ᠬᠤᠰᠢᠭᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠤᠯᠠᠮᠵᠢᠯᠠᠭᠴᠢ    ᠰᠡᠷᠡᠩᠨᠤᠷᠪᠤ
ᠨᠡᠶᠢᠲᠡᠯᠡᠭᠰᠡᠨ ᠴᠠᠭ᠄
2022/3/22
      ᠰᠡᠷᠡᠩᠨᠤᠷᠪᠤ᠂ ᠮᠤᠩᠭᠤᠯ ᠦᠨᠳᠦᠰᠦᠳᠡᠨ᠂ 1957 ᠤᠨ ᠤ 10 ᠳ᠋ᠤᠭᠠᠷ ᠰᠠᠷ᠎ᠠ ᠳᠤ᠂ ᠤᠳᠤᠭ ᠬᠤᠰᠢᠭᠤᠨ ᠤ ᠤᠤᠯ ᠤᠨ ᠴᠠᠭᠠᠨᠨᠠᠭᠤᠷ ᠰᠤᠮᠤᠨ ᠤ ᠴᠠᠭᠠᠨᠨᠠᠭᠤᠷ ᠭᠠᠴᠠᠭᠠᠨ ᠳᠤ ᠲᠦᠷᠦᠵᠡᠢ᠃ ᠪᠠᠭ᠎ᠠ ᠶᠢᠨ ᠦᠶ᠎ᠡ ᠳᠤ ᠰᠡᠷᠡᠩᠨᠤᠷᠪᠤ ᠶᠢᠨ ᠬᠢᠨ ᠠᠵᠤ ᠠᠬᠤᠢ ᠶᠢᠨ ᠭᠦᠴᠢᠷᠳᠡᠯ ᠪᠠ ᠨᠡᠶᠢᠭᠡᠮ ᠤᠨ ᠭᠢᠵᠠᠭᠠᠷᠯᠠᠯ ᠠᠴᠠ ᠪᠤᠯᠵᠤ ᠲᠡᠭᠦᠨ ᠢ ᠰᠤᠷᠭᠠᠭᠤᠯᠢ ᠳᠤ ᠰᠠᠭᠤᠯᠭᠠᠵᠤ᠂ ᠪᠢᠴᠢᠭ ᠨᠤᠮ ᠦᠵᠡᠭᠦᠯᠦᠭᠰᠡᠨ ᠦᠭᠡᠢ ᠨᠢ ᠲᠡᠭᠦᠨ ᠤ ᠨᠠᠰᠤᠨ ᠤ ᠬᠠᠷᠠᠮᠰᠠᠯ ᠪᠤᠯᠵᠠᠢ᠃ ᠭᠡᠪᠡᠴᠤ ᠨᠤᠮᠤᠬᠠᠨ ᠲᠠᠷᠤᠤ ᠵᠠᠩ ᠲᠠᠢ ᠰᠡᠷᠡᠩᠨᠤᠷᠪᠤ ᠬᠠᠷᠢᠨ ᠭᠡᠷ ᠤᠨ ᠠᠷ ᠰᠠᠷ ᠠᠵᠢᠯ ᠭᠢᠭᠦ᠂ ᠢᠮᠠᠭ᠎ᠠ ᠬᠤᠨᠢ ᠠᠳᠤᠭᠤᠯᠬᠤ᠂ ᠠᠳᠤᠭᠤ ᠮᠤᠷᠢ ᠬᠠᠷᠢᠭᠤᠯᠬᠤ ᠵᠡᠷᠭᠡ ᠡᠯ᠎ᠡ ᠵᠦᠢᠯ ᠤᠨ ᠠᠵᠢᠯ ᠳᠤ ᠴᠠᠭᠠᠷᠠᠭᠰᠠᠨ ᠭᠡᠦᠭᠡᠳ ᠪᠠᠶᠢᠪᠠ᠃ 1979 ᠤᠨ ᠠᠴᠠ ᠴᠠᠭᠠᠨᠨᠠᠭᠤᠷ ᠭᠠᠴᠠᠭᠠᠨ ᠤ ᠬᠤᠶᠠᠷ ᠵᠠᠭᠤ ᠭᠠᠷᠤᠢ ᠬᠠᠮᠳᠤ ᠶᠢᠨ ᠠᠳᠤᠭᠤ ᠶᠢ ᠬᠠᠷᠢᠭᠤᠯᠪᠠ᠃      ᠨᠤᠳᠤᠭ ᠤᠰᠤ ᠵᠠᠷᠢᠮ ᠵᠢᠯ ᠳᠤᠨᠢ ᠭᠠᠨᠭ᠌ ᠴᠠᠩ ᠲᠠᠢ ᠪᠤᠶᠤ ᠵᠤᠳ ᠰᠢᠭᠤᠷᠭ᠎ᠠ ᠲᠠᠢ ᠪᠤᠯᠤᠭᠠᠳ ᠪᠡᠯᠴᠢᠭᠡᠷ ᠤᠰᠤ ᠮᠠᠭᠤᠳᠠᠪᠠᠯ ᠲᠡᠷᠨ ᠠᠳᠤᠭᠤ ᠪᠠᠨ ᠬᠠᠷᠢᠭᠤᠯᠵᠤ ᠤᠳᠤᠷ ᠶᠠᠪᠤᠨ᠎ᠠ᠃ ᠵᠠᠷᠢᠮ ᠡᠪᠦᠯ ᠳᠤᠨᠢ ᠬᠠᠨᠭ᠍ᠭᠢᠨ ᠬᠤᠰᠢᠭᠤᠨ ᠤ ᠬᠤᠷᠤᠭᠠᠨᠴᠠᠶᠢᠳᠠᠮ᠂ ᠦᠤᠰᠢᠨ ᠬᠤᠰᠢᠭᠤᠨ ᠤ ᠦᠤᠰᠢᠨᠵᠤᠤ ᠵᠡᠷᠭᠡ ᠭᠠᠵᠠᠷ ᠪᠤᠯ ᠲᠡᠭᠦᠨ ᠤ ᠠᠳᠤᠭᠤ ᠪᠠᠨ ᠬᠠᠷᠢᠭᠤᠯᠤᠨ ᠦᠷᠭᠦᠯᠵᠢ ᠤᠳᠤᠷ ᠶᠠᠪᠤᠳᠠᠭ ᠭᠠᠵᠠᠷ ᠪᠠᠶᠢᠪᠠ᠃ ᠰᠡᠭᠦᠯ ᠤᠨ ᠵᠢᠯ ᠤᠳ ᠲᠤ ᠭᠠᠴᠠᠭᠠᠨ ᠤ ᠮᠤᠷᠢᠨ ᠬᠠᠰᠠᠭ ︵ᠲᠡᠷᠭᠡ︶ ᠶᠢ ᠲᠠᠭᠤᠵᠤ ᠲᠡᠭᠡᠭᠡᠪᠤᠷᠢ ᠶᠢᠨ ᠠᠵᠢᠯ ᠳᠤ ᠤᠷᠤᠯᠴᠠᠪᠠ᠃ ᠪᠠᠰᠠ ᠶᠡᠭᠡ ᠬᠠᠮᠳᠤ ᠶᠢᠨ ᠰᠠᠩ ᠭᠦᠮᠦᠷᠭᠡ ᠳᠤ ᠬᠠᠪᠰᠤᠷᠴᠤ ᠠᠮᠤ ᠪᠤᠯᠠᠳᠠᠬᠤ ᠠᠵᠢᠯ ᠢ ᠭᠢᠵᠤ ᠦᠡᠭᠭᠡᠷᠡᠪᠡ       ᠰᠡᠷᠡᠩᠨᠤᠷᠪᠤ ᠶᠢᠨ ᠬᠢᠨ ᠨᠢ ᠡᠷᠦᠭᠡ ᠲᠠᠭᠠᠭᠠᠴᠢᠯᠠᠬᠤ ᠦᠶᠡᠰ᠂ ᠬᠤᠷᠢᠭᠠᠳ ᠠᠳᠤᠭᠤ ᠲᠠᠢ ᠪᠠᠶᠢᠵᠠᠢ᠃ ᠰᠡᠭᠦᠯᠳᠡᠵᠤ ᠠᠮᠢ ᠠᠬᠤᠢ ᠴᠤ ᠮᠠᠭᠤᠳᠠᠵᠤ ᠪᠡᠯᠴᠢᠭᠡᠷ ᠤᠰᠤ ᠪᠠᠭᠤᠷᠠᠢ ᠪᠤᠯᠤᠭᠰᠠᠨ ᠠᠴᠠ ᠠᠳᠤᠭᠤ ᠶᠢᠨ ᠤᠯᠠᠩᠭᠢ ᠶᠢ ᠨᠢ ᠰᠢᠢᠳᠪᠤᠷᠢᠯᠡᠭᠰᠡᠨ ᠪᠠᠶᠢᠨ᠎ᠠ᠃ ᠭᠡᠪᠡᠴᠤ ᠤᠷᠤ ᠲᠠᠰᠤᠯᠵᠤ ᠴᠢᠳᠠᠭ᠎ᠠ ᠦᠭᠡᠢ᠃ ᠡᠳᠡᠨ ᠤ ᠰᠠᠷᠨ  ᠲᠠᠢ ᠭᠡᠭᠡᠷ ᠮᠤᠷᠢ ᠨᠢ ᠨᠢᠭᠡᠨᠳᠡ ᠭᠤᠴᠢᠨ ᠲᠠᠪᠤᠨ ᠨᠠᠰᠤ ᠭᠦᠷᠦᠭᠰᠡᠨ ᠪᠠᠶᠢᠨ᠎ᠠ᠃ ᠡᠨ᠋ᠨ ᠨᠢ ᠤᠷᠳᠤᠰ ᠬᠤᠳᠠ ᠶᠢᠨ ᠭᠡᠪᠴᠢᠶᠡᠨ ᠳᠤ ᠴᠤ ᠭᠡᠰᠡᠨ ᠲᠦᠢᠯ ᠤᠨ ᠬᠤᠪᠤᠷ ᠴᠤᠬᠠᠭ ᠶᠤᠮ᠃ ᠤᠷᠴᠢᠮ ᠤᠨ ᠵᠢᠯ ᠨᠤᠳᠤᠭ ᠪᠡᠯᠴᠢᠭᠡᠷ ᠤᠨ ᠰᠠᠶᠢᠵᠢᠷᠠᠬᠤ ᠶᠢ ᠲᠠᠭᠠᠯᠳᠤᠨ᠂ ᠬᠤᠰᠢᠭᠤ ᠱᠠᠳᠤᠨ ᠤ ᠠᠳᠤᠭᠤ ᠮᠤᠷᠢ ᠶᠢ ᠬᠠᠮᠠᠭᠠᠯᠠᠵᠤ ᠦᠷᠡᠵᠢᠭᠦᠯᠭᠦ ᠲᠦᠷᠦ ᠶᠢᠨ ᠪᠤᠳᠤᠯᠭ᠎ᠠ ᠶᠢ ᠲᠦᠰᠢᠭᠯᠡᠨ ᠭᠠᠳᠠᠷ ᠤᠷᠤᠨ ᠠᠴᠠ ᠰᠠᠶᠢᠨ ᠡᠭᠦᠯᠳᠡᠷ ᠤᠨ ᠠᠳᠤᠭᠤ ᠶᠢ ᠨᠡᠮᠡᠵᠤ ᠬᠤᠳᠠᠯᠳᠤᠨ ᠠᠪᠴᠠᠢ᠃ 1990 ᠤᠨ ᠠᠴᠠ ᠡᠳᠦᠭᠡ ᠪᠤᠯᠳᠠᠯ᠎ᠠ ᠤᠷᠤᠨ ᠠᠶᠢᠮᠠᠭ ᠬᠤᠳᠠ᠂ ᠡᠯ᠎ᠡ ᠬᠤᠰᠢᠭᠤ ᠱᠠᠳᠤᠨ ᠤ ᠮᠤᠷᠢᠨ ᠤᠷᠤᠯᠳᠤᠭᠠᠨ ᠳᠤ ᠲᠠᠰᠤᠷᠠᠯᠳᠠ ᠦᠭᠡᠢ ᠤᠷᠤᠯᠴᠠᠵᠤ᠂ ᠨᠠᠶ᠋ᠨ ᠭᠠᠷᠤᠢ ᠠᠳᠠᠯᠢ ᠪᠤᠰᠤ ᠱᠠᠩᠨᠠᠯ ᠭᠦᠭᠢᠭᠦᠯᠦᠯ ᠢ ᠲᠤᠰᠴᠠᠢ᠃ 2004 ᠤᠨ ᠳᠤ ᠤᠷᠳᠤᠰ ᠬᠤᠳᠠ ᠶᠢᠨ ᠨᠢᠭᠡᠳᠦᠭᠡᠷ ᠬᠤᠭᠤᠴᠠᠭ᠎ᠠ ᠪᠠ 2005 ᠤᠨ ᠤ ᠤᠷᠳᠤᠰ ᠬᠤᠳᠠ ᠶᠢᠨ ᠬᠤᠶᠠᠳᠤᠭᠠᠷ ᠬᠤᠭᠤᠴᠠᠭᠠᠨ ᠤ ᠴᠦᠭᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠲᠠᠮᠢᠷ ᠤᠨ ᠴᠤᠭᠯᠠᠭᠠᠨ ᠳᠤ ᠵᠢᠷᠤᠭ᠎ᠠ ᠮᠤᠷᠢ ᠨᠢᠭᠡᠳᠦᠭᠡᠷ ᠪᠠ ᠬᠤᠶᠠᠳᠤᠭᠠᠷ ᠨᠡᠷᠡᠰ ᠲᠤ ᠵᠢᠠᠠᠰᠠᠭᠠᠭᠳᠠᠵᠤ᠂ 2010 ᠤᠨ ᠳᠤ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠲᠤᠯᠤᠳᠤᠭᠠᠷ ᠬᠤᠭᠤᠴᠠᠭᠠᠨ ᠤ ᠴᠦᠭᠡᠨ ᠲᠤᠭᠠᠳᠤ ᠦᠨᠳᠦᠰᠦᠳᠡᠨ ᠤ ᠤᠯᠠᠮᠵᠢᠯᠠᠯᠳᠤ ᠪᠡᠶ᠎ᠡ ᠲᠠᠮᠢᠷ ᠤᠨ ᠴᠤᠭᠯᠠᠭᠠᠨ ᠳᠤ ᠵᠢᠷᠤᠭ᠎ᠠ ᠮᠤᠷᠢ ᠨᠢ ᠦᠨᠳᠦᠷ ᠠᠮᠵᠢᠯᠳᠠ ᠤᠯᠵᠠᠢ᠃ ᠡᠳᠡᠭᠡᠷ ᠲᠤᠮᠤ ᠤᠷᠤᠯᠳᠤᠭᠠᠨ  ᠳᠤ ᠱᠠᠩᠨᠠᠯ ᠭᠦᠭᠢᠭᠦᠯᠦᠯ ᠤᠯᠤᠭᠰᠠᠨ ᠢᠶᠠᠨ ᠰᠡᠷᠡᠩᠨᠤᠷᠪᠤ ᠡᠷᠭᠢᠴᠡᠭᠦᠯᠭᠦ ᠲᠤᠳᠤᠮ ᠦᠪᠡᠷ ᠤᠨ ᠡᠷᠭᠡ ᠦᠭᠡᠢ ᠤᠮᠤᠭᠰᠢᠬᠤ ᠶᠢᠨ ᠲᠠᠭᠠᠤ ᠠᠳᠤᠭᠤ ᠪᠠᠨ ᠬᠠᠶᠢᠷᠠᠯᠠᠵᠤ᠂ ᠠᠳᠤᠭᠤᠨ ᠰᠤᠶᠤᠯ ᠢᠶᠠᠨ ᠭᠦᠭᠵᠢᠭᠦᠯᠭᠦ ᠵᠤᠷᠢᠭ ᠤᠯᠠᠮ ᠡᠷᠴᠢᠮ ᠲᠠᠢ ᠪᠤᠯᠳᠠᠭ ᠪᠠᠶᠢᠨ᠎ᠠ᠃                              ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ