ᠲᠡᠮᠴᠤᠭᠵᠠᠪ᠂ ᠮᠤᠩᠭᠤᠯ ᠦᠨᠳᠦᠰᠦᠳᠡᠨ᠂ 1956 ᠤᠨ ᠤ 2 ᠳ᠋ᠤᠭᠠᠷ ᠰᠠᠷ᠎ᠠ ᠳᠤ ᠤᠳᠤᠭ ᠬᠤᠰᠢᠭᠤᠨ ᠤ ᠰᠦᠮᠡᠳᠥ ᠰᠤᠮᠤᠨ ᠤ ᠰᠦᠵᠢ ᠭᠠᠴᠠᠭᠠᠨ ᠤ | ᠤᠯᠠᠭᠠᠨ ᠲᠤᠯᠤᠭᠠᠢ ᠭᠡᠳᠡᠭ ᠭᠠᠵᠠᠷ ᠲᠦᠷᠦᠵᠡᠢ᠃ ᠠᠪᠤ ᠡᠵᠢ ᠠᠴᠠ ᠪᠠᠨ ᠠᠬ᠎ᠠ ᠲᠡᠭᠦᠦ ᠨᠠᠢᠮᠠᠭᠤᠯᠨ ᠪᠠᠶᠢᠵᠤ᠂ ᠲᠠᠮᠴᠤᠭᠵᠠᠪ ᠭᠤᠷᠪᠠᠳᠤᠭᠠᠷ ᠭᠦᠪᠡᠭᠦᠨ ᠨᠢ ᠪᠤᠯᠵᠠᠢ | ᠃ ᠠᠷᠪᠠᠨ ᠭᠤᠷᠪᠠᠳᠠᠢ ᠳᠠᠭᠠᠨ ᠰᠦᠮᠡᠳᠥ ᠰᠤᠮᠤᠨ ᠤ ᠬᠠᠳᠠᠳᠤ ᠪᠠᠭ᠎ᠠ ᠰᠤᠷᠭᠠᠭᠤᠯᠢ ᠳᠤ ᠭᠤᠷᠪᠠᠭ᠋ᠠᠨ ᠵᠢᠯ ᠪᠢᠴᠢᠭ ᠦᠵᠡᠴᠡᠭᠡᠳ ᠭᠡᠷ ᠲᠡᠭᠡᠨ ᠬᠠᠷᠢᠵᠤ ᠮᠠᠯᠴᠢᠨ | ᠪᠤᠯᠵᠠᠢ᠃ ᠭᠡᠷ ᠲᠡᠭᠡᠨ ᠬᠠᠷᠢᠭᠰᠠᠨ ᠤ ᠲᠠᠷᠠᠭ᠎ᠠ ᠲᠠᠮᠴᠤᠭᠵᠠᠪ ᠠᠪᠤ ᠡᠵᠢ ᠪᠠᠨ ᠬᠠᠪᠰᠤᠷᠴᠤ ᠭᠡᠷ ᠤᠨ ᠠᠷ ᠰᠠᠷ ᠠᠵᠢᠯ ᠢ ᠭᠢᠭᠦ᠂ ᠬᠠᠮᠳᠤ ᠨᠡᠶᠢᠳᠡ ᠶᠢᠨ ᠠᠳᠤᠭᠤ | ᠬᠠᠷᠢᠭᠤᠯᠬᠤ ᠵᠡᠷᠭᠡ ᠤᠯᠠᠨ ᠠᠵᠢᠯ ᠢ ᠭᠢᠭᠰᠡᠨ ᠪᠠᠶᠢᠨ᠎ᠠ᠃ ᠲᠤᠬᠠᠢ ᠶᠢᠨ ᠦᠶ᠎ᠡ ᠶᠡᠭᠡ ᠬᠠᠮᠳᠤ ᠳᠤ ᠲᠠᠪᠤᠨ ᠵᠠᠭᠤ ᠭᠠᠷᠤᠢ ᠠᠳᠤᠭᠤ ᠪᠠᠶᠢᠵᠠᠢ᠃ ᠲᠡᠷᠨ ᠡᠳᠦᠷᠵᠢᠨ | ᠠᠳᠤᠭᠤ ᠪᠠᠨ ᠬᠠᠷᠢᠭᠤᠯᠬᠤ᠂ ᠠᠷᠠᠴᠢᠯᠠᠬᠤ᠂ ᠤᠰᠤᠯᠠᠬᠤ ᠪᠠ ᠪᠡᠯᠴᠢᠭᠡᠷ ᠤᠰᠤ ᠮᠠᠭᠤ ᠲᠠᠢ ᠵᠢᠯ ᠳᠤᠨᠢ ᠰᠢᠨ᠎ᠡ ᠵᠤᠤ ᠵᠡᠷᠭᠡ ᠭᠠᠵᠠᠷ ᠶᠠᠪᠤᠵᠤ ᠤᠳᠤᠷᠯᠠᠵᠤ ᠪᠠᠶᠢᠪᠠ᠃ | ᠭᠠᠴᠠᠭᠠᠨ ᠤ ᠠᠳᠤᠭᠤ ᠶᠢ ᠶᠠᠭ ᠠᠷᠪᠠᠨ ᠲᠠᠪᠤᠨ ᠵᠢᠯ ᠬᠠᠷᠢᠭᠤᠯᠵᠤ᠂ ᠶᠡᠭᠡ ᠲᠤᠭᠤᠭ᠎ᠠ ᠬᠠᠭᠠᠷᠠᠵᠤ ᠡᠷᠦᠭᠡ ᠳᠤ ᠲᠠᠭᠠᠭᠠᠴᠢᠯᠠᠬᠤ ᠪᠤᠯᠳᠠᠯ᠎ᠠ ᠠᠳᠤᠭᠤᠴᠢᠨ ᠪᠤᠯᠵᠤ | ᠶᠠᠪᠤᠵᠠᠢ᠃ ᠡᠨ᠋ᠨ ᠭᠦ ᠬᠤᠭᠤᠴᠠᠭᠠᠨ ᠳᠠᠭᠠᠨ ᠨᠠᠭᠠᠴᠤ ᠠᠪᠤ ᠶᠢᠨ ᠢᠶᠠᠨ ᠮᠤᠷᠢ ᠠᠷᠠᠴᠢᠯᠠᠬᠤ ᠶᠢ ᠰᠤᠷᠴᠤ᠂ ᠨᠠᠩ ᠢᠯᠠᠩᠭᠤᠶ᠎ᠠ ᠮᠤᠷᠢᠨ ᠤ ᠡᠯᠳᠡᠪ ᠵᠦᠢᠯ ᠤᠨ ᠪᠠᠭᠠᠵᠢ | ᠭᠡᠷᠡᠭᠰᠡᠯ ᠢ ᠪᠦᠳᠦᠭᠡᠵᠤ ᠦᠢᠯᠡᠳᠭᠦ ᠶᠢ ᠡᠷᠴᠢᠮᠳᠡᠢ ᠰᠤᠷᠴᠤ ᠡᠵᠡᠮᠰᠢᠭᠰᠡᠨ ᠪᠠᠶᠢᠨ᠎ᠠ᠃ | 1987 ᠤᠨ ᠳᠤ ᠤᠤᠯ ᠤᠨ ᠰᠢᠨ᠎ᠡ ᠵᠤᠤ ᠰᠤᠮᠤᠨ ᠤ ᠨᠤᠭᠤᠭᠠᠳᠠᠢ ᠭᠠᠴᠠᠭᠠᠨ ᠳᠤ ᠨᠤᠳᠤᠭ ᠰᠢᠯᠵᠢᠨ ᠠᠮᠢᠳᠤᠷᠠᠵᠠᠢ᠃ ᠨᠡᠶᠢᠭᠡᠮ ᠤᠨ ᠠᠮᠢᠳᠤᠷᠠᠯ | ᠰᠠᠶᠢᠵᠢᠷᠠᠬᠤ ᠶᠢ ᠲᠠᠭᠠᠯᠳᠤᠨ᠂ ᠭᠦᠳᠡᠭᠡ ᠲᠤᠰᠬᠤᠨ ᠤ ᠮᠠᠯᠵᠢᠬᠤ ᠤᠷᠤᠨ ᠳᠤ ᠮᠤᠷᠢ ᠠᠳᠤᠭᠤ ᠤᠯᠠᠰᠢᠷᠠᠬᠤ ᠶᠢ ᠲᠠᠭᠠᠯᠳᠤᠨ ᠮᠤᠷᠢᠨ ᠤ ᠡᠯᠳᠡᠪ ᠵᠦᠢᠯ ᠤᠨ ᠪᠠᠭᠠᠵᠢ | ᠭᠡᠷᠡᠭᠰᠡᠯ ᠴᠤᠬᠠᠭᠳᠠᠬᠤ ᠦᠶᠡᠰ ᠲᠡᠮᠴᠤᠭᠵᠠᠪ 2002 ᠤᠨ ᠠᠴᠠ ᠡᠭᠢᠯᠡᠵᠤ᠂ ᠦᠪᠡᠷ ᠢᠶᠠᠨ ᠮᠤᠷᠢᠨ ᠤ ᠪᠠᠭᠠᠵᠢ ᠶᠢ ᠦᠢᠯᠡᠳᠭᠦ ᠠᠵᠢᠯ ᠢᠶᠠᠨ ᠵᠢᠩᠭᠢᠨᠢ | ᠡᠭᠢᠯᠡᠭᠦᠯᠵᠡᠢ᠃ | ᠲᠡᠮᠴᠤᠭᠵᠠᠪ ᠤᠨ ᠮᠤᠷᠢᠨ ᠤ ᠪᠠᠭᠠᠵᠢ ᠭᠡᠷᠡᠭᠰᠡᠯ ᠤᠨ ᠲᠤᠬᠠᠢ ᠭᠢᠵᠤ ᠴᠢᠳᠠᠬᠤ ᠠᠵᠢᠯ ᠤᠯᠠᠨ ᠪᠤᠢ᠃ ᠲᠤᠬᠤᠮ ᠴᠢᠮᠭᠢᠭᠦ᠂ ᠡᠮᠡᠭᠡᠯ ᠲᠡᠪᠰᠡᠯᠡᠭᠦ᠂ ᠤᠯᠤᠮ | ᠵᠢᠷᠢᠮ ᠭᠦᠷᠦᠭᠦ᠂ ᠴᠢᠳᠦᠷ᠂ ᠲᠤᠰᠢᠶ᠎ᠠ᠂ ᠲᠠᠰᠢᠭᠤᠷ ᠭᠦᠷᠦᠭᠦ᠂ ᠬᠠᠵᠢᠶᠠᠷ ᠨᠤᠭᠳᠤ ᠦᠢᠯᠡᠳᠭᠦ᠂ ᠱᠠᠭᠱᠠᠭᠠ ᠬᠤᠨᠭ᠍ᠬ᠎ᠠ᠂ ᠬᠤᠳᠤᠷᠠᠭᠠ ᠵᠠᠰᠠᠬᠤ ᠵᠡᠷᠭᠡ ᠠᠯᠢ ᠤᠯᠠᠨ | ᠡᠳ᠋ᠯᠡᠯ ᠪᠠᠭᠠᠵᠢ ᠶᠢ ᠦᠢᠯᠡᠳᠦᠭᠰᠡᠨ ᠪᠠᠶᠢᠨ᠎ᠠ᠃ ᠪᠦᠷᠢᠳᠭᠡᠪᠡᠯ ᠮᠢᠩᠭ᠎ᠠ ᠭᠠᠷᠤᠢ ᠪᠦᠳᠦᠭᠡᠯ ᠢ ᠭᠢᠵᠤ ᠦᠢᠯᠡᠳᠭᠦ ᠶᠢᠨ ᠲᠠᠭᠠᠤ ᠪᠤᠷᠤᠯᠠᠭᠤᠯᠵᠤ ᠦᠪᠡᠷ ᠤᠨ ᠤᠷᠤᠯᠭ᠎ᠠ | ᠪᠠᠨ ᠨᠡᠮᠡᠭᠳᠡᠭᠦᠯᠵᠤ ᠠᠮᠢᠳᠤᠷᠠᠯ ᠢᠶᠠᠨ ᠴᠤ ᠲᠡᠭᠡᠭᠰᠢᠯᠡᠭᠦᠯᠦᠭᠰᠡᠨ ᠪᠠᠶᠢᠨ᠎ᠠ᠃ 2013 ᠤᠨ ᠳᠤ᠂ ᠬᠤᠰᠢᠭᠤ ᠲᠡᠰ ᠤᠨ ᠮᠤᠷᠢᠨ ᠤ ᠪᠠᠭᠠᠵᠢ ᠶᠢ ᠦᠢᠯᠡᠳᠭᠦ | ᠤᠯᠠᠮᠵᠢᠯᠠᠭᠴᠢ ᠪᠠᠷ ᠡᠷᠭᠦᠮᠵᠢᠯᠡᠭᠳᠡᠭᠰᠡᠨ ᠪᠠᠶᠢᠨ᠎ᠠ᠃ | | ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ | ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶ |