ ᠤᠨ ᠱᠦᠵᠢ ᠶᠢᠨ ᠠᠵᠢᠯ ᠢ ᠬᠠᠷᠢᠭᠤᠴᠠᠵᠤ ᠦᠡᠭᠭᠡᠷᠡᠭᠰᠡᠨ ᠪᠠᠶᠢᠨ᠎ᠠ᠃ 1966 ᠤᠨ ᠠᠴᠠ ᠨᠤᠳᠤᠭ ᠤᠨ ᠡᠮᠴᠢ ᠶᠢᠨ ᠡᠮ ᠡᠮᠨᠡᠯᠭᠡ ᠶᠢᠨ ᠡᠷᠳᠡᠮ ᠮᠡᠳᠡᠯᠭᠡ ᠶᠢ ᠰᠤᠷᠤᠯᠴᠠᠨ᠂ ᠪᠤᠳᠠᠳᠠᠢ ᠲᠠᠢ ᠤᠶᠠᠯᠳᠤᠭᠤᠯᠵᠤ᠂ ᠴᠢᠷᠮᠠᠶᠢᠨ ᠵᠢᠳᠭᠦᠭᠰᠡᠨ ᠠᠴᠠ ᠨᠤᠳᠤᠭ ᠤᠷᠤᠨ ᠳᠠᠭᠠᠨ ᠨᠡᠷ᠎ᠡ ᠲᠠᠢ ᠡᠮᠴᠢ ᠪᠤᠯᠤᠭᠰᠠᠨ ᠪᠠᠶᠢᠨ᠎ᠠ᠃ ᠡᠷᠭᠢᠨ ᠲᠤᠭᠤᠷᠢᠨ ᠭᠡᠳᠦᠨ ᠠᠷᠪᠠᠨ ᠭᠠᠵᠠᠷ ᠤᠨ ᠡᠪᠡᠳᠴᠢᠳᠡᠨ ᠠᠳᠡ ᠢᠷᠡᠵᠤ ᠡᠮ ᠲᠠᠩ ᠠᠪᠴᠤ᠂ ᠡᠪᠡᠳᠴᠢᠨ ᠡᠮᠭᠡᠭ ᠢᠶᠠᠨ ᠵᠠᠰᠠᠭᠤᠯᠬᠤ ᠪᠠᠷ ᠵᠠᠯᠭ᠎ᠠ ᠪᠠᠷ ᠭᠦᠷᠦᠯᠴᠡᠨ ᠢᠷᠡᠳᠡᠭ ᠪᠠᠶᠢᠨ᠎ᠠ᠃ ᠲᠡᠷᠨ ᠪᠠᠰᠠ ᠡᠮ ᠤᠨ ᠮᠠᠩᠬᠤᠭ ᠢᠶᠠᠨ ᠡᠭᠦᠷᠮᠡᠭᠴᠡ ᠡᠪᠡᠳᠴᠢᠨ ᠦᠵᠡᠭᠡᠳ ᠶᠠᠪᠤᠴᠢᠳᠠᠭ ᠪᠠᠶᠢᠯ᠎ᠠ᠃ 1972 ᠤᠨ ᠤ 11 ᠳ᠋ᠤᠭᠡᠷ ᠰᠠᠷ᠎ᠠ ᠳᠤ ᠡᠪ ᠬᠠᠮᠳᠤ ᠨᠠᠮ ᠳᠤ ᠤᠷᠤᠵᠤ᠂ ᠰᠢᠯᠢᠳᠡᠭ ᠨᠠᠮ ᠤᠨ ᠭᠡᠰᠢᠭᠦᠨ᠂ ᠲᠡᠷᠢᠭᠦᠨ ᠤ ᠠᠵᠢᠯᠳᠠᠨ ᠵᠡᠷᠭᠡ ᠢᠷᠠᠭᠤ ᠠᠯᠳᠠᠷ ᠢ ᠭᠦᠷᠳᠡᠵᠤ᠂ ᠰᠤᠮᠤᠨ ᠤ ᠨᠠᠮ ᠤᠨ ᠬᠤᠷᠢᠶᠠᠨ ᠤ ᠲᠦᠯᠦᠭᠡᠯᠡᠭᠴᠢ᠂ ᠠᠷᠠᠳ ᠤᠨ ᠲᠦᠯᠦᠭᠡᠯᠡᠭᠴᠢ ᠵᠡᠷᠭᠡ ᠦᠡᠭᠭᠡ ᠭᠡᠷᠡᠯᠳᠡᠢ ᠡᠭᠦᠷᠭᠡ ᠶᠢ ᠡᠭᠦᠷᠭᠡᠯᠡᠵᠤ ᠦᠡᠭᠭᠡᠷᠡᠪᠡ᠃      ᠲᠡᠷᠨ ᠪᠠᠭ᠎ᠠ ᠨᠠᠰᠤᠨ ᠳᠠᠭᠠᠨ ᠴᠢᠷᠭ᠎ᠠ ᠠᠴᠠ ᠤᠰᠤ ᠲᠠᠳᠠᠬᠤ ᠮᠡᠷᠭᠡᠵᠢᠯ ᠢ ᠴᠢᠳᠠᠮᠠᠭᠠᠢ ᠡᠵᠡᠮᠰᠢᠵᠤ ᠴᠢᠳᠠᠵᠠᠢ᠃ ᠮᠦᠨ ᠴᠤ ᠨᠠᠰᠤᠨ ᠲᠤᠷᠰᠢ ᠴᠢᠷᠭ᠎ᠠ ᠶᠢᠨ ᠤᠰᠤ ᠢᠳᠡᠵᠤ ᠪᠠᠶᠢᠵᠠᠢ᠃ ᠨᠠᠶᠠᠭᠠᠳ ᠤᠨ ᠪᠤᠯᠬᠤ ᠳᠤ ᠨᠡᠶᠢᠭᠡᠮ ᠤᠨ ᠭᠦᠭᠵᠢᠯᠳᠡ ᠶᠢ ᠲᠠᠭᠠᠯᠳᠤᠨ ᠭᠡᠴᠦᠨᠡᠨ ᠦᠶ᠎ᠡ ᠤᠯᠠᠮᠵᠢᠯᠠᠨ ᠴᠢᠷᠭ᠎ᠠ ᠠᠴᠠ ᠤᠰᠤ ᠲᠠᠳᠠᠵᠤ ᠢᠳᠡᠵᠤ ᠪᠠᠶᠢᠭᠰᠠᠨ ᠲᠡᠦᠭᠡ ᠡᠴᠤᠰᠯᠡᠵᠤ᠂ ᠮᠠᠰᠢᠨ ᠬᠤᠳᠳᠤᠭ ᠪᠠ ᠴᠠᠭᠢᠯᠭᠠᠨ ᠮᠠᠰᠢᠨ ᠬᠤᠳᠳᠤᠭ ᠠᠴᠠ ᠤᠰᠤ ᠢᠳᠡᠭᠦ ᠪᠤᠯᠤᠭᠰᠠᠨ ᠪᠠᠶᠢᠨ᠎ᠠ᠃ ᠭᠡᠪᠡᠴᠤ ᠡᠨ᠋ᠨ ᠭᠦ ᠮᠤᠩᠭᠤᠯ ᠦᠨᠳᠦᠰᠦᠳᠡᠨ ᠤ ᠨᠡᠭᠦᠳᠡᠯ ᠠᠮᠢᠳᠤᠷᠠᠯ ᠳᠤ ᠲᠤᠳᠠᠭᠳᠠᠵᠤ ᠪᠤᠯᠤᠰᠢ ᠦᠭᠡᠢ ᠪᠠᠶᠢᠭᠰᠠᠨ ᠴᠢᠷᠭ᠎ᠠ ᠠᠴᠠ ᠤᠰᠤ ᠲᠠᠳᠠᠬᠤ ᠮᠡᠷᠭᠡᠵᠢᠯ ᠨᠢ ᠰᠤᠶᠤᠯ ᠤᠨ ᠦᠪ ᠪᠤᠯᠤᠨ ᠦᠯᠡᠳᠡᠭᠡᠵᠤ᠂ ᠦᠪᠡᠷ ᠢᠶᠠᠨ ᠴᠤ ᠮᠤᠩᠭᠤᠯ ᠦᠨᠳᠦᠰᠦᠳᠡᠨ ᠤ ᠴᠢᠷᠭ᠎ᠠ ᠠᠴᠠ ᠤᠰᠤ ᠲᠠᠳᠠᠬᠤ ᠡᠨ᠋ᠨ ᠭᠦ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ ᠪᠠᠷ ᠡᠷᠭᠦᠮᠵᠢᠯᠡᠭᠳᠡᠭᠰᠡᠨ ᠪᠠᠶᠢᠨ᠎ᠠ᠃                                            ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ