ᠪᠤᠷᠤᠴᠢᠯᠠᠭᠤ᠂ ᠮᠤᠩᠭᠤᠯ ᠦᠨᠳᠦᠰᠦᠳᠡᠨ᠂ 1954 ᠤᠨ ᠤ 1 ᠳ᠋ᠤᠭᠡᠷ ᠰᠠᠷ᠎ᠠ ᠳᠤ ᠤᠳᠤᠭ ᠬᠤᠰᠢᠭᠤᠨ ᠤ ᠤᠤᠯ ᠤᠨ ᠰᠢᠨ᠎ᠡ ᠵᠤᠤ ᠰᠤᠮᠤᠨ ᠤ | ᠤᠯᠠᠭᠠᠨᠴᠢᠷᠭᠠ ᠭᠠᠴᠠᠭᠠᠨ ᠳᠤ ᠲᠦᠷᠦᠵᠡᠢ᠃ ᠠᠪᠤ ᠡᠵᠢ ᠠᠴᠠ ᠪᠠᠨ ᠠᠬ᠎ᠠ ᠲᠡᠭᠦᠦ ᠨᠠᠢᠮᠠᠭᠤᠯᠨ ᠪᠠᠶᠢᠵᠤ᠂ ᠲᠡᠷᠨ ᠤᠤᠭᠠᠨ ᠭᠦᠪᠡᠭᠦᠨ ᠨᠢ ᠪᠤᠯᠵᠤ ᠵᠠᠶᠠᠭᠠᠭᠰᠠᠨ | ᠪᠠᠶᠢᠨ᠎ᠠ᠃ ᠨᠠᠢᠮᠠᠨ ᠨᠠᠰᠤᠳᠠᠢ ᠠᠴᠠ ᠪᠠᠨ ᠭᠠᠴᠠᠭᠠᠨ ᠤ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠳᠤ ᠵᠢᠯ ᠭᠠᠷᠤᠶᠢᠬᠠᠨ ᠪᠢᠴᠢᠭ ᠦᠵᠡᠴᠡᠭᠡᠳ ᠭᠡᠷ ᠲᠡᠭᠡᠨ | ᠪᠤᠴᠠᠵᠠᠢ᠃ ᠠᠪᠤ ᠨᠢ ᠪᠠᠶᠠᠰᠬᠤᠯᠠᠩ ᠭᠡᠭᠴᠢ ᠶᠡᠭᠡ ᠬᠠᠮᠳᠤ ᠶᠢᠨ ᠦᠶ᠎ᠡ ᠳᠤ ᠶᠤᠰᠤᠳᠠᠢ ᠠᠳᠤᠭᠤᠨ ᠳᠠᠭᠠᠨ ᠬᠠᠶᠢᠷᠠᠳᠠᠢ᠂ ᠮᠤᠷᠢᠨ ᠡᠷᠳᠡᠮ ᠳᠤ ᠴᠠᠭᠠᠷᠠᠭᠰᠠᠨ | ᠭᠠᠴᠠᠭᠠᠨ ᠤ ᠠᠳᠤᠭᠤᠴᠢᠨ ᠪᠠᠶᠢᠭᠰᠠᠨ ᠭᠡᠨ᠎ᠡ᠃ ᠪᠤᠷᠤᠴᠢᠯᠠᠭᠤ ᠪᠠᠭ᠎ᠠ ᠠᠴᠠ ᠪᠠᠨ ᠠᠪᠤ ᠪᠠᠨ ᠲᠠᠭᠠᠵᠤ ᠠᠳᠤᠭᠤ ᠬᠠᠷᠢᠭᠤᠯᠬᠤ ᠶᠢ ᠰᠤᠷᠤᠭᠰᠠᠨ ᠪᠠᠶᠢᠨ᠎ᠠ᠃ ᠲᠤᠬᠠᠢ | ᠶᠢᠨ ᠦᠶ᠎ᠡ ᠤᠯᠠᠭᠠᠨᠴᠢᠷᠭᠠ ᠭᠠᠴᠠᠭ᠎ᠠ ᠶᠢ ᠤᠯᠠᠭᠠᠨᠭᠡᠷᠡᠯ ᠭᠠᠴᠠᠭ᠎ᠠ ᠭᠡᠵᠤ ᠨᠡᠷᠡᠯᠡᠵᠤ ᠪᠠᠶᠢᠵᠠᠢ᠃ ᠡᠨ᠋ᠨ ᠭᠠᠴᠠᠭᠠᠨ ᠳᠤ ᠮᠢᠩᠭ᠎ᠠ ᠭᠢᠷᠢ ᠠᠳᠤᠭᠤ ᠲᠠᠢ ᠪᠠᠶᠢᠭᠰᠠᠨ | ᠠᠴᠠ ᠭᠤᠷᠪᠠᠨ ᠴᠢᠭ ᠬᠤᠪᠢᠶᠠᠨ᠂ ᠡᠳᠡᠨ ᠤ ᠬᠢᠨ ᠨᠢ ᠲᠠᠮᠠᠭ᠎ᠠ ᠶᠢᠨ ᠴᠢᠭ ᠲᠤ ᠠᠳᠤᠭᠤ ᠬᠠᠷᠢᠭᠤᠯᠵᠤ ᠪᠠᠶᠢᠵᠠᠢ᠃ ᠪᠠᠭ᠎ᠠ ᠶᠢᠨ ᠦᠶ᠎ᠡ ᠶᠢᠨ ᠪᠤᠷᠤᠴᠢᠯᠠᠭᠤ ᠮᠤᠷᠢ | ᠤᠨᠤᠬᠤ᠂ ᠤᠰᠤᠯᠠᠬᠤ᠂ ᠮᠤᠷᠢ ᠲᠡᠵᠢᠭᠡᠭᠦ᠂ ᠠᠰᠠᠷᠠᠬᠤ ᠡᠯ᠎ᠡ ᠵᠦᠢᠯ ᠤᠨ ᠠᠵᠢᠯ ᠢ ᠰᠠᠶᠢᠬᠠᠨ ᠭᠢᠳᠡᠭ ᠪᠠᠶᠢᠭᠰᠠᠨ ᠠᠴᠠ ᠤᠯᠠᠨ ᠤ ᠮᠠᠭᠳᠠᠭᠠᠯ ᠢ ᠰᠠᠶᠢᠨ ᠭᠦᠷᠳᠡᠵᠤ | ᠪᠠᠶᠢᠵᠠᠢ᠃ ᠲᠡᠷᠨ ᠦᠶ᠎ᠡ ᠴᠢᠷᠭ᠎ᠠ ᠶᠢᠨ ᠮᠤᠷᠢ ᠤᠨᠤᠵᠤ᠂ ᠤᠯᠠᠨ ᠠᠳᠤᠭᠤ ᠤᠰᠤᠯᠠᠬᠤ ᠨᠢ ᠲᠡᠭᠦᠨ ᠤ ᠭᠤᠤᠯ ᠠᠵᠢᠯ ᠪᠠᠶᠢᠪᠠ᠃ ᠲᠠᠯᠨ ᠨᠠᠶᠠᠨ ᠮᠧᠲᠷ ᠭᠦᠨ | ᠴᠢᠷᠭ᠎ᠠ ᠠᠴᠠ ᠤᠰᠤ ᠲᠠᠳᠠᠵᠤ ᠲᠡᠷᠨ ᠤᠯᠠᠨ ᠠᠳᠤᠭᠤ ᠶᠢ ᠤᠰᠤᠯᠠᠬᠤ ᠨᠢ ᠲᠤᠩ ᠭᠦᠴᠢᠷ ᠪᠠᠶᠢᠭᠰᠠᠨ ᠴᠤ ᠮᠤᠷᠢᠨ ᠤ ᠪᠠᠨ ᠨᠢᠷᠤᠭᠤᠨ ᠳᠤ ᠭᠠᠷᠪᠠᠯ ᠠᠯᠢᠪᠠ ᠪᠠᠨ | ᠤᠮᠠᠷᠳᠠᠳᠠᠭ ᠪᠠᠶᠢᠭᠰᠠᠨ ᠪᠠᠶᠢᠵᠠᠢ᠃ 1974 ᠤᠨ ᠳᠤ ᠤᠯᠠᠭᠠᠨᠴᠢᠷᠭᠠ ᠭᠠᠴᠠᠭ᠎ᠠ ︵ᠲᠤᠬᠠᠢ ᠶᠢᠨ ᠦᠶ᠎ᠡ ᠶᠢᠨ ᠤᠯᠠᠭᠠᠨᠭᠡᠷᠡᠯ ᠭᠠᠴᠠᠭ᠎ᠠ︶ ᠠᠴᠠ ᠨᠤᠭᠤᠭᠠᠳᠠᠢ | ᠭᠠᠴᠠᠭ᠎ᠠ ︵ᠲᠤᠬᠠᠢ ᠶᠢᠨ ᠦᠶ᠎ᠡ ᠶᠢᠨ ᠲᠠᠪᠰᠢᠯᠳᠤ ᠭᠠᠴᠠᠭ᠎ᠠ︶ ᠳᠤ ᠢᠷᠡᠵᠤ ᠨᠤᠳᠤᠭᠰᠢᠵᠠᠢ᠃ ᠢᠳᠡᠷ ᠨᠠᠰᠤᠨ ᠤ ᠪᠤᠷᠤᠴᠢᠯᠠᠭᠤ ᠭᠦᠴᠦ ᠴᠢᠳᠠᠯ ᠲᠠᠢ ᠡᠷ᠎ᠡ ᠭᠦᠮᠦᠨ | ᠪᠤᠯᠤᠭᠰᠠᠨ ᠠᠴᠠ ᠲᠡᠷᠨ ᠬᠤᠶᠠᠷ ᠵᠢᠯ ᠶᠡᠭᠡ ᠬᠠᠮᠳᠤ ᠶᠢᠨ ᠠᠵᠢᠯ ᠳᠤ ᠤᠷᠤᠯᠴᠠᠵᠤ᠂ ᠲᠠᠷᠢᠶ᠎ᠠ ᠲᠠᠷᠢᠬᠤ᠂ ᠮᠠᠯ ᠰᠠᠮᠨᠠᠬᠤ᠂ ᠬᠤᠨᠢ ᠬᠠᠶᠢᠴᠢᠯᠠᠬᠤ᠂ ᠴᠠᠮᠪᠠ ᠭᠦᠷᠢᠶ᠎ᠡ | ᠪᠠᠶᠢᠭᠤᠯᠬᠤ᠂ ᠰᠢᠪᠠᠷ ᠫᠸᠡᠭ ᠪᠤᠰᠬᠠᠬᠤ ᠵᠡᠷᠭᠡ ᠨᠡᠶᠢᠳᠡ ᠶᠢᠨ ᠠᠵᠢᠯ ᠳᠤ ᠭᠠᠪᠰᠢᠭᠠᠢ ᠤᠷᠤᠯᠴᠠᠳᠠᠭ ᠪᠠᠶᠢᠪᠠ᠃ 1976 ᠤᠨ ᠠᠴᠠ ᠡᠭᠢᠯᠡᠵᠤ᠂ ᠲᠠᠪᠰᠢᠯᠳᠤ | ᠭᠠᠴᠠᠭᠠᠨ ︵ᠨᠤᠭᠤᠭᠠᠳᠠᠢ ᠭᠠᠴᠠᠭ᠎ᠠ︶ ᠤ ᠮᠠᠯ ᠤᠨ ᠡᠮᠴᠢ ᠶᠢᠨ ᠠᠵᠢᠯ ᠢ ᠲᠠᠪᠬᠤᠷᠯᠠᠨ ᠭᠠᠷᠳᠠᠨ ᠭᠢᠪᠡ᠃ ᠡᠷᠦᠭᠡ ᠲᠠᠭᠠᠭᠠᠴᠢᠯᠠᠭᠰᠠᠨ ᠤ ᠲᠠᠷᠠᠭ᠎ᠠ ᠲᠡᠷᠨ | ᠦᠷᠭᠦᠯᠵᠢᠯᠡᠨ ᠡᠨ᠋ᠨ ᠭᠦ ᠨᠤᠳᠤᠭ ᠲᠠᠭᠠᠨ ᠤᠷᠤᠰᠢᠨ ᠲᠤᠭᠳᠠᠨᠢᠵᠤ᠂ ᠠᠵᠢᠯ ᠭᠦᠳᠡᠯᠮᠤᠷᠢ ᠳᠤ ᠤᠷᠤᠯᠴᠠᠨ᠂ ᠠᠶᠢᠯ ᠡᠷᠦᠭᠡ ᠪᠠᠨ ᠪᠤᠰᠬᠠᠨ᠂ ᠠᠵᠢᠯᠴᠢ | ᠭᠦᠳᠡᠯᠮᠤᠷᠢᠴᠢ ᠪᠠᠷ ᠠᠳᠠᠯ ᠦᠢᠯᠡᠰ ᠢᠶᠠᠨ ᠭᠦᠭᠵᠢᠭᠦᠯᠦᠭᠡᠳ ᠠᠵᠤ ᠠᠬᠤᠢ ᠵᠡᠷᠭᠡ ᠠᠯᠢᠪᠠ ᠲᠠᠯ᠎ᠠ ᠨᠡᠮᠡᠭᠳᠡᠭᠦᠶᠢᠴᠡ ᠲᠡᠭᠡᠭᠰᠢᠯᠡᠪᠡ᠃ ᠤᠳᠤ ᠲᠡᠳᠡᠨ ᠤ ᠬᠢᠨ | ᠲᠦᠷᠪᠡᠨ ᠵᠠᠭᠤ ᠭᠠᠷᠤᠢ ᠪᠠᠭ᠎ᠠ ᠮᠠᠯ ᠲᠠᠢ᠂ ᠬᠤᠷᠢᠭᠠᠳ ᠠᠳᠤᠭᠤ ᠲᠠᠢ᠂ ᠠᠷᠪᠠᠭᠠᠳ ᠦᠭᠡᠷ ᠲᠠᠢ᠂ ᠠᠷᠪᠠᠭᠠᠳ ᠲᠡᠮᠡᠭᠡ ᠲᠠᠢ᠂ ᠲᠠᠪᠤᠨ ᠬᠤᠰᠢᠭᠤ ᠮᠠᠯ ᠢ | ᠪᠦᠷᠢᠯᠳᠦᠭᠦᠯᠵᠤ᠂ ᠴᠢᠨᠡᠭᠡᠯᠢᠭ ᠠᠮᠢᠳᠤᠷᠠᠯ ᠢ ᠡᠳ᠋ᠯᠡᠭᠰᠡᠨ ᠪᠠᠶᠠᠨ ᠠᠶᠢᠯ ᠡᠷᠦᠭᠡ ᠪᠤᠯᠤᠭᠰᠠᠨ ᠪᠠᠶᠢᠨ᠎ᠠ᠃ | ᠲᠤᠵᠢ ᠶᠢᠨ ᠰᠢᠯᠢ ᠪᠤᠯ ᠴᠢᠩᠭᠢᠰ ᠤᠨ ᠨᠠᠢᠮᠠᠨ ᠰᠢᠷᠭ᠎ᠠ ᠶᠢᠨ ᠦᠰᠦᠨ ᠪᠤᠶᠢᠵᠢᠭᠰᠠᠨ ᠨᠤᠳᠤᠭ ᠪᠢᠯᠨ᠃ ᠡᠷᠳᠡᠨ ᠠᠴᠠ ᠠᠪᠤᠭᠠᠳ ᠠᠳᠡ ᠪᠡᠯᠴᠢᠭᠡᠷ ᠤᠰᠤ | ᠰᠠᠶᠢᠨ᠂ ᠠᠳᠤᠭᠤ ᠮᠠᠯ ᠦᠰᠳᠡᠭ ᠡᠭᠡᠯᠢᠳᠡᠢ ᠰᠠᠶᠢᠬᠠᠨ ᠤᠷᠤᠨ ᠶᠤᠮ᠃ ᠡᠨ᠋ᠨ ᠨᠤᠳᠤᠭ ᠤᠨ ᠠᠷᠠᠳ ᠲᠦᠮᠡᠨ ᠦᠶ᠎ᠡ ᠤᠯᠠᠷᠢᠨ ᠠᠳᠤᠭᠤ ᠳᠠᠭᠠᠨ ᠬᠠᠶᠢᠷ᠎ᠠ ᠲᠠᠢ | ᠪᠠᠶᠢᠳᠠᠭ ᠨᠢ ᠤᠨᠴᠠ ᠭᠠᠶᠢᠬᠠᠮᠠᠷ ᠶᠤᠮ᠃ ᠪᠤᠷᠤᠴᠢᠯᠠᠭᠤ ᠴᠤ ᠡᠶᠢᠮᠤ ᠲᠡᠭᠡᠳᠦᠰ ᠤᠨ ᠨᠤᠳᠤᠭ ᠲᠤ ᠦᠰᠦᠨ ᠪᠤᠶᠢᠵᠢᠵᠤ᠂ ᠮᠤᠷᠢ ᠲᠠᠢ ᠪᠠᠨ ᠨᠠᠶᠢᠵᠠᠯᠠᠵᠤ᠂ ᠮᠤᠷᠢ | ᠲᠠᠢ ᠪᠠᠨ ᠠᠮᠢᠳᠤᠷᠠᠵᠤ ᠢᠷᠡᠭᠰᠡᠨ ᠠᠴᠠ ᠠᠳᠤᠭᠤᠨ ᠰᠤᠶᠤᠯ ᠳᠤ ᠲᠦᠢᠯ ᠤᠨ ᠭᠦᠨ ᠵᠤᠵᠠᠭᠠᠨ᠂ ᠬᠠᠶᠢᠷ᠎ᠠ ᠲᠠᠢ ᠪᠠᠶᠢᠳᠠᠭ᠃ ᠭᠡᠪᠡᠴᠤ ᠲᠤᠰ ᠵᠠᠭᠤᠨ ᠤ ᠡᠴᠤᠰ | ᠭᠦᠷᠦᠭᠡᠳ ᠠᠵᠤ ᠠᠬᠤᠢ ᠶᠢᠨ ᠭᠦᠭᠵᠢᠯᠳᠡ ᠪᠠ ᠤᠯᠠᠨ ᠲᠦᠮᠡᠨ ᠤ ᠬᠤᠳᠠᠵᠢᠭᠤᠯᠤᠯᠳᠠ᠂ ᠠᠮᠢ ᠠᠬᠤᠢ ᠶᠢᠨ ᠪᠠᠭᠤᠷᠠᠢ ᠶᠢ ᠲᠠᠭᠠᠯᠳᠤᠭᠠᠳ ᠠᠳᠤᠭᠤ ᠮᠠᠯᠯᠠᠬᠤ ᠨᠢ | ᠴᠦᠭᠡᠷᠡᠵᠤ ᠪᠠᠶᠢᠭ᠎ᠠ ᠪᠠᠶᠢᠳᠠᠯ ᠳᠤ ᠴᠢᠭᠯᠡᠭᠦᠯᠦᠨ᠂ 2003 ᠤᠨ ᠳᠤ ᠪᠤᠷᠤᠴᠢᠯᠠᠭᠤ ᠪᠤᠯᠤᠨ ᠤᠳᠤᠭ ᠬᠤᠰᠢᠭᠤᠨ ᠤ ᠰᠤᠶᠤᠯ ᠲᠠᠮᠢᠷ ᠤᠨ ᠲᠤᠪᠴᠢᠶᠠᠨ ᠤ ᠲᠡᠳ᠋ | ᠲᠠᠷᠤᠭ᠎ᠠ ᠠᠷᠪᠢᠨᠪᠠᠳᠤ᠂ ᠤᠤᠯ ᠤᠨ ᠴᠠᠭᠠᠨ ᠨᠠᠭᠤᠷ ᠰᠤᠮᠤᠨ ᠤ ᠰᠡᠴᠡᠨᠪᠠᠶᠠᠷ ᠭᠤᠷᠪᠠᠭᠤᠯᠨ ᠰᠡᠳᠭᠢᠵᠤ᠂ ︽ᠤᠷᠳᠤᠰ ᠬᠤᠳᠠ ᠶᠢᠨ ᠠᠵᠢᠨᠠᠢ ᠭᠦᠯᠦᠭ ᠪᠡᠶ᠎ᠡ ᠲᠠᠮᠢᠷ | ᠤᠨ ᠨᠡᠶᠢᠭᠡᠮᠯᠢᠭ︾ ᠢ ᠪᠠᠶᠢᠭᠤᠯᠵᠤ᠂ ᠪᠦᠭᠦ ᠨᠡᠶᠢᠭᠡᠮ ᠢᠶᠠᠷ ᠢᠶᠠᠨ ᠠᠳᠤᠭᠤ ᠶᠢ ᠦᠰᠭᠡᠵᠤ᠂ ᠠᠳᠤᠭᠤ ᠪᠠᠨ ᠬᠠᠶᠢᠷᠠᠯᠠᠬᠤ᠂ ᠠᠳᠤᠭᠤᠨ ᠰᠤᠶᠤᠯ ᠢ ᠭᠦᠭᠵᠢᠭᠦᠯᠭᠦ ᠶᠢ | ᠤᠷᠢᠶᠠᠯᠠᠭᠰᠠᠨ ᠠᠴᠠ ᠡᠳᠦᠭᠡ ᠪᠤᠯᠳᠠᠯ᠎ᠠ ᠲᠤᠰ ᠨᠡᠶᠢᠭᠡᠮᠯᠢᠭ ᠨᠢᠭᠡᠨᠳᠡ ᠵᠠᠭᠤᠨ ᠬᠤᠷᠢᠭᠠᠳ ᠭᠡᠰᠢᠭᠦᠨ ᠲᠠᠢ ᠪᠤᠯᠤᠭᠰᠠᠨ ᠪᠠᠶᠢᠨ᠎ᠠ᠃ ᠪᠦᠭᠦ ᠬᠤᠰᠢᠭᠤᠨ ᠤ ᠠᠳᠤᠭᠤ | ᠨᠢ ᠤᠤᠯ ᠤᠨ ᠮᠢᠩᠭ᠎ᠠ ᠭᠠᠷᠤᠢ ᠪᠠᠶᠢᠭᠰᠠᠨ ᠠᠴᠠ ᠤᠳᠤ ᠨᠢᠭᠡᠨᠳᠡ ᠵᠢᠷᠭᠤᠭᠠᠨ ᠮᠢᠩᠭ᠎ᠠ ᠭᠦᠷᠦᠭᠰᠡᠨ ᠪᠠᠶᠢᠨ᠎ᠠ᠃ | ᠪᠤᠷᠤᠴᠢᠯᠠᠭᠤ ᠨᠠᠶᠠᠭᠠᠳ ᠤᠨ ᠠᠴᠠ ᠤᠳᠤ ᠪᠤᠯᠳᠠᠯ᠎ᠠ ᠤᠷᠤᠨ ᠠᠶᠢᠮᠠᠭ᠂ ᠬᠤᠰᠢᠭᠤ ᠰᠤᠮᠤᠨ ᠤ ᠡᠯ᠎ᠡ ᠵᠦᠢᠯ ᠤᠨ ᠮᠤᠷᠢᠨ ᠤ ᠤᠷᠤᠯᠳᠤᠭᠠᠨ ᠳᠤ ᠨᠡᠶᠢᠳᠡ | 300 ᠭᠠᠷᠤᠢ ᠱᠠᠩᠨᠠᠯ ᠭᠦᠭᠢᠭᠦᠯᠦᠯ ᠢ ᠲᠤᠰᠤᠭᠰᠠᠨ ᠪᠠᠶᠢᠨ᠎ᠠ᠃ ᠤᠷᠴᠢᠮ ᠤᠨ ᠵᠢᠯ ᠤᠨ ᠭᠡᠳᠦ ᠶᠢ ᠲᠤᠷᠠᠳᠪᠠᠯ᠄ 1999 ᠤᠨ ᠳᠤ ᠤᠷᠳᠤᠰ ᠤᠨ ᠲᠤᠯᠤᠭᠠᠨ | ᠬᠤᠰᠢᠭᠤᠨ ᠤ ᠨᠠᠭᠠᠳᠤᠮ ᠳᠤ ᠬᠤᠷᠳᠤᠨ ᠮᠤᠷᠢ ᠨᠢᠭᠡᠳᠦᠭᠡᠷ᠂ 2008 ᠤᠨ ᠳᠤ ᠪᠡᠭᠡᠵᠢᠩ ᠤᠨ ᠬᠤᠷᠳᠤᠨ ᠮᠤᠷᠢᠨ ᠤ ᠲᠡᠷᠢᠭᠦᠨ᠂ 2009 ᠤᠨ ᠳᠤ ᠦᠪᠦᠷ | ᠮᠤᠩᠭᠤᠯ ᠤᠨ ᠶᠤᠸᠠᠨ ᠾᠧ ᠬᠤᠨᠳᠠᠭᠠᠳᠤ ᠮᠤᠷᠢᠨ ᠤ ᠤᠷᠤᠯᠳᠤᠭᠠᠨ ᠤ ᠬᠤᠶᠠᠳᠤᠭᠠᠷ᠂ 2011 ᠤᠨ ᠳᠤ ᠤᠷᠳᠤᠰ ᠵᠢᠷᠤᠭ᠎ᠠ ᠮᠤᠷᠢᠨ ᠤ ᠨᠢᠭᠡᠳᠦᠭᠡᠷ ᠭᠡᠭᠦ ᠮᠡᠳᠥ᠃ | ᠵᠢᠯ ᠪᠤᠯᠭᠠᠨ ᠤ ᠲᠤᠯᠤᠭᠠᠨ ᠬᠤᠰᠢᠭᠤᠨ ᠤ ᠨᠠᠭᠠᠳᠤᠮ ᠪᠤᠶᠤ ᠡᠯ᠎ᠡ ᠰᠤᠮᠤ ᠪᠠᠯᠭᠠᠰᠤᠨ ᠤ ᠨᠠᠭᠠᠳᠤᠮ ᠳᠤ ᠪᠤᠷᠤᠴᠢᠯᠠᠭᠤ ᠶᠢᠨ ᠵᠢᠷᠤᠭ᠎ᠠ ᠮᠤᠷᠢ᠂ ᠬᠤᠷᠳᠤᠨ ᠮᠤᠷᠢ | ᠨᠢᠭᠡᠳᠦᠭᠡᠷ ᠬᠤᠶᠠᠳᠤᠭᠠᠷ ᠢ ᠠᠯᠳᠠᠯ ᠦᠭᠡᠢ ᠠᠪᠤᠭᠰᠠᠭᠠᠷ ᠢᠷᠡᠭᠰᠡᠨ ᠲᠡᠦᠭᠡ ᠲᠠᠢ᠃ ᠲᠡᠷᠨ ᠪᠠᠰᠠ ᠶᠦᠨᠨᠡᠨ᠂ ᠦᠬᠠᠨ᠂ ᠦᠪᠦᠷ ᠮᠤᠩᠭᠤᠯ ᠵᠡᠷᠭᠡ ᠪᠦᠭᠦ ᠤᠯᠤᠰ | ᠤᠨ ᠴᠢᠨᠠᠷᠳᠠᠢ ᠮᠤᠷᠢᠨ ᠤᠷᠤᠯᠳᠤᠭᠠᠨ ᠪᠠ ᠰᠢᠯᠢ ᠶᠢᠨ ᠭᠤᠤᠯ᠂ ᠠᠯᠠᠱᠠ᠂ ᠪᠠᠶᠠᠨᠨᠠᠭᠤᠷ᠂ ᠭᠢᠨᠭ᠍ᠭᠠᠨ᠂ ᠤᠯᠠᠭᠠᠨᠴᠠᠪ᠂ ᠲᠦᠡᠭᠯᠢᠶᠤᠤ ᠵᠡᠷᠭᠡ ᠠᠶᠢᠮᠠᠭ ᠬᠤᠳᠠ ᠶᠢᠨ | ᠮᠤᠷᠢᠨ ᠤᠷᠤᠯᠳᠤᠭᠠᠨ ᠳᠤ ᠤᠷᠤᠯᠴᠠᠵᠤ᠂ ᠱᠠᠩᠨᠠᠯ ᠭᠦᠭᠢᠭᠦᠯᠦᠯ ᠭᠦᠷᠳᠡᠭᠡᠳ ᠬᠤᠰᠢᠭᠤ ᠨᠤᠳᠤᠭ ᠲᠠᠭᠠᠨ ᠤᠯᠠᠨ ᠠᠷᠪᠢᠨ ᠦᠡᠭᠭᠡ ᠭᠡᠷᠡᠯ ᠢ ᠠᠪᠴᠢᠷᠠᠵᠠᠢ᠃ ᠤᠳᠤ | ᠲᠡᠷᠨ ᠤᠷᠳᠤᠰ ᠬᠤᠳᠠ ᠶᠢᠨ ᠠᠵᠢᠨᠠᠢ ᠭᠦᠯᠦᠭ ᠪᠡᠶ᠎ᠡ ᠲᠠᠮᠢᠷ ᠤᠨ ᠨᠡᠶᠢᠭᠡᠮᠯᠢᠭ ᠤᠨ ᠲᠡᠳ᠋ ᠲᠠᠷᠤᠭ᠎ᠠ ᠶᠢᠨ ᠲᠤᠰᠢᠶᠠᠯ ᠢ ᠬᠠᠷᠢᠭᠤᠴᠠᠵᠤ᠂ ᠦᠯᠦᠭᠡᠢ ᠨᠤᠳᠤᠭ ᠤᠨ | ᠢᠶᠠᠨ ᠦᠷᠦᠴᠡᠨ ᠳᠤ ᠦᠷᠯᠦᠭ ᠭᠦᠯᠦᠭ ᠤᠨ ᠢᠶᠠᠨ ᠨᠢᠷᠤᠭᠤᠨ ᠳᠤ᠂ ᠠᠳᠤᠭᠤᠨ ᠰᠤᠶᠤᠯ ᠢᠶᠠᠨ ᠭᠦᠭᠵᠢᠭᠦᠯᠭᠦ ᠪᠠᠷ ᠮᠠᠷᠠᠶᠢᠨ ᠴᠢᠷᠮᠠᠶᠢᠭᠰᠠᠭᠠᠷ ᠪᠠᠶᠢᠨ᠎ᠠ᠃ | | ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ | ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶ | | |