ᠦᠭᠡ ᠰᠢᠯᠦᠭ ᠴᠥᠭᠡᠨ ᠲᠠᠢ ᠴᠦ ᠬᠠᠶᠠ ᠨᠢᠭᠡ ᠬᠠᠳᠠ ᠴᠢᠯᠠᠭᠤ ᠰᠢᠭ᠋ ᠬᠦᠨᠳᠦᠴᠡ ᠲᠠᠢ ᠮᠥᠷᠲᠡᠭᠡᠨ ᠤᠨᠤᠪᠴᠢᠲᠠᠢ ᠶᠤᠰᠤᠷᠬᠠᠭᠤ ᠦᠭᠦᠯᠡᠯ ᠬᠡᠯᠡᠳᠡᠭ ᠲᠠᠩ | · ᠥᠯᠵᠡᠶᠢᠨᠠᠰᠤᠨ ᠲᠠᠢ ᠲᠠᠨᠢᠯᠴᠠᠵᠤ ᠶᠠᠪᠤᠭᠰᠠᠨ ᠮᠠᠨᠢ ᠳᠡᠭᠡᠷ᠎ᠡ ᠵᠠᠭᠤᠨ ᠤ ᠨᠠᠶᠠᠭᠠᠳ ᠤᠨ ᠤ ᠤᠴᠢᠷ ᠶᠤᠮᠰᠠᠨ᠃ ᠡᠨᠡ ᠵᠠᠭᠤᠨ ᠳᠤ ᠪᠢᠳᠠ ᠬᠤᠶᠠᠭᠤᠯᠠ ᠢᠷᠦᠭᠡᠯ | ᠬᠤᠪᠢ ᠲᠠᠢ ᠶᠤᠮ ᠰᠢᠭ᠋ ᠵᠢᠯ ᠠᠯᠤᠰᠯᠠᠨ ᠠᠷᠤ ᠠᠷᠤ ᠠᠴᠠ ᠪᠠᠨ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ ᠳᠤ | ᠠᠵᠢᠯ ᠰᠢᠯᠵᠢᠨ ᠢᠷᠡᠵᠦ ᠵᠡᠷᠭᠡᠯᠡᠳᠡᠭᠡ ᠠᠯᠪᠠᠨ ᠭᠡᠷ ᠲᠤ ᠡᠳᠦᠷᠵᠢᠨ ᠬᠠᠮᠲᠤ ᠪᠠᠶᠢᠯᠴᠠᠬᠤ ᠪᠤᠯᠤᠭᠰᠠᠨ᠃ ᠲᠡᠷᠡ ᠨᠠᠳᠠ ᠠᠴᠠ ᠬᠤᠶᠠᠷ ᠨᠠᠰᠤ ᠳᠡᠭᠦᠦ᠃ 1959 | ᠣᠨ ᠤ 7 ᠰᠠᠷ᠎ᠠ ᠳᠤ ᠤᠳᠤ ᠶᠢᠨ ᠤᠲᠤᠭ ᠡᠮᠦᠨᠡᠲᠦ ᠬᠤᠰᠢᠭᠤᠨ ᠤ ᠪᠤᠷᠤᠪᠠᠯᠭᠠᠰᠤ ︵ᠤᠤᠯ ᠤᠨ ᠵᠤᠤᠬ᠎ᠠ︶ ᠶᠢᠨ ᠬᠥᠬᠡᠲᠤᠯᠤᠭᠠᠢ ᠭᠠᠴᠠᠭᠠᠨ ᠳᠤ ᠲᠥᠷᠥᠭᠰᠡᠨ | ᠬᠦᠮᠦᠨ᠃ ᠡᠨᠡ ᠬᠥᠬᠡᠲᠤᠯᠤᠭᠠᠢ ᠭᠡᠳᠡᠭ ᠭᠠᠵᠠᠷ ᠪᠤᠯ ᠪᠠᠰᠠ ᠶᠡᠭᠡ ᠭᠡᠰᠢᠭ ᠶᠡᠬᠡᠲᠦ ᠨᠠᠪᠳᠠᠭ ᠰᠠᠪᠳᠠᠭ ᠲᠠᠢ ᠨᠤᠲᠤᠭ᠃ ᠠᠳᠡ ᠠᠴᠠ ᠥᠭᠡᠷ᠎ᠡ ᠶᠢ ᠬᠡᠯᠡᠬᠦ ᠦᠭᠡᠢ | ᠴᠦ ᠮᠠᠨ ᠤ ᠦᠶ᠎ᠡ ᠶᠢᠨ ᠬᠦᠮᠦᠨ ᠤ ᠳᠤᠮᠳᠠ ᠠᠴᠠ ᠬᠤᠶᠠᠷ ᠶᠡᠭᠡ ᠨᠡᠷᠡᠲᠡᠢ ᠬᠦᠮᠦᠨ ᠭᠠᠷᠤᠭᠰᠠᠨ᠃ ᠨᠢᠭᠡ ᠨᠢ ᠡᠳᠦᠭᠡ ᠲᠥᠪ ᠤᠨ ᠶᠠᠮᠤᠨ ᠤ ᠲᠡᠰ ᠤᠨ | ᠤᠳᠤᠷᠢᠳᠤᠯᠭ᠎ᠠ ᠵᠡᠷᠭᠡ ᠲᠠᠢ ᠵᠧᠵᠢᠶᠠᠩ ᠮᠤᠵᠢ ᠶᠢᠨ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠨᠢᠩᠪᠦ᠋ᠸᠧ ᠬᠤᠲᠠ ᠶᠢᠨ ᠨᠠᠮ ᠤᠨ ᠬᠤᠷᠢᠶᠠᠨ ᠤ ᠱᠦᠵᠢ | ᠪᠠᠷ ᠠᠵᠢᠯᠯᠠᠵᠤ ᠪᠠᠶᠢᠭ᠎ᠠ ᠪᠠᠶᠠᠨᠴᠢᠯᠠᠭᠤ︔ ᠨᠥᠭᠦᠭᠡ ᠨᠢ 1996 ᠣᠨ ᠳᠤ ᠠᠩᠭ᠍ᠯᠢ ᠤᠯᠤᠰ ᠤᠨ ᠮᠠᠨᠴᠧᠰᠲᠷ ᠶᠡᠭᠡ ᠰᠤᠷᠭᠠᠭᠤᠯᠢ ᠠᠴᠠ ᠳ᠋ᠣᠺᠲ᠋ᠣᠷ ᠴᠤᠯᠠ | ᠬᠠᠮᠠᠭᠠᠯᠠᠵᠤ᠂ ᠡᠳᠦᠭᠡ ᠺᠠᠨᠠᠳᠠ ᠤᠯᠤᠰ ᠲᠤ ᠡᠷᠳᠡᠮᠲᠡᠨ ᠫᠷᠤᠹᠧᠰᠰᠤᠷ ᠢᠶᠠᠷ ᠠᠵᠢᠯᠯᠠᠵᠤ ᠪᠠᠶᠢᠭ᠎ᠠ ᠠᠷᠰᠯᠠᠨ ︵ᠥᠯᠵᠡᠶᠢᠨᠠᠰᠤᠨ ᠤ ᠦᠶᠡᠯᠢᠳ ᠠᠬ᠎ᠠ︶ ᠬᠤᠶᠠᠷ | ᠪᠤᠯᠤᠨ᠎ᠠ᠃ ᠨᠤᠲᠤᠭ ᠤᠨ ᠢᠶᠠᠨ ᠠᠯᠳᠠᠷ ᠢ ᠡᠷᠭᠦᠵᠦ᠂ ᠬᠤᠲᠤᠭ ᠭᠡᠬᠦ ᠶᠢᠨ ᠨᠡᠷ᠎ᠡ ᠶᠢ ᠮᠠᠨᠳᠤᠭᠤᠯᠵᠤ ᠶᠠᠪᠤᠭᠰᠠᠨ ᠥᠯᠵᠡᠶᠢᠨᠠᠰᠤᠨ ᠭᠤᠸᠠᠢ ᠴᠦ ᠤᠲᠤᠭ ᠬᠤᠰᠢᠭᠤᠨ | ᠤ ᠮᠠᠯ ᠠᠵᠤ ᠠᠬᠤᠢ ᠶᠢᠨ ᠬᠠᠮᠢᠶᠠᠷᠤᠯᠲᠠ ᠶᠢᠨ ᠹᠷᠤᠨᠲ ᠳᠡᠭᠡᠷ᠎ᠡ ᠬᠤᠷᠢᠨ ᠬᠤᠶᠠᠷ ᠵᠢᠯ ᠢ ᠭᠠᠭᠴᠠ ᠵᠤᠷᠢᠭ ᠢᠶᠠᠷ ᠲᠤᠭᠤᠯᠵᠤ᠂ ᠰᠤᠳᠤᠯᠤᠯᠲᠠ᠂ ᠬᠠᠮᠢᠶᠠᠷᠤᠯᠲᠠ᠂ | ᠦᠢᠯᠡᠴᠢᠯᠡᠭᠡ ᠶᠢᠨ ᠠᠵᠢᠯ ᠢ ᠠᠯᠭᠠᠰᠠᠯ ᠦᠭᠡᠢ ᠭᠦᠢᠴᠡᠳᠬᠡᠭᠰᠡᠭᠡᠷ ᠢᠷᠡᠭᠰᠡᠨ ︽ᠨᠤᠮᠤᠬᠠᠨ ᠱᠠᠷ︾ ᠪᠤᠯᠬᠤ ᠶᠤᠰᠤᠲᠠᠢ᠃ | ᠲᠡᠷᠡ 1982 ᠣᠨ ᠳᠤ ᠥᠪᠥᠷ ᠮᠤᠩᠭᠤᠯ ᠤᠨ ᠰᠢᠯᠢᠩᠬᠤᠲᠠ ᠳᠠᠬᠢ ᠮᠠᠯ ᠠᠵᠤ ᠠᠬᠤᠢ ᠶᠢᠨ ᠰᠤᠷᠭᠠᠭᠤᠯᠢ ᠶᠢᠨ ᠨᠤᠲᠤᠭ ᠪᠡᠯᠴᠢᠭᠡᠷ ᠤᠨ ᠳᠤᠰᠬᠠᠢ | ᠮᠡᠷᠭᠡᠵᠢᠯ ᠠᠴᠠ ᠰᠤᠷᠤᠯᠭ᠎ᠠ ᠲᠡᠭᠦᠰᠴᠦ ᠤᠲᠤᠭ ᠬᠤᠰᠢᠭᠤᠨ ᠤ ᠮᠠᠯ ᠠᠵᠤ ᠠᠬᠤᠢ ᠶᠢᠨ ᠳᠤᠪᠴᠢᠶᠠᠨ ᠳᠤ ᠠᠵᠢᠯ ᠭᠠᠷᠳᠠᠵᠠᠢ᠃ 1985 ᠣᠨ ᠳᠤ ᠳᠤᠮᠳᠠᠳᠤ | ᠤᠯᠤᠰ ᠤᠨ ᠡᠪ ᠬᠠᠮᠲᠤ ᠨᠠᠮ ᠳᠤ ᠡᠯᠰᠡᠭᠳᠡᠪᠡ᠃ 1987 ᠣᠨ ᠤ ᠳᠤᠤᠷ᠎ᠠ ᠬᠠᠭᠠᠰ ᠵᠢᠯ ᠤᠲᠤᠭ ᠬᠤᠰᠢᠭᠤᠨ ᠤ ᠨᠤᠲᠤᠭ ᠪᠡᠯᠴᠢᠭᠡᠷ ᠤᠨ ᠬᠠᠮᠢᠶᠠᠷᠤᠯᠲᠠ ᠶᠢᠨ | ᠳᠤᠪᠴᠢᠶᠠᠨ ᠤ ᠳᠡᠳ᠋ ᠳᠠᠷᠤᠭ᠎ᠠ ᠪᠠᠷ ᠳᠡᠪᠰᠢᠭᠦᠯᠦᠭᠳᠡᠵᠦ᠂ 1990 ᠤᠨ ᠳᠤ ᠤᠲᠤᠭ ᠬᠤᠰᠢᠭᠤᠨ ᠤ ᠮᠠᠯ ᠠᠵᠤ ᠠᠬᠤᠢ ᠶᠢᠨ ᠳᠤᠪᠴᠢᠶᠠᠨ ᠤ ᠳᠡᠳ᠋ ᠳᠠᠷᠤᠭ᠎ᠠ | ᠪᠠᠷ ᠲᠤᠮᠢᠯᠠᠭᠳᠠᠪᠠ᠃ 2003 ᠣᠨ ᠤ 9 ᠰᠠᠷ᠎ᠠ ᠳᠤ ᠤᠲᠤᠭ ᠬᠤᠰᠢᠭᠤᠨ ᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠪᠠᠶᠢᠩᠭᠤ ᠶᠢᠨ ᠬᠤᠷᠢᠶᠠᠨ | ᠤ ᠬᠥᠳᠡᠭᠡ ᠳᠤᠰᠬᠤᠨ ᠮᠠᠯᠵᠢᠬᠤ ᠤᠷᠤᠨ ᠤ ᠠᠵᠢᠯ ᠤᠨ ᠵᠥᠪᠯᠡᠯ ᠤᠨ ᠡᠷᠬᠢᠯᠡᠭᠴᠢ ᠪᠠᠷ ᠠᠵᠢᠯ ᠰᠢᠯᠵᠢᠵᠡᠢ᠃ ᠵᠢᠩᠬᠢᠨᠢ ᠰᠠᠯᠠᠭᠠᠨ ᠤ ᠲᠡᠰ ᠤᠨ ᠳᠤᠰᠢᠶᠠᠯᠲᠠᠨ | ᠪᠥᠭᠡᠳ ᠦᠨᠳᠦᠷ ᠲᠡᠰ ᠤᠨ ᠮᠠᠯ ᠠᠵᠤ ᠠᠬᠤᠢ ᠶᠢᠨ ᠢᠨᠵᠧᠨᠧᠷ ᠤᠨ ᠴᠤᠯᠠ ᠲᠠᠢ᠃ ᠥᠪᠥᠷ ᠮᠤᠩᠭᠤᠯ ᠤᠨ ᠨᠠᠮ ᠤᠨ ᠰᠤᠷᠭᠠᠭᠤᠯᠢ ᠶᠢᠨ ᠠᠵᠤ ᠠᠬᠤᠢ ᠶᠢᠨ | ᠬᠠᠮᠢᠶᠠᠷᠤᠯᠲᠠ ᠶᠢᠨ ᠳᠤᠰᠬᠠᠢ ᠮᠡᠷᠭᠡᠵᠢᠯ ᠤᠨ ᠶᠡᠷᠦᠩᠬᠡᠢ ᠠᠩᠭᠢ ᠶᠢ ᠨᠥᠬᠦᠨ ᠰᠤᠷᠤᠯᠴᠠᠵᠤ ᠲᠡᠭᠦᠰᠭᠡᠭᠰᠡᠨ ᠰᠤᠷᠤᠯᠭ᠎ᠠ ᠶᠢᠨ ᠨᠠᠮᠲᠠᠷ ᠲᠠᠢ᠃ 16 ᠵᠢᠯ ᠳᠤᠪᠴᠢᠶᠠᠨ | ᠤ ᠪᠠᠶᠢᠩᠭᠤ ᠶᠢᠨ ᠳᠤᠪᠴᠢᠶᠠᠨ ᠳᠠᠷᠤᠭ᠎ᠠ ᠶᠢᠨ ᠠᠵᠢᠯ ᠢ ᠭᠠᠷᠳᠠᠨ ᠬᠠᠷᠢᠭᠤᠴᠠᠵᠤ ᠮᠠᠯ ᠠᠵᠤ ᠠᠬᠤᠢ ᠶᠢᠨ ᠭᠠᠮᠰᠢᠭ ᠢ ᠡᠰᠡᠷᠭᠦᠴᠡᠬᠦ ᠰᠠᠭᠤᠷᠢᠨ ᠭᠠᠵᠠᠷ ᠤᠨ | ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ᠂ ᠮᠠᠯᠵᠢᠬᠤ ᠤᠷᠤᠨ ᠤ ᠨᠡᠭᠡᠭᠡᠯᠲᠡ ᠶᠢᠨ ᠵᠢᠱᠢᠶ᠎ᠡ ᠦᠵᠡᠭᠦᠯᠬᠦ ᠪᠠᠷᠢᠯᠭ᠎ᠠ ᠶᠢᠨ ᠪᠥᠲᠥᠭᠡᠨ ᠪᠠᠶᠢᠭᠤᠯᠤᠯᠲᠠ ᠶᠢᠨ | ᠲᠥᠷᠥᠯ ᠵᠦᠢᠯ᠂ ᠠᠮᠢ ᠠᠬᠤᠢ ᠶᠢᠨ ᠪᠥᠲᠥᠭᠡᠨ ᠪᠠᠶᠢᠭᠤᠯᠤᠯᠲᠠ ᠶᠢᠨ ᠲᠥᠷᠥᠯ ᠵᠦᠢᠯ ᠬᠢᠭᠡᠳ ᠥᠪᠡᠷᠲᠡᠭᠡᠨ ᠵᠠᠰᠠᠬᠤ ᠤᠷᠤᠨ ᠠᠴᠠ ᠳᠤᠰᠬᠠᠢ ᠬᠢᠭᠰᠡᠨ ᠴᠦᠯᠯᠡᠷᠬᠡᠭ | ᠨᠤᠲᠤᠭ ᠪᠡᠯᠴᠢᠭᠡᠷ ᠤᠨ ᠭᠠᠩ ᠬᠠᠭᠤᠷᠠᠢ ᠭᠠᠵᠠᠷ ᠲᠤ ᠬᠠᠷᠭᠠᠨ᠎ᠠ ᠲᠠᠷᠢᠵᠤ ᠠᠵᠢᠭᠯᠠᠨ ᠪᠠᠶᠢᠴᠠᠭᠠᠬᠤ ᠲᠥᠷᠥᠯ ᠵᠦᠢᠯ ᠵᠡᠷᠭᠡ ᠶᠢᠨ ᠠᠷᠪᠠᠭᠠᠳ ᠲᠥᠷᠥᠯ ᠤᠨ ᠲᠤᠮᠤ | ᠬᠡᠯᠪᠡᠷᠢ ᠶᠢᠨ ᠲᠥᠷᠥᠯ ᠵᠦᠢᠯ ᠢ ᠪᠤᠳᠠᠲᠠᠢ ᠬᠠᠷᠢᠭᠤᠴᠠᠨ ᠬᠢᠵᠦ ᠶᠡᠬᠡᠬᠡᠨ ᠠᠮᠵᠢᠯᠲᠠ ᠭᠠᠷᠭᠠᠪᠠ᠃ ᠲᠡᠷᠡ ᠪᠠᠰᠠ ︽ᠬᠤᠶᠠᠷ ᠡᠷᠬᠡ ᠨᠢᠭᠡ ᠳᠥᠷᠢᠮ︾ ᠤᠨ | ᠨᠠᠶᠢᠲᠠᠪᠤᠷᠢᠵᠢᠯᠲᠠ ᠵᠢᠴᠢ ᠮᠠᠯᠴᠢᠨ ᠲᠠᠷᠢᠶᠠᠴᠢᠨ ᠤ ᠳᠠᠷᠤᠭᠠᠰᠤ ᠶᠢ ᠬᠥᠩᠭᠡᠯᠡᠬᠦ ᠳᠤ ᠬᠢᠨᠠᠯᠲᠠ ᠲᠠᠯᠪᠢᠬᠤ ᠲᠠᠯ᠎ᠠ ᠪᠠᠷ ᠭᠠᠷᠳᠠᠨ ᠬᠢᠭᠰᠡᠭᠡᠷ ᠢᠷᠡᠪᠡ᠃ ᠡᠨᠡ | ᠬᠤᠭᠤᠴᠠᠭᠠᠨ ᠳᠤ ᠥᠯᠵᠡᠶᠢᠨᠠᠰᠤᠨ ᠨᠥᠬᠦᠷ ︽ᠤᠲᠤᠭ ᠬᠤᠰᠢᠭᠤᠨ ᠤ ᠰᠠᠶᠢᠬᠤᠰᠤ ᠭᠠᠴᠠᠭᠠᠨ ᠤ 2003 ᠣᠨ — 2010 ᠤᠨ ᠬᠦᠷᠲᠡᠯᠡᠬᠢ ᠨᠤᠲᠤᠭ | ᠪᠡᠯᠴᠢᠭᠡᠷ᠂ ᠮᠠᠯ ᠠᠵᠤ ᠠᠬᠤᠢ ᠶᠢᠨ ᠬᠥᠭᠵᠢᠯᠲᠡ ᠶᠢᠨ ᠲᠥᠯᠥᠪᠵᠢᠭᠦᠯᠭᠡ︾ ᠶᠢ ᠲᠤᠭᠤᠷᠪᠢᠵᠤ᠂ ︽ᠨᠤᠲᠤᠭ ᠪᠡᠯᠴᠢᠭᠡᠷ ᠢ ᠦᠨ᠎ᠡ ᠲᠥᠯᠥᠪᠥᠷᠢ ᠲᠠᠢ ᠪᠠᠷ | ᠳᠠᠭᠠᠭᠠᠴᠢᠯᠠᠭᠤᠯᠤᠨ ᠡᠵᠡᠩᠨᠡᠭᠦᠯᠬᠦ ᠠᠵᠢᠯ ᠤᠨ ᠪᠠᠶᠢᠳᠠᠯ ᠬᠢᠭᠡᠳ ᠵᠠᠮᠨᠠᠯ︾᠂ ︽ᠤᠲᠤᠭ ᠬᠤᠰᠢᠭᠤᠨ ᠤ ᠮᠠᠯ ᠠᠵᠤ ᠠᠬᠤᠢ ᠶᠢ ᠬᠥᠭᠵᠢᠭᠦᠯᠬᠦ ᠲᠤᠬᠠᠢ ᠠᠷᠭ᠎ᠠ | ᠠᠪᠴᠠᠯ︾᠂ ︽ᠮᠠᠯᠵᠢᠬᠤ ᠤᠷᠤᠨ ᠤ ᠠᠵᠤ ᠦᠢᠯᠡᠰᠵᠢᠭᠦᠯᠦᠯᠲᠡ ᠶᠢᠨ ᠪᠥᠲᠥᠴᠡ ᠳᠤ ᠳᠤᠬᠢᠷᠠᠭᠤᠯᠤᠯᠲᠠ ᠬᠢᠬᠦ ᠲᠤᠬᠠᠢ ᠪᠤᠳᠤᠯᠬᠢᠯᠠᠯ︾᠂ ︽ᠭᠠᠩᠳᠠᠮᠠᠯ ᠰᠢᠯᠢᠷᠬᠡᠭ | ᠨᠤᠲᠤᠭ ᠪᠡᠯᠴᠢᠭᠡᠷ ᠤᠨ ᠳᠠᠴᠢᠷᠳᠠᠵᠤ ᠡᠯᠡᠰᠦᠵᠢᠭᠰᠡᠨ ᠰᠢᠯᠲᠠᠭᠠᠨ︾᠂ ︽ᠴᠠᠷᠭᠠᠰᠤ ᠶᠢ ᠶᠡᠭᠡ ᠪᠠᠷ ᠲᠠᠷᠢᠵᠤ ᠠᠷᠪᠠᠰ ᠮᠠᠶ᠋ᠢᠭ ᠤᠨ ᠥᠪᠥᠷ ᠮᠤᠩᠭᠤᠯ ᠤᠨ | ᠨᠤᠤᠯᠤᠭᠤᠷ ᠤᠨ ᠢᠮᠠᠭ᠎ᠠ ᠶᠢ ᠥᠰᠭᠡᠬᠦ ᠪᠤᠯ ᠳᠠᠯᠳᠠ ᠬᠦᠴᠦᠨ ᠶᠡᠭᠡ ᠪᠠᠶᠢᠨ᠎ᠠ︾ ᠭᠡᠬᠦ ᠮᠡᠲᠦ ᠶᠢᠨ ᠦᠭᠦᠯᠡᠯ ᠪᠠ ︽ᠡᠷᠡᠭᠦᠯ ᠰᠠᠷᠠᠭᠤᠯ ᠠᠮᠠᠷᠠᠯᠲᠠ ᠶᠢᠨ | ᠬᠤᠭᠤᠴᠠᠭᠠᠨ ᠤ ᠠᠶᠠᠯᠠᠯ ᠤᠨ ᠲᠡᠮᠲᠡᠭᠯᠡᠯ︾ ︵ᠵᠡᠭᠦᠨ ᠡᠮᠦᠨᠡᠲᠦ ᠠᠽᠢᠶ᠎ᠠ ᠪᠠᠷ ᠠᠶᠠᠯᠠᠭᠰᠠᠨ︶ ᠵᠡᠷᠭᠡ ᠳᠥᠴᠢ ᠭᠠᠷᠤᠢ ᠵᠤᠬᠢᠶᠠᠯ ᠪᠥᠲᠥᠭᠡᠯ ᠨᠢ ︽ᠥᠪᠥᠷ ᠮᠤᠩᠭᠤᠯ | ᠤᠨ ᠮᠠᠯ ᠠᠵᠤ ᠠᠬᠤᠢ︾᠂ ︽ᠰᠢᠨᠵᠢᠯᠡᠬᠦ ᠤᠬᠠᠭᠠᠨ︾᠂ ︽ᠤᠳᠤ ᠦᠶ᠎ᠡ ᠶᠢᠨ ᠮᠠᠯ ᠲᠡᠵᠢᠭᠡᠪᠦᠷᠢ ᠶᠢᠨ ᠠᠷᠠᠴᠢᠯᠠᠯᠲᠠ︾᠂ ︽ᠨᠡᠭᠡᠭᠡᠯᠲᠡ︾ ᠵᠡᠷᠭᠡ ᠶᠢᠨ | ᠰᠡᠳᠬᠦᠯ ᠪᠤᠶᠤ ᠨᠤᠮ ᠳᠤ ᠨᠡᠶᠢᠲᠡᠯᠡᠭᠳᠡᠨ ᠤᠷᠤᠭᠰᠠᠨ ᠶᠤᠮ᠃ | ᠠᠵᠢᠯ ᠤᠨ ᠪᠠᠶᠢᠷᠢᠨ ᠳᠡᠭᠡᠷ᠎ᠡ ᠭᠠᠷᠤᠭᠰᠠᠨ ᠠᠴᠠ ᠨᠠᠭᠠᠰᠢ ᠥᠯᠵᠡᠶᠢᠨᠠᠰᠤᠨ ᠭᠤᠸᠠᠢ ᠤᠷᠢᠳ ᠬᠤᠵᠢᠳ ᠤᠷᠤᠨ᠂ ᠠᠶᠢᠮᠠᠭ ︵ᠬᠤᠲᠠ︶᠂ ᠬᠤᠰᠢᠭᠤ ᠲᠡᠰ | ᠤᠨ ᠱᠠᠩᠨᠠᠯ ᠬᠥᠬᠢᠭᠦᠯᠦᠯ ᠢ ᠬᠤᠷᠢ ᠰᠢᠬᠠᠮ ᠤᠳᠠᠭ᠎ᠠ ᠳᠤᠰᠴᠠᠢ᠃ ᠡᠭᠦᠨ ᠳᠤ 1991᠂ 1992 ᠣᠨ ᠳᠤ ᠲᠤᠰ ᠪᠦᠷᠢ ︽ᠡᠪᠡᠰᠦᠨ ᠬᠦᠷᠢᠶ᠎ᠡ ᠶᠢᠨ ᠢᠵᠢ | ᠪᠥᠷᠢᠳᠦᠭᠦᠯᠦᠭᠰᠡᠨ ᠮᠡᠷᠭᠡᠵᠢᠯ ᠢ ᠳᠡᠭᠡᠭᠰᠢᠯᠡᠭᠦᠯᠦᠭᠰᠡᠨ ᠨᠢᠭᠡᠳᠦᠭᠡᠷ ᠲᠡᠰ ᠤᠨ ᠱᠠᠩᠨᠠᠯ︾᠂ ︽ᠮᠠᠯ ᠠᠵᠤ ᠠᠬᠤᠢ ᠶᠢᠨ ᠭᠠᠮᠰᠢᠭ ᠢ ᠡᠰᠡᠷᠭᠦᠴᠡᠬᠦ ᠶᠡᠷᠦᠩᠬᠡᠶᠢᠯᠡᠭᠰᠡᠨ | ᠮᠡᠷᠭᠡᠵᠢᠯ ᠤᠨ ᠨᠡᠭᠡᠭᠡᠯᠲᠡ ᠶᠢᠨ ᠨᠢᠭᠡᠳᠦᠭᠡᠷ ᠲᠡᠰ ᠤᠨ ᠱᠠᠩᠨᠠᠯ︾ ᠢ ᠤᠯᠪᠠ᠃ 1991 ᠤᠨ ᠬᠢᠭᠡᠳ 1997 ᠤᠨ ᠳᠤ ᠲᠤᠰ ᠪᠦᠷᠢ ᠥᠪᠥᠷ ᠮᠤᠩᠭᠤᠯ ᠤᠨ | ᠥᠪᠡᠷᠲᠡᠭᠡᠨ ᠵᠠᠰᠠᠬᠤ ᠤᠷᠤᠨ ᠤ ᠮᠠᠯ ᠠᠵᠤ ᠠᠬᠤᠢ ᠶᠢᠨ ᠲᠢᠩᠬᠢᠮ ᠠᠴᠠ ᠤᠯᠭᠤᠭᠰᠠᠨ ︽ᠭᠠᠮᠰᠢᠭ ᠢ ᠡᠰᠡᠷᠭᠦᠴᠡᠬᠦ ᠰᠠᠭᠤᠷᠢᠨ ᠭᠠᠵᠠᠷ ᠤᠨ ᠪᠥᠲᠥᠭᠡᠨ | ᠪᠠᠶᠢᠭᠤᠯᠤᠯᠲᠠ ᠶᠢᠨ ᠳᠤᠮᠳᠠ ᠳᠤᠪᠤᠶᠢᠮ᠎ᠠ ᠠᠮᠵᠢᠯᠲᠠ ᠶᠢ ᠭᠠᠷᠭᠠᠭᠰᠠᠨ ᠲᠡᠷᠢᠭᠦᠨ ᠤ ᠬᠤᠪᠢ ᠬᠦᠮᠦᠨ︾ ᠬᠢᠭᠡᠳ ᠥᠪᠥᠷ ᠮᠤᠩᠭᠤᠯ ᠤᠨ ᠥᠪᠡᠷᠲᠡᠭᠡᠨ ᠵᠠᠰᠠᠬᠤ | ᠤᠷᠤᠨ ᠤ ᠠᠷᠠᠳ ᠤᠨ ᠵᠠᠰᠠᠭ ᠤᠨ ᠤᠷᠳᠤᠨ ᠠᠴᠠ ᠤᠯᠭᠤᠭᠰᠠᠨ ︽ᠮᠠᠯ ᠠᠵᠤ ᠠᠬᠤᠢ ᠶᠢᠨ ᠲᠥᠷᠥᠯ ᠵᠦᠢᠯ ᠤᠨ ᠪᠥᠲᠥᠭᠡᠨ ᠪᠠᠶᠢᠭᠤᠯᠤᠯᠲᠠ ᠶᠢᠨ ᠬᠤᠶᠠᠳᠤᠭᠠᠷ | ᠲᠡᠰ ᠤᠨ ᠭᠠᠪᠢᠶᠠᠨ ᠱᠠᠩᠨᠠᠯ︾ ᠢ ᠬᠦᠷᠲᠡᠵᠦ ᠥᠩᠭᠡᠷᠡᠪᠡ᠃ 1987 ᠣᠨ ᠪᠠ 1989 ᠣᠨ ᠳᠤ ᠲᠤᠰ ᠪᠦᠷᠢ ᠶᠡᠭᠡ ᠵᠤᠤ ᠠᠶᠢᠮᠠᠭ ᠤᠨ ᠵᠠᠬᠢᠷᠭ᠎ᠠ ᠶᠢᠨ | ᠤᠯᠭᠤᠭᠰᠠᠨ ︽ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠲᠡᠨ ᠦᠢᠯᠡᠳᠪᠦᠷᠢᠯᠡᠯ ᠤᠨ ᠨᠢᠭᠡᠳᠦᠭᠡᠷ ᠹᠷᠤᠨᠲ ᠲᠤ ᠭᠦᠨᠵᠡᠭᠡᠶᠢᠷᠡᠵᠦ᠂ ᠠᠮᠵᠢᠯᠲᠠ ᠨᠢ ᠳᠤᠪᠤᠶᠢᠮ᠎ᠠ ᠲᠤᠯᠠ | ᠭᠠᠪᠢᠶ᠎ᠠ ᠲᠡᠮᠲᠡᠭᠯᠡᠵᠦ ᠱᠠᠩᠨᠠᠭᠰᠠᠨ ᠱᠠᠩᠨᠠᠯ︾ ᠢ ᠬᠤᠶᠠᠷ ᠤᠳᠠᠭ᠎ᠠ ᠬᠦᠷᠲᠡᠪᠡ᠃ 1989 ᠣᠨ ᠤ 7 ᠰᠠᠷ᠎ᠠ ᠳᠤ ᠤᠲᠤᠭ ᠬᠤᠰᠢᠭᠤᠨ ᠤ ᠨᠠᠮ ᠤᠨ ᠬᠤᠷᠢᠶ᠎ᠠ᠂ | ᠠᠷᠠᠳ ᠤᠨ ᠵᠠᠰᠠᠭ ᠤᠨ ᠤᠷᠳᠤᠨ ᠠᠴᠠ ︽ᠪᠥᠬᠦ ᠬᠤᠰᠢᠭᠤᠨ ᠤ ᠠᠷᠪᠠᠨ ᠰᠠᠶᠢᠨ ᠠᠯᠪᠠᠨ ᠵᠠᠷᠤᠴᠠ︾ ᠪᠠᠷ ᠴᠤᠯᠠᠯᠠᠵᠤ᠂ ᠱᠠᠩᠨᠠᠯ ᠤᠯᠭᠤᠪᠠ᠃ 2002 ᠣᠨ ᠤ | 1 ᠰᠠᠷ᠎ᠠ ᠳᠤ ᠥᠪᠥᠷ ᠮᠤᠩᠭᠤᠯ ᠤᠨ ᠨᠠᠮ ᠤᠨ ᠬᠤᠷᠢᠶ᠎ᠠ᠂ ᠠᠷᠠᠳ ᠤᠨ ᠵᠠᠰᠠᠭ ᠤᠨ ᠤᠷᠳᠤᠨ ᠠᠴᠠ ︽ᠦᠢᠯᠡᠳᠪᠦᠷᠢᠯᠡᠯ ᠤᠨ ᠨᠢᠭᠡᠳᠦᠭᠡᠷ ᠹᠷᠤᠨᠲ ᠲᠤ | ᠭᠦᠨᠵᠡᠭᠡᠶᠢᠷᠡᠵᠦ᠂ ᠳᠤᠪᠤᠶᠢᠮ᠎ᠠ ᠬᠤᠪᠢ ᠨᠡᠮᠡᠭᠦᠷᠢ ᠦᠵᠡᠭᠦᠯᠦᠭᠰᠡᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯᠲᠡᠨ︾ ᠭᠡᠬᠦ ᠨᠢᠭᠡᠳᠦᠭᠡᠷ ᠲᠡᠰ ᠤᠨ ᠱᠠᠩᠨᠠᠯ ᠢ | ᠤᠯᠭᠤᠵᠠᠢ᠃ ᠡᠳᠡᠭᠡᠷ ᠱᠠᠩᠨᠠᠯ ᠬᠥᠬᠢᠭᠦᠯᠦᠯ ᠤᠳ ᠨᠢ ᠳᠡᠯᠡᠬᠡᠢ ᠶᠢᠨ ᠤᠯᠠᠨ ᠤᠯᠤᠰ ᠤᠨ ᠰᠤᠯᠢᠯᠴᠠᠭᠠᠨ ᠤ ᠬᠡᠪᠯᠡᠯ ᠤᠨ ᠬᠤᠷᠢᠶ᠎ᠠ ᠪᠠ ᠳᠡᠯᠡᠬᠡᠢ ᠶᠢᠨ ᠲᠡᠦᠬᠡᠲᠦ | ᠬᠦᠮᠦᠨ ᠤ ᠬᠡᠪᠯᠡᠯ ᠤᠨ ᠬᠤᠷᠢᠶ᠎ᠠ ᠬᠠᠮᠲᠤᠷᠠᠨ ᠬᠡᠪᠯᠡᠭᠦᠯᠦᠭᠰᠡᠨ ︽ᠳᠡᠯᠡᠬᠡᠢ ᠶᠢᠨ ᠰᠢᠯᠢᠳᠡᠭ ᠳᠤᠰᠬᠠᠢ ᠮᠡᠷᠭᠡᠵᠢᠯᠲᠡᠳ ᠤᠨ ᠨᠡᠷᠡᠰ ᠤᠨ ᠲᠤᠯᠢ︾ ᠳᠤ | ᠲᠡᠭᠡᠭᠡᠪᠦᠷᠢᠯᠡᠭᠳᠡᠭᠰᠡᠨ ᠪᠠ ᠤᠷᠳᠤᠰ ᠤᠨ ᠰᠢᠯᠢᠳᠡᠭ ᠬᠦᠮᠦᠰ ᠤᠨ ᠦᠢᠯᠡ ᠶᠠᠪᠤᠳᠠᠯ ᠢ ᠲᠡᠮᠲᠡᠭᠯᠡᠭᠰᠡᠨ ︽ᠦᠨᠳᠦᠷᠯᠢᠭ ᠤᠨ ᠨᠤᠶᠠᠨ ᠨᠢᠷᠤᠭᠤᠳ︾ ᠭᠡᠬᠦ ᠨᠤᠮ ᠳᠤ | ᠰᠤᠩᠭᠤᠭᠳᠠᠨ ᠤᠷᠤᠭᠰᠠᠨ ᠪᠠᠶᠢᠨ᠎ᠠ᠃ | ᠥᠯᠵᠡᠶᠢᠨᠠᠰᠤᠨ ᠦᠷᠭᠦᠯᠵᠢ ᠪᠤᠳᠤᠯᠭᠠᠨ ᠳᠤ ᠪᠠᠨ ᠳᠠᠷᠤᠭᠳᠠᠭᠰᠠᠨ ᠰᠢᠦ ᠶᠠᠪᠤᠭᠠᠳ ᠪᠠᠶᠢᠬᠤᠯᠠᠷ ᠪᠢ ᠨᠢᠭᠡᠨ ᠡᠳᠦᠷ ᠲᠡᠭᠦᠨ ᠤ ᠶᠠᠭᠤ ᠪᠤᠳᠤᠵᠤ ᠪᠠᠶᠢᠭ᠎ᠠ ᠶᠢ | ᠡᠷᠡᠭᠡᠯᠡᠯ ᠦᠭᠡᠢ ᠰᠢᠭᠤᠳ ᠠᠰᠠᠭᠤᠴᠢᠬᠠᠪᠠ᠃ ᠲᠡᠷᠡ ᠢᠨᠢᠶᠡᠰᠬᠢᠭᠡᠳ᠂ ᠨᠡᠯᠢᠶᠡᠳ ᠤᠳᠠᠭᠰᠠᠨ ᠤ ᠬᠤᠶᠢᠨ᠎ᠠ ᠠᠯᠭᠤᠷ ᠠᠭᠠᠵᠢᠮ ᠢᠶᠠᠷ᠄ ︽ᠪᠢ ᠳᠥᠴᠢᠨ ᠬᠡᠳᠦ | ᠬᠦᠷᠲᠡᠯ᠎ᠡ ᠶᠡᠭᠡ ᠠᠷᠪᠢᠨ ᠶᠠᠭᠤᠮ᠎ᠠ ᠶᠢ ᠦᠵᠡᠵᠦ ᠲᠤᠭᠤᠯᠵᠠᠢ︾᠃ ︽ᠪᠢ ᠥᠩᠭᠡᠷᠡᠭᠰᠡᠨ ᠪᠠ ᠢᠷᠡᠭᠡᠳᠦᠢ ᠪᠠᠨ ᠡᠷᠭᠢᠴᠡᠭᠦᠯᠬᠦ ᠪᠤᠶᠤ ᠳᠥᠰᠥᠪᠯᠡᠨ ᠪᠤᠳᠤᠬᠤ | ᠳᠤᠷᠠᠲᠠᠢ᠂ ᠬᠠᠷᠢᠨ ᠨᠢᠳᠦᠨ ᠡᠮᠦᠨᠡᠬᠢ ᠤᠷᠴᠢᠨ ᠠᠬᠤᠢ ᠪᠤᠶᠤ ᠥᠨᠥ ᠮᠠᠷᠭᠠᠰᠢ ᠶᠢᠨ ᠤᠴᠢᠷ ᠢᠶᠠᠨ ᠪᠤᠯ ᠳᠡᠮᠡᠢ ᠪᠤᠳᠤᠯᠬᠢᠯᠠᠳᠠᠭ ᠦᠭᠡᠢ᠃ ᠰᠠᠨᠠᠭᠠᠨ ᠤ ᠠᠶ᠎ᠠ ᠪᠠᠷ | ᠥᠩᠭᠡᠷᠡᠭᠦᠯᠳᠡᠭ︾ ᠭᠡᠵᠦ ᠬᠡᠯᠡᠵᠦ ᠥᠭᠭᠦᠯ᠎ᠡ᠃ ᠲᠡᠷᠡ ᠤᠯᠠᠨ ᠶᠠᠭᠤᠮ᠎ᠠ ᠪᠤᠳᠤᠨ᠎ᠠ᠃ ᠮᠥᠨᠴᠦ ᠶᠡᠭᠡ ᠤᠯᠠᠨ ᠶᠠᠭᠤᠮ᠎ᠠ ᠶᠢ ᠦᠵᠡᠵᠦ᠂ ᠤᠩᠰᠢᠵᠤ᠂ ᠪᠢᠴᠢᠵᠦ | ᠪᠠᠶᠢᠳᠠᠭ ᠪᠤᠯᠤᠯᠲᠠᠢ᠃ ᠴᠠᠭ ᠤᠨ ᠪᠠᠶᠢᠳᠠᠯ᠂ ᠬᠠᠤᠯᠢ ᠳᠥᠷᠢᠮ᠂ ᠠᠮᠢᠳᠤᠷᠠᠯ ᠤᠨ ᠠᠷ ᠰᠠᠷ ᠵᠦᠢᠯ ᠢ ᠲᠡᠷᠡ ᠲᠤᠩ ᠤᠯᠠᠨ ᠢ ᠮᠡᠳᠡᠵᠦ᠂ ᠴᠡᠭᠡᠵᠢᠯᠡᠵᠦ᠂ | ᠴᠢᠬᠤᠯᠠᠲᠠᠢ ᠦᠶ᠎ᠡ ᠳᠤ ᠮᠠᠨᠤᠰ ᠲᠤ ᠲᠠᠶᠢᠯᠪᠤᠷᠢᠯᠠᠨ ᠬᠡᠯᠡᠵᠦ᠂ ᠮᠠᠨᠤᠰ ᠢ ᠠᠩᠭᠠᠶᠢᠯᠭᠠᠬᠤ ᠦᠭᠡᠢ ᠪᠤᠯ ᠪᠦᠯᠲᠡᠶᠢᠯᠭᠡᠨᠡ᠃ ᠡᠶᠢᠮᠦ ᠨᠢᠭᠡᠨ ᠰᠤᠷᠤᠯᠴᠠᠭᠤᠰᠢᠲᠠᠢ᠂ | ᠬᠦᠨᠳᠦᠲᠡᠢ᠂ ᠬᠡᠷᠡᠭᠯᠡᠭᠦᠰᠢᠲᠡᠢ ᠬᠦᠮᠦᠨ ᠢ ᠠᠳᠡ ᠢᠷᠡᠭᠦᠯᠦᠭᠰᠡᠨ ᠨᠢ ᠪᠠᠭ᠋ᠠᠨ ᠳᠤᠬᠢᠷᠠᠮᠵᠢ ᠠᠯᠳᠠᠵᠠᠢ ᠭᠡᠵᠦ ᠪᠢ ᠬᠡᠰᠡᠭ ᠲᠡᠭᠡᠨ ᠵᠤᠬᠢᠶᠠᠨ ᠪᠠᠶᠢᠭᠤᠯᠤᠯᠲᠠ ᠳᠤ | ᠭᠤᠮᠤᠳᠠᠵᠤ ᠠᠪᠳᠠᠭ᠃ ᠲᠡᠷᠡ ᠬᠢᠲᠠᠳ ᠮᠤᠩᠭᠤᠯ ᠬᠡᠯᠡ ᠶᠢ ᠳᠡᠭᠰᠢ ᠶᠠᠷᠢᠵᠤ ᠳᠡᠭᠰᠢ ᠪᠢᠴᠢᠵᠦ ᠳᠡᠭᠰᠢ ᠬᠡᠷᠡᠭᠯᠡᠨ᠎ᠡ᠃ ᠤᠴᠢᠷ ᠶᠠᠪᠤᠳᠠᠯ ᠳᠡᠭᠡᠷ᠎ᠡ ︽ᠨᠠᠷᠢᠨ ᠬᠢᠨᠠᠮᠠᠭᠠᠢ | ︾ ᠭᠡᠳᠡᠭ ᠨᠢ ᠶᠠᠭᠠᠬᠢᠬᠤ ᠶᠢᠨ ᠠᠷᠭ᠎ᠠ ᠦᠭᠡᠢ᠃ ︽ᠨᠠᠷᠢᠨ︾ ᠭᠡᠬᠦ ᠦᠭᠡᠨ ᠳᠡᠭᠡᠷ᠎ᠡ ᠲᠡᠭᠦᠨ ᠠᠴᠠ ︽ᠨᠠᠷᠢᠯᠢᠭ︾ ᠬᠦᠮᠦᠨ ᠢ ᠪᠢ ᠳᠡᠮᠡᠢ ᠦᠵᠡᠭᠡ ᠦᠭᠡᠢ᠃ | ᠲᠡᠭᠦᠨ ᠤ ᠲᠤᠬᠠᠢ ᠪᠢ ᠮᠡᠳᠡᠭᠡᠯᠡᠯ ᠪᠢᠴᠢᠶ᠎ᠡ ᠭᠡᠬᠦᠯᠡᠷ ᠲᠡᠷᠡ ᠵᠥᠪᠰᠢᠶᠡᠷᠡᠬᠦ ᠦᠭᠡᠢ ᠪᠠᠶᠢᠭᠰᠠᠨ ᠢᠶᠠᠨ ᠨᠢᠭᠡᠨ ᠡᠳᠦᠷ ︽ᠪᠤᠭᠤᠷᠤᠯ ᠨᠤᠲᠤᠭ ᠪᠠᠭ᠎ᠠ ᠨᠠᠰᠤ︾ ᠭᠡᠬᠦ | ᠳᠤᠷᠠᠳᠬᠠᠯ ᠢᠶᠠᠨ ᠨᠠᠳᠠ ᠨᠢᠭᠡ ᠬᠤᠪᠢ ᠥᠭᠬᠦᠯᠡᠷ ᠪᠢ ᠮᠥᠨ ᠲᠡᠭᠦᠨ ᠢ ᠨᠢ ᠡᠨᠡ ᠵᠤᠬᠢᠶᠠᠯ ᠤᠨ ᠢᠶᠠᠨ ᠭᠤᠤᠯ ᠠᠭᠤᠯᠭ᠎ᠠ ᠪᠤᠯᠭᠠᠵᠤ᠂ ᠶᠤᠰᠤ ᠪᠠᠷ ᠨᠢ ᠳᠠᠶᠠᠭᠠᠷ ᠲᠤ | ᠳᠤᠯᠢᠯᠠᠭᠤᠯᠬᠤ ᠶᠢ ᠪᠤᠳᠤᠪᠠ᠃ ᠡᠨᠡ ᠳᠤᠷᠠᠳᠬᠠᠯ᠂ ᠡᠷᠭᠢᠴᠡᠭᠦᠯᠦᠯ ᠠᠴᠠ ᠪᠢᠳᠠ ᠲᠡᠭᠦᠨ ᠤ ᠶᠠᠭᠤ ᠪᠤᠳᠤᠵᠤ ᠶᠠᠭᠤᠨ ᠤ ᠲᠥᠯᠥᠭᠡ ᠵᠢᠳᠬᠦᠵᠦ ᠢᠷᠡᠭᠰᠡᠨ ᠢ ᠨᠢ | ᠡᠳᠦᠢ ᠲᠡᠳᠦᠢ ᠴᠦ ᠭᠡᠰᠡᠨ ᠤᠯᠵᠤ ᠦᠵᠡᠬᠦ ᠶᠤᠮᠰᠠᠨ᠃ | ᠮᠢᠨᠤ ᠪᠠᠭ᠎ᠠ ᠶᠢᠨ ᠦᠶ᠎ᠡ ᠳᠤ ᠨᠤᠲᠤᠭ ᠮᠠᠨᠢ ᠲᠤᠩ ᠪᠤᠶᠢᠳᠠ ᠪᠥᠭᠯᠡᠭᠦᠦ ᠪᠠᠶᠢᠵᠠᠢ᠃ ᠬᠦᠮᠦᠨ ᠲᠠᠪᠤᠨ ᠨᠠᠰᠤᠨ ᠠᠴᠠ ᠪᠠᠨ ᠡᠬᠢᠯᠡᠨ ᠮᠡᠳᠡᠭᠡ ᠤᠷᠤᠳᠠᠭ ᠪᠤᠯ | ᠮᠢᠨᠤ ᠮᠡᠳᠡᠭᠡ ᠤᠷᠤᠭᠰᠠᠨ ᠴᠠᠭ 1964 ᠤᠨ ᠪᠠᠶᠢᠵᠤ ᠯᠠ ᠲᠠᠭᠠᠷᠠᠨ᠎ᠠ᠃ ᠭᠡᠪᠡᠴᠦ ᠪᠢ ᠡᠷᠭᠢᠴᠡᠭᠦᠯᠦᠨ ᠪᠤᠳᠤᠭᠠᠳ ᠪᠠᠶᠢᠬᠤᠯᠠᠷ᠂ ᠲᠠᠪᠤᠨ ᠨᠠᠰᠤᠨ ᠠᠴᠠ ᠡᠮᠦᠨᠡᠬᠢ | ᠵᠠᠷᠢᠮ ᠤᠴᠢᠷ ᠶᠠᠪᠤᠳᠠᠯ ᠤᠳ ᠲᠠᠷᠢᠬᠢᠨ ᠳᠤ ᠮᠢᠨᠢ ᠵᠡᠭᠦᠳᠦ ᠮᠡᠲᠦ ᠡᠷᠭᠢᠯᠳᠦᠨ᠎ᠡ᠃ ᠮᠢᠨᠤ ᠲᠥᠷᠥᠭᠰᠡᠨ ᠨᠤᠲᠤᠭ ᠪᠤᠯ ᠵᠤᠤᠬ᠎ᠠ ᠰᠤᠮᠤᠨ ᠤ ᠬᠥᠬᠡᠲᠤᠯᠤᠭᠠᠢ ᠭᠠᠴᠠᠭ᠎ᠠ | ᠶᠢᠨ ᠬᠥᠬᠡᠲᠤᠯᠤᠭᠠᠢ ᠮᠠᠯᠵᠢᠯ ᠤᠨ ᠳᠤᠭᠤᠶᠢᠯᠠᠩ ᠤᠨ ᠵᠢᠷᠠᠨ ᠰᠥᠮ᠎ᠡ ᠭᠡᠳᠡᠭ ᠤᠷᠳᠤᠭᠤᠷ ᠢᠶᠠᠨ ᠡᠯᠡᠰᠦᠨ ᠳᠤᠪᠤᠲᠤ ᠴᠠᠶᠢᠳᠠᠮ ᠲᠠᠢ᠂ ᠠᠷᠤ ᠪᠠᠷ ᠢᠶᠠᠨ ᠤᠯᠠᠭᠠᠨ | ᠪᠤᠷᠭᠠᠰᠤ ᠪᠠᠭᠯᠠᠷᠠᠨ ᠤᠷᠭᠤᠭᠰᠠᠨ ᠪᠠᠯᠠᠷ ᠡᠷᠢᠶᠡᠯᠡᠩ ᠲᠠᠢ ᠨᠤᠲᠤᠭ ᠪᠠᠶᠢᠯ᠎ᠠ᠃ 1963 ᠤᠨ ᠠᠴᠠ ᠡᠮᠦᠨ᠎ᠡ ᠮᠠᠨ ᠤ ᠬᠢᠨ ᠠᠷᠪᠠᠨ ᠳᠤᠯᠤᠭᠠᠨ ᠬᠦᠮᠦᠨ ᠠᠮᠠ ᠲᠠᠢ | ᠪᠦᠳᠦᠭᠦᠨ ᠭᠡᠷ ᠡᠷᠦᠬᠡ ᠪᠠᠶᠢᠵᠤ᠂ ᠮᠥᠨ ᠲᠤᠰ ᠵᠢᠯ ᠤᠨ ᠵᠤᠨ ᠮᠠᠨ ᠤ ᠬᠢ ᠠᠴᠠ ᠨᠡᠶᠢᠲᠡ ᠳᠤᠯᠤᠭᠠᠨ ᠠᠮᠠ ᠬᠦᠮᠦᠨ ᠬᠤᠪᠢ ᠴᠢᠭ ᠲᠡᠭᠡᠨ ᠭᠠᠷᠴᠤ ᠪᠤᠩᠬᠤᠨ | ᠴᠠᠶᠢᠳᠠᠮ ᠤᠨ ᠪᠠᠷᠠᠭᠤᠨ ᠤᠷᠳᠤ ᠡᠬᠢᠨ ᠳᠡᠭᠡᠷ᠎ᠡ ᠨᠤᠲᠤᠭᠰᠢᠨ ᠰᠠᠭᠤᠭᠰᠠᠨ ᠢ ᠪᠢ ᠡᠭᠡᠷᠡᠭ ᠮᠤᠭᠤᠷᠤᠭ ᠮᠡᠳᠡᠵᠦ ᠪᠠᠶᠢᠭ᠎ᠠ᠃ | ᠲᠤᠰ ᠵᠢᠯ ᠤᠨ ᠵᠤᠨ ᠤ ᠨᠢᠭᠡᠨ ᠪᠥᠭᠴᠢᠮᠡ ᠬᠠᠯᠠᠭᠤᠨ ᠡᠳᠦᠷ ᠶᠤᠮᠰᠠᠨ᠃ ᠲᠥᠷᠥᠭᠰᠡᠨ ᠨᠤᠲᠤᠭ ᠵᠢᠷᠠᠨ ᠰᠥᠮ᠎ᠡ ᠳᠡᠭᠡᠷ᠎ᠡ ᠰᠠᠭᠤᠵᠤ ᠪᠠᠶᠢᠭ᠎ᠠ ᠡᠪᠦᠭᠡ ᠠᠪᠤ | ᠶᠢᠨ ᠬᠢ ᠠᠴᠠ ᠡᠭᠡᠴᠢ ᠪᠢᠳᠠ ᠬᠤᠶᠠᠭᠤᠯᠠ ᠨᠢᠭᠡ ᠰᠦᠷᠦᠭ ᠬᠤᠨᠢ ᠢᠮᠠᠭ᠎ᠠ ᠰᠠᠯᠭᠠᠵᠤ ᠰᠢᠨᠡᠬᠡᠨ ᠨᠤᠲᠤᠭᠰᠢᠨ ᠰᠠᠭᠤᠭᠰᠠᠨ ᠪᠤᠩᠭᠤᠨ ᠴᠠᠶᠢᠳᠠᠮ ᠥᠭᠡᠳᠡ ᠭᠦᠴᠦᠷᠡ | ᠶᠠᠳᠠᠨ ᠦᠢᠯᠡ ᠦᠵᠡᠵᠦ ᠲᠠᠭᠤᠵᠤ ᠬᠠᠷᠢᠭᠰᠠᠨ ᠮᠠᠨᠢ ᠢᠯᠡᠷᠬᠡᠢ ᠪᠤᠳᠤᠭᠳᠠᠨ᠎ᠠ᠃ ᠪᠠᠰᠠ ᠨᠢᠭᠡᠨ ᠡᠳᠦᠷ ᠲᠥᠷᠥᠭᠰᠡᠨ ᠨᠤᠲᠤᠭ ᠵᠢᠷᠠᠨ ᠰᠥᠮ᠎ᠡ ᠶᠢᠨ ᠪᠠᠷᠠᠭᠤᠨ | ᠤᠷᠳᠤ ᠡᠯᠡᠰᠦᠨ ᠳᠤᠪᠤᠲᠤ ᠴᠠᠶᠢᠳᠠᠮ ᠳᠡᠭᠡᠷ᠎ᠡ ᠵᠥᠪᠯᠡᠯᠲᠦ ᠤᠯᠤᠰ ᠤᠨ ᠨᠤᠭᠤᠭᠠᠨ ᠥᠩᠭᠡ ᠲᠠᠢ ᠨᠢᠭᠡᠨ ᠠᠩᠭᠠᠯᠳᠠᠭ ᠬᠠᠶᠢᠷᠴᠠᠭ ᠲᠠᠢ ᠮᠠᠰᠢᠨ ᠳᠡᠷᠭᠡ ᠵᠤᠭᠰᠤᠵᠤ | ᠪᠠᠶᠢᠭ᠎ᠠ ᠪᠠᠷ᠎ᠠ ᠶᠢ ᠨᠢ ᠤᠯᠵᠤ ᠦᠵᠡᠭᠡᠳ ᠪᠢ ᠡᠭᠡᠴᠢ ᠠᠬ᠎ᠠ ᠨᠠᠷ ᠢᠶᠠᠨ ᠳᠠᠭᠠᠵᠤ ᠶᠡᠬᠡᠳᠡ ᠰᠤᠨᠢᠷᠬᠠᠨ ᠦᠵᠡᠬᠦ ᠪᠠᠷ ᠭᠦᠶᠦᠵᠦ ᠪᠠᠶᠢᠭᠠᠳ ᠮᠠᠶᠢᠵᠢᠭᠢ ᠬᠢᠰᠬᠢᠭᠰᠡᠨ | ᠤᠷᠠᠩᠬᠠᠢ ᠭᠤᠲᠤᠯ ᠢᠶᠠᠨ ᠭᠡᠭᠡᠴᠢᠭᠡᠭᠡᠳ ᠦᠨᠳᠦᠷ ᠳᠠᠭᠤᠨ ᠢᠶᠠᠷ ᠤᠬᠢᠯᠠᠵᠤ ᠤᠨᠠᠨ ᠳᠤᠰᠤᠨ ᠬᠤᠶᠢᠨ᠎ᠠ ᠠᠴᠠ ᠨᠢ ᠭᠦᠶᠦᠵᠦ ᠪᠠᠶᠢᠭᠰᠠᠨ ᠢᠶᠠᠨ ᠮᠡᠳᠡᠵᠦ ᠪᠠᠶᠢᠨ᠎ᠠ᠃ | ᠪᠢ ᠴᠤᠬᠤᠮ ᠶᠠᠮᠠᠷ ᠰᠢᠭ᠋ ᠴᠠᠭ ᠦᠶ᠎ᠡ ᠳᠤ ᠲᠥᠷᠥᠭᠰᠡᠨ ᠢ ᠪᠤᠤ ᠮᠡᠳᠡ ᠡ︕ ᠶᠡᠭᠡ ᠦᠰᠦᠷᠦᠩᠭᠦᠢ ᠳᠠᠪᠰᠢᠯᠲᠠ ᠶᠢᠨ ᠲᠡᠷᠡ ᠰᠦᠷᠡᠬᠡᠢ ᠬᠠᠲᠠᠭᠤ ᠴᠢᠩᠭ᠎ᠠ | ᠵᠠᠷᠯᠢᠭ ᠵᠠᠬᠢᠶ᠎ᠠ᠂ ᠬᠦᠨᠳᠦ ᠬᠥᠳᠡᠯᠮᠦᠷᠢ ᠶᠢᠨ ᠲᠤᠯᠭᠠᠯᠲᠠ ᠶᠢᠨ ᠦᠶᠡᠰ ᠲᠤ ᠡᠬᠡ ᠶᠢᠨ ᠬᠡᠪᠡᠯᠢ ᠳᠤ ᠶᠠᠳᠠᠷᠠᠭᠠᠨ ᠲᠠᠢ ᠪᠤᠶᠢᠵᠢᠵᠤ᠂ ᠲᠡᠵᠢᠭᠡᠯ ᠰᠢᠮ᠎ᠡ ᠪᠠᠷ ᠪᠠᠭ᠋ᠠᠨ | ᠳᠤᠲᠠᠮᠠᠭ ᠢᠶᠠᠷ ᠠᠯᠲᠠᠨ ᠳᠡᠯᠡᠬᠡᠢ ᠳᠤ ᠬᠦᠮᠦᠨ ᠪᠤᠯᠵᠤ ᠵᠠᠶᠠᠭᠠᠭᠰᠠᠨ᠃ ᠲᠡᠷᠡ ᠨᠡᠶᠢᠬᠡᠮ ᠤᠨ ᠠᠬᠤᠢ ᠤᠷᠴᠢᠨ ᠴᠦ ᠨᠠᠮᠠᠢᠢ ᠬᠤᠷᠠᠭ᠎ᠠ ᠲᠤᠭᠤᠯ ᠬᠥᠭᠡᠭᠡᠭᠰᠡᠨ | ᠤᠷᠠᠩᠬᠠᠢ ᠴᠠᠮᠴᠠ᠂ ᠢᠮᠠᠭᠠᠨ ᠠᠷᠠᠰᠤᠨ ᠳᠡᠪᠡᠯ ᠡᠮᠦᠰᠦᠭᠰᠡᠨ ᠬᠥᠳᠡᠭᠡ ᠶᠢᠨ ᠡᠪ ᠡᠩ ᠤᠨ ᠪᠤᠷᠤ ᠪᠠᠨᠳᠢ ᠪᠤᠯᠭᠠᠭᠰᠠᠨ ᠪᠢᠯᠡ᠃ ᠮᠢᠨᠤ ᠨᠢᠯᠬ᠎ᠠ ᠪᠠᠯᠴᠢᠷ ᠦᠶ᠎ᠡ | ᠭᠡᠭᠴᠢ ᠶᠠᠭ ᠰᠠᠶᠢᠬᠠᠨ ᠤᠯᠤᠰ ᠳᠠᠶᠠᠭᠠᠷ ᠭᠤᠷᠪᠠᠨ ᠵᠢᠯ ᠤᠨ ᠭᠠᠢ ᠭᠠᠮᠰᠢᠭ ᠳᠤᠬᠢᠶᠠᠯᠳᠤᠭᠰᠠᠨ ᠭᠠᠴᠢᠭ ᠴᠠᠭ ᠪᠠᠶᠢᠭᠰᠠᠨ ᠪᠤᠯᠬᠤᠷ ᠬᠤᠭᠤᠯᠠ ᠬᠦᠨᠡᠰᠦ ᠭᠠᠴᠢᠭᠳᠠᠨ | ᠥᠯᠥᠰᠴᠦ ᠥᠯᠪᠡᠷᠬᠦ ᠶᠢᠨ ᠵᠤᠪᠠᠯᠠᠩ ᠳᠤᠮᠳᠠ ᠡᠨᠡ ᠨᠤᠲᠤᠭ᠂ ᠠᠳᠡᠬᠢ ᠠᠷᠠᠳ ᠲᠥᠮᠡᠨ ᠲᠠᠢ ᠪᠠᠨ ᠬᠠᠮᠲᠤ ᠲᠤᠭᠤᠯᠵᠤ᠂ ᠥᠰᠴᠦ ᠯᠡ ᠪᠠᠶᠢᠯ᠎ᠠ᠃ ᠢᠳᠡᠳᠡᠭ ᠨᠢ | ᠡᠩᠭᠡᠰᠭᠡ ᠬᠠᠮᠬᠠᠭ ︵ᠬᠠᠮᠬᠤᠤᠯ︶᠂ ᠴᠤᠯᠢᠬᠢᠷ ᠤᠨ ᠭᠤᠯᠢᠷ᠂ ᠵᠡᠷᠯᠢᠭ ᠭᠠᠰᠢᠭᠤᠨ ᠨᠤᠭᠤᠭ᠎ᠠ ᠵᠡᠷᠭᠡ ᠢᠳᠡᠭᠡᠨ ᠢᠶᠠᠷ ᠭᠤᠤᠯᠳᠠᠵᠤ ᠪᠠᠶᠢᠵᠠᠢ᠃ ᠰᠡᠭᠦᠯᠡᠷ ᠨᠢ | ᠨᠡᠯᠢᠶᠡᠳ ᠰᠠᠶᠢᠵᠢᠷᠠᠭᠠᠳ ᠬᠠᠭᠤᠷᠤᠭᠰᠠᠨ ᠠᠮᠤ ᠶᠢᠨ ᠵᠥᠭᠡᠯᠡᠨ ᠠᠭ᠎ᠠ᠂ ᠵᠢᠩᠨᠡᠭᠰᠡᠨ ᠭᠤᠸ᠎ᠠ᠂ ᠲᠥᠮᠥᠰᠥ᠂ ᠬᠤᠩᠱᠤ᠂ ᠨᠤᠶᠠᠨ ᠰᠢᠰᠢ᠂ ᠡᠷᠳᠡᠨᠢ ᠰᠢᠰᠢ ᠮᠡᠲᠦ ᠶᠢᠨ | ᠠᠮᠤ ᠪᠤᠳᠠᠭ᠎ᠠ ᠢᠳᠡᠳᠡᠭ ᠪᠤᠯᠪᠠ᠃ ᠡᠶᠢᠮᠦᠷᠬᠦᠦ ᠪᠠᠶᠢᠳᠠᠯ ᠤᠨ ᠳᠤᠤᠷ᠎ᠠ ᠠᠬ᠎ᠠ ᠳᠡᠭᠦᠦ ᠪᠢᠳᠠ ᠬᠡᠳᠦᠭᠦᠯᠡ ᠪᠠᠨ ᠶᠢᠰᠦ ᠠᠷᠪᠠᠨ ᠨᠠᠰᠤᠲᠠᠢ ᠠᠴᠠ ᠪᠠᠨ ᠡᠬᠢᠯᠡᠨ | ᠲᠦᠯᠡᠰᠢ ᠮᠤᠳᠤ ᠪᠠᠨ ᠥᠪᠡᠷ ᠢᠶᠠᠨ ᠡᠭᠦᠷᠴᠦ ᠪᠡᠯᠡᠳᠬᠡᠬᠦ᠂ ᠡᠪᠦᠯ ᠤᠨ ᠡᠮᠦᠰᠳᠡᠭ ᠤᠶᠢᠮᠤᠰᠤ ᠪᠠᠨ ᠥᠪᠡᠷ ᠢᠶᠠᠨ ᠬᠤᠨᠢᠨ ᠠᠬᠤᠷ ᠤᠨ ᠤᠲᠠᠰᠤ ᠡᠭᠡᠷᠡᠵᠦ᠂ ᠥᠪᠡᠷ | ᠢᠶᠠᠨ ᠨᠡᠬᠡᠭᠡᠳ ᠡᠮᠦᠰᠳᠡᠭ ᠢᠶᠠᠷ ᠢᠶᠠᠨ ᠨᠤᠲᠤᠭ ᠤᠨ ᠪᠤᠭᠤᠷᠤᠯᠴᠤᠳ ᠶᠡᠬᠡᠳᠡ ᠭᠠᠶᠢᠬᠠᠨ ᠪᠢᠰᠢᠷᠡᠵᠦ ᠪᠠᠶᠢᠭᠰᠠᠨ ᠪᠢᠯᠡ᠃ ᠤᠳᠤ ᠲᠡᠷᠡ ᠬᠠᠯᠠ ᠶᠢ ᠬᠡᠷᠬᠢᠨ | ᠭᠠᠲᠤᠯᠵᠤ ᠬᠦᠮᠦᠨ ᠪᠤᠯᠤᠭᠰᠠᠨ ᠢᠶᠠᠨ ᠪᠤᠳᠤᠪᠠᠯ ᠪᠠᠰᠠ ᠴᠦ ᠠᠮᠠᠷ ᠦᠭᠡᠢ ᠰᠠᠨᠠᠭᠳᠠᠨ᠎ᠠ᠃ ᠡᠶᠢᠮᠦ ᠥᠩᠭᠡᠷᠡᠯᠲᠡ ᠪᠠᠨ ᠪᠢ ᠪᠤᠰᠤᠳ ᠭᠠᠵᠠᠷ ᠤᠨ ᠦᠶ᠎ᠡ ᠰᠠᠴᠠᠭᠤ | ᠬᠦᠮᠦᠰ ᠲᠤ ᠬᠡᠯᠡᠬᠦ ᠳᠤ ᠬᠦᠮᠦᠰ ᠪᠦᠷ ᠢᠲᠡᠭᠡ ᠶᠠᠳᠠᠨ ᠪᠠᠶᠢᠳᠠᠭ᠃ ᠤᠳᠤ ᠶᠢᠨ ᠬᠡᠦᠬᠡᠳ ᠨᠡᠩ ᠴᠦ ᠬᠡᠢ ᠬᠤᠭᠤᠰᠤᠨ ᠦᠯᠢᠭᠡᠷ ᠳᠤᠮᠤᠭ ᠢᠶᠠᠷ ᠦᠵᠡᠬᠦ ᠶᠤᠮ | ᠪᠢᠯᠡ᠃ | ᠲᠤᠬᠠᠢ ᠶᠢᠨ ᠦᠶ᠎ᠡ ᠳᠤ ᠨᠤᠲᠤᠭ ᠤᠨ ᠮᠠᠨᠢ ᠪᠠᠶᠢᠭᠠᠯᠢ ᠤᠷᠴᠢᠨ ᠰᠠᠶᠢᠬᠠᠨ ᠰᠤᠨᠢᠷᠬᠠᠯᠲᠠᠢ ᠪᠠᠶᠢᠭᠰᠠᠨ᠃ ᠲᠡᠷᠡ ᠦᠶ᠎ᠡ ᠶᠢᠨ ᠮᠠᠨ ᠤ ᠨᠤᠲᠤᠭ ᠲᠤ ᠠᠶᠢᠯ | ᠡᠷᠦᠬᠡ ᠴᠥᠭᠡᠨ᠂ ᠰᠢᠪᠠᠭ ᠬᠠᠷᠭᠠᠨ᠎ᠠ᠂ ᠶᠠᠰᠢᠯ᠂ ᠬᠠᠳ ᠠᠬᠠᠯᠢᠭ ᠤᠷᠭᠤᠭᠠᠳ ᠪᠢᠲᠡᠭᠦᠦ ᠪᠠᠯᠠᠷ ᠲᠤᠨᠢ ᠲᠠᠤᠯᠢ᠂ ᠦᠨᠡᠭᠡ᠂ ᠢᠲᠠᠭᠤ᠂ ᠭᠤᠷᠭᠤᠤᠯ ᠬᠤᠷᠭᠤᠳᠠᠨ᠂ | ᠤᠰᠤ ᠲᠠᠢ ᠴᠠᠶᠢᠳᠠᠮ ᠢᠶᠠᠷ ᠨᠢ ᠵᠦᠢᠯ ᠤᠨ ᠰᠢᠪᠠᠭᠤᠳ ᠵᠢᠷᠭᠢᠨ ᠳᠤᠩᠭᠤᠳᠴᠤ᠂ ᠴᠠᠶᠢᠳᠠᠮ ᠤᠨ ᠬᠥᠪᠡᠭᠡ ᠶᠢᠨ ᠱᠠᠩᠳᠠᠯᠢᠭ ᠭᠠᠵᠠᠷ ᠢᠶᠠᠷ ᠨᠢ ᠳᠥᠭᠦᠮ ᠳᠦᠭᠦᠷᠡᠩ | ᠢᠭᠴᠤ ᠰᠠᠬᠤᠯᠢᠭ ᠪᠤᠷᠭᠠᠰᠤ ᠴᠢᠴᠠᠷᠭᠠᠨ᠎ᠠ ᠤᠷᠭᠤᠵᠤ ᠬᠦᠮᠦᠨ ᠶᠠᠪᠤᠬᠤ ᠳᠤ ᠴᠦ ᠭᠠᠷᠬᠤ ᠵᠠᠮ ᠦᠭᠡᠢ ᠪᠠᠶᠢᠭᠰᠠᠨ᠃ ᠤᠳᠤ ᠰᠡᠳᠬᠢᠯ ᠳᠤ ᠭᠦᠨ ᠬᠠᠳᠠᠩᠰᠢᠵᠤ | ᠰᠠᠨᠠᠭᠠᠨ ᠤ ᠮᠢᠨᠢ ᠲᠡᠮᠡᠦᠯᠦᠯ ᠪᠤᠯᠳᠠᠭ ᠰᠤᠨᠢᠷᠬᠠᠯᠲᠠᠢ ᠰᠠᠶᠢᠬᠠᠨ ᠭᠠᠵᠠᠷ ᠤᠨ ᠨᠡᠷᠡᠰ ᠤᠳ ᠢ ᠬᠡᠯᠡᠪᠡᠯ ᠪᠤᠩᠬᠤᠨ ᠴᠠᠶᠢᠳᠠᠮ᠂ ᠳᠠᠪᠴᠠᠩ ᠤᠨ ᠴᠠᠶᠢᠳᠠᠮ᠂ ᠤᠪᠤᠭᠠᠨ | ᠴᠠᠶᠢᠳᠠᠮ᠂ ᠴᠢᠨᠫᠤᠨ ᠴᠠᠶᠢᠳᠠᠮ᠂ ᠮᠠᠨᠵᠢᠰᠬᠠ ᠶᠢᠨ ᠴᠠᠶᠢᠳᠠᠮ᠂ ᠸᠴᠢᠷ ᠤᠨ ᠴᠠᠶᠢᠳᠠᠮ᠂ ᠢᠰᠢᠭᠡ ᠶᠢᠨ ᠴᠠᠶᠢᠳᠠᠮ᠂ ᠬᠤᠯᠤᠰᠤᠨ ᠴᠠᠶᠢᠳᠠᠮ᠂ ᠬᠥᠬᠡᠲᠤᠯᠤᠭᠠᠢ ᠶᠢᠨ | ᠪᠠᠯᠠᠷ᠂ ᠵᠢᠷᠠᠨ ᠰᠥᠮ᠎ᠡ ᠶᠢᠨ ᠪᠠᠯᠠᠷ᠂ ᠬᠠᠷ᠎ᠠ ᠡᠷᠭᠢ ᠶᠢᠨ ᠪᠠᠯᠠᠷ᠂ ᠳᠤᠭᠤᠢ ᠶᠢᠨ ᠪᠠᠯᠠᠷ᠂ ᠵᠢᠷᠠᠨ ᠲᠠᠯ᠎ᠠ᠂ ᠠᠯᠮᠠᠨ ᠬᠤᠭᠤᠯᠠᠢ᠂ ᠠᠷᠤ ᠵᠠᠳᠠᠭᠠᠢ᠂ ᠬᠠᠳ ᠤᠨ ᠠᠮᠠ᠂ | ᠵᠠᠰᠠᠭ ᠤᠨ ᠤᠪᠤᠭ᠎ᠠ ᠭᠡᠬᠦ ᠮᠡᠲᠦ ᠶᠢᠨ ᠨᠡᠷ᠎ᠡ ᠲᠠᠢ ᠰᠠᠶᠢᠬᠠᠨ ᠭᠠᠵᠠᠷ ᠤᠳ ᠪᠠᠶᠢᠭᠰᠠᠨ᠃ | ᠲᠡᠷᠡ ᠦᠶ᠎ᠡ ᠳᠤ ᠮᠢᠨᠤ ᠶᠡᠬᠡᠳᠡ ᠭᠠᠶᠢᠬᠠᠳᠠᠭ ᠤᠴᠢᠷ ᠭᠡᠪᠡᠯ ᠡᠳᠦᠷ ᠲᠡᠭᠡᠨ ᠶᠤᠮ ᠤᠤ︖ ᠡᠰᠡᠭᠦᠯ᠎ᠡ ᠥᠨᠵᠢᠭᠡᠳ ᠶᠤᠮ ᠤᠤ︖ ᠮᠠᠨ ᠤ ᠭᠡᠷ ᠤᠨ ᠶᠡᠭᠡ ᠬᠠᠨᠵᠤ | ᠳᠡᠭᠡᠷ᠎ᠡ ᠤᠯᠠᠨ ᠬᠦᠮᠦᠨ ᠰᠠᠭᠤᠵᠤ᠂ ᠵᠠᠷᠢᠮ ᠬᠦᠮᠦᠰ ᠨᠢᠰᠤ ᠨᠢᠯᠪᠤᠰᠤ ᠪᠠᠨ ᠠᠷᠴᠢᠵᠤ ᠵᠤᠪᠠᠭᠤᠷᠢ ᠲᠠᠢ ᠰᠠᠭᠤᠨ᠎ᠠ︔ ᠵᠠᠷᠢᠮ ᠨᠢ ᠦᠭᠡ ᠶᠠᠷᠢᠵᠤ ᠰᠠᠭᠤᠨ᠎ᠠ︔ | ᠵᠠᠪᠰᠠᠷ ᠲᠤᠨᠢ ᠪᠠᠰᠠ ᠵᠠᠷᠢᠮ ᠨᠢᠭᠡᠨ ᠥᠯᠥ ᠲᠠᠨᠢᠬᠤ ᠬᠦᠮᠦᠨ ᠵᠡᠭᠦᠨ ᠤᠷᠤᠨ ᠤ ᠮᠤᠩᠭᠤᠯ ᠬᠡᠯᠡ ᠵᠡᠷᠭᠡ ᠨᠤᠲᠤᠭ ᠤᠨ ᠪᠤᠰᠤ ᠠᠶᠠᠯᠭᠤ ᠪᠠᠷ ᠬᠦᠮᠦᠰ ᠢ ᠵᠠᠩᠳᠤᠴᠢᠨ | ᠰᠢᠬᠠᠮᠳᠠᠭᠤᠯᠤᠨ ᠡᠨᠡ ᠲᠡᠷᠡ ᠶᠢ ᠠᠰᠠᠭᠤᠭᠠᠳ ᠪᠦᠷ ᠯᠠ ᠲᠥᠪ ᠴᠢᠩᠭ᠎ᠠ ᠰᠠᠭᠤᠵᠠᠭᠠᠨ᠎ᠠ᠃ ᠡᠳᠦᠷ ᠤᠳᠠᠭᠠᠨ ᠢᠶᠠᠷ ᠪᠢ ᠰᠠᠶ᠋ᠢ ᠤᠴᠢᠷ ᠢ ᠨᠢ ᠪᠠᠭ᠎ᠠ ᠰᠠᠭ᠎ᠠ | ᠤᠶᠢᠯᠠᠭᠠᠵᠤ ᠮᠡᠳᠡᠪᠡ᠃ | 1963 ᠤᠨ ᠳᠤ ᠮᠠᠤ ᠽᠧ ᠳ᠋ᠦᠩ ᠲᠡᠷᠢᠭᠦᠯᠡᠭᠴᠢ ᠠᠴᠠ ︽ᠠᠩᠭᠢ ᠶᠢᠨ ᠲᠡᠮᠡᠴᠡᠯ ᠢᠶᠠᠷ ᠬᠥᠲᠥᠯᠪᠥᠷᠢ ᠪᠤᠯᠭᠠᠨ᠎ᠠ︾ ᠭᠡᠵᠦ ᠳᠤᠷᠠᠳᠤᠭᠰᠠᠨ ᠠᠴᠠ ᠪᠤᠯᠵᠤ | ᠮᠠᠨ ᠤ ᠨᠤᠲᠤᠭ ᠲᠤ ᠴᠦ ᠤᠯᠤᠰ ᠳᠠᠶᠠᠭᠠᠷ ᠲᠠᠢ ᠠᠳᠠᠯᠢ ᠪᠠᠷ 1964 ᠤᠨ ᠠᠴᠠ ᠡᠬᠢᠯᠡᠨ ᠳᠡᠭᠡᠷ᠎ᠡ ᠠᠴᠠ ᠱᠠᠲᠤ ᠳᠠᠷᠠᠭᠠᠯᠠᠨ ᠺᠠᠳ᠋ᠷ ᠲᠤᠮᠢᠯᠠᠨ ᠪᠠᠭᠤᠯᠭᠠᠵᠤ᠂ ︽ | ᠳᠠᠩᠰᠠ ᠲᠤᠳᠤᠷᠬᠠᠶᠢᠯᠠᠬᠤ᠂ ᠬᠥᠮᠥᠷᠭᠡ ᠴᠡᠪᠡᠷᠯᠡᠬᠦ᠂ ᠡᠳ᠋ ᠪᠤᠳᠠᠰ ᠴᠡᠪᠡᠷᠯᠡᠬᠦ᠂ ᠬᠥᠳᠡᠯᠮᠦᠷᠢ ᠶᠢᠨ ᠬᠤᠪᠢ ᠲᠤᠳᠤᠷᠬᠠᠶᠢᠯᠠᠬᠤ︾ ᠪᠠᠷ ᠭᠤᠤᠯ ᠠᠭᠤᠯᠭ᠎ᠠ ᠪᠤᠯᠭᠠᠭᠰᠠᠨ | ᠨᠡᠶᠢᠬᠡᠮ ᠵᠢᠷᠤᠮ ᠤᠨ ᠰᠤᠷᠭᠠᠨ ᠬᠦᠮᠦᠵᠢᠯ ᠤᠨ ᠬᠥᠳᠡᠯᠭᠡᠭᠡᠨ ᠢ ᠦᠷᠨᠢᠭᠦᠯᠵᠦ ᠬᠦᠮᠦᠰ ᠢ ︽ᠪᠡᠶ᠎ᠡ ᠭᠠᠷ ᠢᠶᠠᠨ ᠤᠬᠢᠶᠠᠵᠤ ᠴᠡᠪᠡᠷᠯᠡ︾ ᠭᠡᠵᠦ ᠶᠡᠭᠡ ᠯᠡ | ᠦᠢᠮᠡᠯᠳᠦᠭᠡᠨ ᠪᠤᠯᠵᠤ ᠪᠠᠶᠢᠵᠠᠢ᠃ ᠦᠷᠭᠦᠯᠵᠢᠯᠡᠭᠡᠳ ᠤᠯᠤᠰ ᠲᠦᠷᠦ ᠶᠢ ᠴᠡᠪᠡᠷᠯᠡᠬᠦ᠂ ᠦᠵᠡᠯ ᠰᠠᠨᠠᠭ᠎ᠠ ᠶᠢ ᠴᠡᠪᠡᠷᠯᠡᠬᠦ᠂ ᠠᠵᠤ ᠠᠬᠤᠢ ᠶᠢ ᠴᠡᠪᠡᠷᠯᠡᠬᠦ᠂ ᠵᠤᠬᠢᠶᠠᠨ | ᠪᠠᠶᠢᠭᠤᠯᠤᠯᠲᠠ ᠶᠢ ᠴᠡᠪᠡᠷᠯᠡᠬᠦ ︽ᠳᠥᠷᠪᠡᠨ ᠴᠡᠪᠡᠷᠯᠡᠯᠲᠡ︾ ᠶᠢᠨ ᠬᠥᠳᠡᠯᠭᠡᠭᠡᠨ ᠮᠠᠨ ᠤ ᠨᠤᠲᠤᠭ ᠲᠤ ᠥᠷᠭᠡᠨ ᠳᠠᠯᠠᠶᠢᠴᠠᠲᠠᠢ ᠪᠠᠷ ᠦᠷᠨᠢᠵᠦ᠂ ᠲᠡᠷᠡ ᠬᠦ ᠬᠤᠷᠠᠯ | ᠰᠤᠷᠤᠯᠭ᠎ᠠ ᠶᠢᠨ ᠬᠢᠨᠢ ᠶᠡᠬᠡᠩᠬᠢ ᠤᠯᠠᠨ ᠢ ᠨᠢ ᠲᠤᠰ ᠮᠠᠯᠵᠢᠯ ᠤᠨ ᠳᠤᠭᠤᠶᠢᠯᠠᠩ ᠤᠨ ᠭᠤᠤᠯ ᠲᠥᠪ ᠲᠤᠨᠢ ᠨᠤᠲᠤᠭᠰᠢᠵᠤ ᠪᠠᠶᠢᠭ᠎ᠠ ᠮᠠᠨ ᠤ ᠳᠤ ᠬᠢᠭᠡᠳ ᠯᠡ | ᠪᠠᠶᠢᠵᠠᠢ᠃ ᠳᠡᠮᠡᠢ ᠤᠳᠠᠭᠰᠠᠨ ᠦᠭᠡᠢ ᠵᠠᠯᠭᠠᠭ᠎ᠠ ᠪᠠᠷ ︽ᠰᠤᠶᠤᠯ ᠤᠨ ᠶᠡᠭᠡ ᠬᠤᠪᠢᠰᠬᠠᠯ︾ ᠭᠡᠳᠡᠭ ᠶᠡᠭᠡ ᠰᠠᠮᠠᠭᠤᠨ ᠦᠢᠮᠡᠭᠡᠨᠲᠦ ᠬᠥᠳᠡᠯᠭᠡᠭᠡᠨ ᠴᠦ ᠡᠬᠢᠯᠡᠭᠰᠡᠨ | ᠪᠠᠶᠢᠨ᠎ᠠ᠃ | ᠬᠡᠦᠬᠡᠳ ᠪᠠᠶᠢᠬᠤ ᠳᠠᠭᠠᠨ ᠪᠢ ᠶᠡᠷᠦ ᠨᠢ ᠵᠤᠨ ᠳᠠᠭᠠᠨ ᠱᠠᠬᠠᠢ ᠭᠤᠲᠤᠯ ᠳᠡᠮᠡᠢ ᠡᠮᠦᠰᠳᠡᠭ ᠦᠭᠡᠢ ᠰᠢᠤᠬᠠᠨ ᠪᠠᠶᠢᠵᠠᠢ᠃ ᠬᠡᠵᠢᠶᠡᠳᠡ ᠬᠥᠯ ᠨᠢᠴᠦᠭᠦᠨ ᠢᠶᠠᠷ | ᠬᠤᠷᠠᠭ᠎ᠠ ᠲᠤᠭᠤᠯ ᠠᠳᠤᠭᠤᠯᠠᠨ᠂ ᠤᠰᠤ ᠵᠠᠳᠠᠭᠠᠢ ᠲᠠᠢ ᠵᠦᠯᠭᠡᠨ ᠴᠠᠶᠢᠳᠠᠮ᠂ ᠪᠤᠷᠭᠠᠰᠤᠨ ᠳᠥᠬᠦᠮ ᠤᠳ ᠢᠶᠠᠷ ᠭᠦᠶᠦᠵᠦ᠂ ᠪᠠᠶᠢᠨ ᠳᠠᠬᠢᠨ ᠢᠯᠢᠭᠦᠷ ᠤᠨ ᠤᠯᠠ | ᠰᠢᠭ᠋ ᠬᠠᠯᠠᠭᠤᠨ ᠮᠠᠩᠬᠠᠨ ᠰᠡᠵᠢᠭᠦᠷ ᠳᠡᠭᠡᠷ᠎ᠡ ᠭᠠᠷᠴᠤ᠂ ᠪᠡᠶ᠎ᠡ ᠬᠥᠯ ᠢᠶᠠᠨ ᠬᠠᠯᠠᠭᠠᠵᠤ ᠰᠠᠭᠤᠨ᠎ᠠ᠃ ᠤᠮᠳᠠᠭᠠᠰᠴᠢᠬᠠᠪᠠᠯ ᠳᠥᠭᠦᠮ ᠬᠠᠪᠴᠢᠯ ᠳᠤᠨᠢ ᠭᠦᠶᠦᠨ | ᠤᠴᠢᠵᠤ ᠭᠠᠷ ᠢᠶᠠᠷ ᠢᠶᠠᠨ ᠬᠠᠭᠠᠰ ᠳᠤᠬᠤᠢ ᠬᠢᠷᠢ ᠭᠦᠨ ᠨᠦᠬᠡ ᠮᠠᠯᠲᠠᠪᠠᠯ ᠤᠰᠤ ᠤᠯᠤᠭᠠᠳ ᠤᠭᠤᠴᠢᠯᠠᠴᠢᠬᠠᠭᠠᠳ ᠬᠤᠷᠠᠭ᠎ᠠ ᠲᠤᠭᠤᠯ ᠢᠶᠠᠨ ᠠᠳᠤᠭᠤᠯᠠᠨᠠ᠃ | ᠤᠳᠤ ᠪᠤᠳᠤᠬᠤ ᠳᠤ ᠲᠡᠷᠡ ᠦᠶ᠎ᠡ ᠳᠤ ᠬᠤᠷ᠎ᠠ ᠪᠤᠷᠤᠭᠠᠨ ᠲᠤᠩ ᠡᠯᠪᠡᠭ ᠪᠠᠶᠢᠭᠰᠠᠨ ᠶᠤᠮᠰᠠᠨᠵᠠᠢ᠃ | ᠮᠢᠨᠤ ᠮᠡᠳᠡᠭᠡᠵᠢ ᠪᠠᠷ ᠪᠢ 1964 ᠤᠨ ᠤ ᠵᠤᠨ᠂ ᠮᠠᠤ ᠽᠧ ᠳ᠋ᠦᠩ ᠲᠡᠷᠢᠭᠦᠯᠡᠭᠴᠢ ᠠᠴᠠ ᠤᠯᠤᠰ ᠳᠠᠶᠠᠭᠠᠷ ︽ᠲᠠᠷᠢᠶᠠᠯᠠᠩ ᠳ᠋ᠠᠵᠠᠢ ᠠᠴᠠ ᠰᠤᠷᠤᠯᠴᠠᠬᠤ︾ | ᠳᠤᠷᠠᠳᠤᠯᠭ᠎ᠠ ᠭᠠᠷᠭᠠᠵᠤ᠂ ᠳᠤᠬᠠᠢ ᠶᠢᠨ ᠦᠶ᠎ᠡ ᠳᠤ ᠦᠦᠰᠢᠨ ᠬᠤᠰᠢᠭᠤᠨ ᠤ ᠦᠦᠰᠢᠨᠵᠤᠤ ᠭᠦᠩᠱᠧ ᠡᠯᠡᠰᠦ ᠮᠠᠩᠬ᠎ᠠ ᠶᠢ ᠪᠢᠲᠡᠭᠦᠮᠵᠢᠯᠡᠨ ᠤᠶᠢᠵᠢᠭᠤᠯᠵᠤ᠂ | ᠬᠤᠤᠷᠲᠤ ᠰᠤᠭᠲᠤᠭᠤ ᠡᠪᠡᠰᠦ ᠶᠢ ᠠᠷᠢᠯᠭᠠᠨ᠂ ᠳ᠋ᠠᠵᠠᠢ ᠠᠴᠠ ᠰᠤᠷᠤᠯᠴᠠᠬᠤ ᠳᠠᠭᠤᠷᠢᠶᠠᠯ ᠪᠤᠯᠤᠭᠰᠠᠨ ᠪᠤᠯᠤᠯᠲᠠᠢ᠃ 1965 ᠤᠨ ᠳᠤ ᠮᠠᠨ ᠤ ᠨᠤᠲᠤᠭ ᠲᠤ | ᠭᠠᠶᠢᠬᠠᠯᠲᠠᠢ ᠶᠡᠭᠡ ᠭᠠᠩ ᠬᠠᠭᠰᠠᠷᠭᠠᠨ ᠪᠤᠯᠵᠤ᠂ ᠲᠡᠷᠡ ᠵᠤᠨ ᠠᠶᠢᠯ ᠤᠳ ᠶᠡᠭᠡ ᠪᠠᠭ᠎ᠠ ᠬᠤᠶᠠᠷ ᠶᠠᠩᠵᠤ ᠶᠢᠨ ᠯᠠᠬ᠎ᠠ ᠵᠠᠰᠠᠭᠤᠯᠤᠭᠠᠳ᠂ ᠶᠡᠭᠡ ᠪᠠᠭ᠎ᠠ ᠬᠦᠮᠦᠰ ᠢ | ᠪᠦᠷ ᠵᠤᠬᠢᠶᠠᠨ ᠪᠠᠶᠢᠭᠤᠯᠤᠨ ᠰᠤᠭᠲᠤᠭᠤ ᠡᠪᠡᠰᠦ ᠠᠷᠢᠯᠭᠠᠵᠤ᠂ ᠮᠠᠯᠵᠢᠬᠤ ᠳ᠋ᠠᠵᠠᠢ ᠦᠦᠰᠢᠨᠵᠤᠤ ᠠᠴᠠ ᠲᠠᠭᠠᠨ ᠰᠤᠷᠤᠯᠴᠠᠨ᠎ᠠ ᠭᠡᠳ ᠯᠡ ᠰᠦᠷᠡᠬᠡᠢ ᠬᠥᠯ ᠦᠢᠮᠡᠭᠡᠨ | ᠪᠤᠯᠵᠤ ᠪᠠᠶᠢᠭᠰᠠᠨ᠃ ᠰᠤᠭᠲᠤᠭᠤ ᠡᠪᠡᠰᠦ ᠴᠠᠪᠴᠢᠬᠤ ᠬᠥᠳᠡᠯᠮᠦᠷᠢ ᠪᠤᠯ ᠮᠥᠨ ᠮᠢᠨᠤ ᠬᠠᠮᠤᠭ ᠤᠨ ᠠᠩᠬᠠᠨ ᠤ ᠬᠠᠮᠲᠤ ᠨᠡᠶᠢᠲᠡ ᠶᠢᠨ ᠬᠥᠳᠡᠯᠮᠦᠷᠢ ᠳᠤ | ᠤᠷᠤᠯᠴᠠᠭᠰᠠᠨ ᠶᠠᠪᠤᠳᠠᠯ ᠪᠤᠯᠤᠨ᠎ᠠ᠃ ᠵᠠᠯᠭᠠᠭᠠᠳ ᠲᠤᠰ ᠵᠢᠯ ᠤᠨ ᠡᠪᠦᠯ ᠪᠤᠯᠬᠤ ᠳᠤ᠂ ᠲᠠᠤᠯᠢ ᠶᠢᠨ ᠪᠠᠭᠠᠰᠤ᠂ ᠵᠤᠨ ᠤ ᠴᠠᠭ ᠤᠨ ᠴᠠᠭᠠᠨ ᠰᠠᠭᠠᠷᠠᠯ ᠥᠩᠭᠡ ᠲᠠᠢ | ᠮᠤᠷᠢᠨ ᠬᠤᠮᠤᠯ ᠲᠡᠭᠦᠵᠦ᠂ ᠬᠠᠮᠲᠤ ᠨᠡᠶᠢᠲᠡ ᠠᠴᠠ ᠳᠠᠭᠠᠭᠠᠯᠭᠠᠭᠰᠠᠨ ᠡᠭᠦᠷᠭᠡ ᠨᠤᠷᠮ᠎ᠠ ᠶᠢ ᠶᠡᠭᠡ ᠬᠦᠮᠦᠰ ᠲᠠᠢ ᠪᠠᠨ ᠬᠠᠮᠵᠢᠯᠴᠠᠨ ᠠᠳᠠᠯᠢᠬᠠᠨ ᠢᠶᠠᠷ ᠭᠦᠢᠴᠡᠳᠬᠡᠳᠡᠭ | ᠪᠠᠶᠢᠯ᠎ᠠ᠃ ᠰᠢᠪᠠᠭ ᠤᠨ ᠨᠤᠭᠤᠭᠠᠨ ᠮᠥᠴᠢᠷ ᠢ ᠴᠦ ᠬᠠᠳᠤᠵᠤ ᠬᠠᠮᠤᠨ ᠡᠭᠦᠷᠴᠦ ᠪᠠᠭ᠎ᠠ ᠪᠠᠷᠢᠭᠠᠳᠠ ᠳᠡᠭᠡᠷ᠎ᠡ ᠦᠬᠡᠷ ᠲᠡᠵᠢᠭᠡᠬᠦ ᠪᠠᠷ ᠬᠦᠷᠭᠡᠵᠦ ᠥᠩᠭᠡᠷᠡᠭᠰᠡᠨ ᠪᠢᠯᠡ᠃ | | ᠵᠢᠷᠠᠨ ᠵᠢᠷᠭᠤᠭ᠎ᠠ᠂ ᠵᠢᠷᠠᠨ ᠳᠤᠯᠤᠭ᠎ᠠ ᠬᠤᠶᠠᠷ ᠤᠨ ᠳᠤ ᠪᠢ ᠶᠡᠷᠦᠩᠬᠡᠢ ᠳᠡᠭᠡᠨ ᠮᠠᠨ ᠤ ᠬᠢ ᠠᠴᠠ ᠪᠠᠷᠠᠭᠤᠨ ᠤᠷᠢᠲᠠᠢ ᠭᠤᠷᠪᠠᠨ ᠺᠢᠯᠤᠮᠧᠲᠷ ᠤᠨ ᠵᠠᠶᠢᠲᠠᠢ | ᠪᠠᠶᠢᠭ᠎ᠠ ᠨᠠᠭᠠᠴᠤ ᠡᠵᠢ ᠶᠢᠨ ᠳᠡᠭᠡᠨ ᠬᠤᠷᠠᠭ᠎ᠠ ᠢᠰᠢᠭᠡ ᠬᠤᠨᠢ ᠢᠮᠠᠭ᠎ᠠ ᠠᠳᠤᠭᠤᠯᠠᠵᠤ ᠰᠠᠭᠤᠵᠤ ᠪᠠᠶᠢᠭᠰᠠᠨ᠃ ᠲᠡᠷᠡ ᠦᠶ᠎ᠡ ᠳᠤ ᠮᠢᠨᠤ ᠪᠠᠭ᠎ᠠ ᠨᠠᠭᠠᠢ ᠠᠯᠲᠠᠨ᠋ᠧᠴᠢᠷ | ᠴᠡᠷᠢᠭ ᠤᠨ ᠠᠯᠪᠠ ᠬᠠᠭᠠᠬᠤ ᠪᠠᠷ ᠠᠯᠤᠰ ᠬᠤᠯᠠ ᠳᠤ ᠶᠠᠪᠤᠵᠤ᠂ ᠶᠡᠭᠡ ᠨᠠᠭᠠᠢ ᠡᠳᠦᠷ ᠰᠠᠷ᠎ᠠ ᠶᠢ ᠢᠯᠭᠠᠯ ᠦᠭᠡᠢ ᠪᠠᠷ ᠬᠠᠮᠲᠤ ᠨᠡᠶᠢᠲᠡ ᠶᠢᠨ ᠬᠥᠳᠡᠯᠮᠦᠷᠢ ᠳᠤ | ᠤᠷᠤᠯᠴᠠᠳᠠᠭ ᠪᠤᠯᠬᠤᠷ ᠪᠠᠷᠢᠭᠠᠳᠠ ᠠᠴᠠ ᠨᠠᠮᠠᠢᠢ ᠨᠠᠭᠠᠴᠤ ᠠᠪᠤ ᠡᠵᠢ ᠲᠠᠢ ᠬᠠᠪᠰᠤᠷᠭᠠᠨ ᠬᠠᠮᠵᠢᠯᠴᠠᠭᠤᠯᠤᠭᠰᠠᠨ ᠪᠤᠯᠤᠯᠲᠠᠢ᠃ ᠲᠡᠭᠡᠬᠦ ᠳᠤ ᠪᠢ ᠭᠡᠷ ᠢᠶᠠᠨ ᠰᠦᠷᠡᠬᠡᠢ | ᠰᠠᠨᠠᠳᠠᠭ ᠪᠠᠶᠢᠪᠠ᠃ ᠪᠢ ᠬᠡᠵᠢᠶᠡᠳᠡ ᠨᠠᠭᠠᠴᠤ ᠡᠵᠢ ᠶᠢᠨ ᠵᠡᠭᠦᠨ ᠬᠤᠶᠢᠨᠠᠬᠢ ᠬᠥᠨᠳᠡᠯᠡᠨ ᠦᠨᠳᠦᠷ ᠬᠠᠷ᠎ᠠ ᠤᠷᠤᠢ ᠳᠡᠭᠡᠷ᠎ᠡ ᠭᠠᠷᠴᠤ ᠵᠤᠭᠰᠤᠴᠢᠬᠠᠭᠠᠳ ᠭᠡᠷ ᠤᠨ | ᠢᠶᠠᠨ ᠪᠠᠷ᠎ᠠ ᠶᠢ ᠬᠠᠷᠠᠵᠤ ᠨᠢᠯᠪᠤᠰᠤ ᠪᠠᠨ ᠨᠢᠭᠡ ᠰᠠᠶᠢᠨ ᠮᠡᠯᠮᠡᠷᠡᠭᠦᠯᠳᠡᠭ᠃ ᠴᠤᠬᠤᠮ ᠭᠠᠭᠴᠠᠭᠠᠷ ᠢᠶᠠᠨ ᠭᠦᠶᠦᠭᠡᠳ ᠬᠠᠷᠢᠬᠤ ᠴᠢᠳᠠᠯ ᠦᠭᠡᠢ ᠠᠴᠠ ᠶᠤᠮ ᠤᠤ ᠡᠰᠡᠪᠡᠯ | ᠬᠠᠷᠢᠨ ᠨᠠᠭᠠᠴᠤ ᠡᠵᠢ ᠶᠢᠨ ᠵᠠᠬᠢᠶ᠎ᠠ ᠪᠠ ᠬᠠᠮᠢᠶᠠᠷᠤᠯᠲᠠ ᠴᠢᠩᠭ᠎ᠠ ᠪᠠᠶᠢᠭᠰᠠᠨ ᠠᠴᠠ ᠶᠤᠮ ᠤᠤ︖ ᠭᠡᠷ ᠲᠡᠭᠡᠨ ᠬᠠᠷᠢᠶ᠎ᠠ ᠭᠡᠰᠡᠨ ᠪᠤᠳᠤᠯ ᠮᠢᠨᠢ ᠶᠡᠷᠦ ᠳᠡᠭᠡᠨ | ᠪᠡᠶᠡᠯᠡᠭᠳᠡᠵᠦ ᠳᠡᠶᠢᠯᠬᠦ ᠦᠭᠡᠢ ᠪᠠᠶᠢᠵᠤ᠂ ᠡᠳᠦᠷ ᠬᠤᠨᠤᠭ ᠶᠡᠭᠡ ᠤᠳᠠᠮᠠᠨᠵᠢᠨ ᠰᠠᠶ᠋ᠢ ᠨᠢᠭᠡ ᠬᠠᠷᠢᠳᠠᠭ ᠪᠠᠶᠢᠪᠠ᠃ | ᠪᠢ ᠴᠤᠬᠤᠮ ᠳᠠᠭᠠᠨ ᠪᠤᠯ ᠬᠡᠢ ᠶᠢᠰᠦᠨ ᠨᠠᠰᠤᠲᠠᠢ ᠳᠠᠭᠠᠨ 1967 ᠤᠨ ᠤ ᠬᠠᠪᠤᠷ ᠰᠤᠷᠭᠠᠭᠤᠯᠢ ᠳᠤ ᠤᠷᠤᠵᠤ ᠪᠢᠴᠢᠭ ᠰᠤᠷᠤᠭᠰᠠᠨ ᠪᠠᠶᠢᠬᠤ ᠶᠤᠰᠤᠲᠠᠢ᠃ | ᠲᠤᠬᠠᠢ ᠶᠢᠨ ᠴᠠᠭ ᠲᠤ ᠰᠤᠶᠤᠯ ᠤᠨ ᠶᠡᠭᠡ ᠬᠤᠪᠢᠰᠬᠠᠯ ᠤᠨ ᠨᠥᠯᠥᠭᠡᠯᠡᠯ ᠠᠴᠠ ᠪᠤᠯᠵᠤ᠂ ᠤᠨᠴᠠᠭᠠᠶᠢᠯᠠᠨ ᠮᠠᠨ ᠤ ᠲᠠᠩ ᠤᠪᠤᠭᠲᠠᠨ ᠤ ᠬᠢ ᠶᠠᠭᠤᠨ ᠤ ᠪᠠᠰᠠ | ᠠᠩᠭᠢ ᠪᠥᠷᠢᠯᠳᠦᠭᠦᠨ ᠮᠠᠭᠤ ᠬᠡᠮᠡᠨ ᠬᠤᠶᠠᠷ ᠵᠢᠯ ᠤᠨ ᠬᠤᠭᠤᠴᠠᠭᠠᠨ ᠳᠤ ᠨᠡᠶᠢᠲᠡ ᠬᠤᠶᠠᠷ ᠰᠠᠷ᠎ᠠ ᠠᠷᠠᠢ ᠪᠢᠴᠢᠭ ᠦᠵᠡᠭᠰᠡᠨ ᠦᠭᠡᠢ ᠨᠢ ᠬᠠᠷᠠᠮᠰᠠᠯᠲᠠᠢ ᠪᠠᠶᠢᠯ᠎ᠠ᠃ | ᠡᠨᠡ ᠬᠦ ᠬᠤᠭᠤᠴᠠᠭᠠᠨ ᠳᠤ ᠪᠢ ᠪᠠᠭ᠎ᠠ ᠪᠠᠷᠢᠭᠠᠳᠠ ᠶᠢᠨ ᠲᠠᠷᠢᠶᠠᠨ ᠬᠦᠷᠢᠶ᠎ᠡ ᠬᠠᠷᠠᠬᠤ᠂ ᠲᠠᠷᠢᠶ᠎ᠠ ᠠᠷᠠᠴᠢᠯᠠᠬᠤ᠂ ᠠᠮᠤ ᠬᠠᠳᠤᠬᠤ᠂ ᠰᠠᠭᠠᠭ ᠥᠭᠲᠡᠭᠡᠨ ᠵᠤᠯᠭᠠᠭᠠᠬᠤ᠂ | ᠬᠥᠯᠪᠥᠷᠢ ᠶᠢᠨ ᠦᠬᠡᠷ ᠠᠳᠤᠭᠤᠯᠠᠬᠤ ᠮᠡᠲᠦ ᠶᠢᠨ ᠬᠠᠮᠲᠤ ᠨᠡᠶᠢᠲᠡ ᠶᠢᠨ ᠬᠥᠳᠡᠯᠮᠦᠷᠢ ᠳᠤ ᠤᠷᠤᠯᠴᠠᠵᠤ᠂ ᠡᠳᠦᠷ ᠲᠤ ᠳᠤᠯᠤᠭᠠᠨ ᠬᠤᠪᠢ ᠬᠤᠨᠵᠢᠵᠤ ᠪᠠᠶᠢᠭᠰᠠᠨ᠃ | ᠵᠠᠪᠰᠠᠷ ᠴᠢᠯᠦᠭᠡ ᠪᠠᠷ ᠢᠶᠠᠨ ᠨᠢᠭᠡᠨᠲᠡ ᠨᠤᠮ ᠤᠨ ᠬᠤᠷᠤᠬᠠᠶᠢᠲᠠᠢ ᠪᠤᠯᠤᠭᠰᠠᠨ ᠲᠥᠷᠥᠭᠰᠡᠨ ᠠᠬ᠎ᠠ ᠲᠠᠩ · ᠮᠥᠩᠬᠡᠨᠠᠰᠤᠨ᠂ ᠦᠶᠡᠯᠢᠳ ᠠᠬ᠎ᠠ ᠲᠠᠩ · | ᠠᠷᠰᠯᠠᠨ ᠬᠤᠶᠠᠭᠤᠯᠠ ᠰᠥᠨᠢ ᠳᠡᠭᠡᠨ ᠴᠢᠯᠠᠭᠤᠨ ᠳᠤᠰᠤᠨ ᠳ᠋ᠧᠩ ᠤᠨ ᠳᠤᠤᠷ᠎ᠠ ᠨᠠᠳᠠ ᠳᠤ ᠦᠰᠦᠭ ᠪᠢᠴᠢᠭ ᠵᠢᠭᠠᠬᠤ ᠪᠠᠷ ᠪᠠᠷᠠᠬᠤ ᠦᠭᠡᠢ᠂ ᠮᠠᠤ ᠵᠦᠰᠢ ᠶᠢᠨ | ᠦᠭᠡ ᠶᠢᠨ ᠲᠡᠭᠦᠪᠦᠷᠢ᠂ ︽ᠯᠤᠤ ᠰᠠᠨ ᠫᠢᠶᠠᠨ︾ ᠢ ᠪᠠᠰᠠ ᠵᠢᠭᠠᠵᠤ ᠰᠤᠷᠭᠠᠭᠰᠠᠨ ᠶᠤᠮ᠃ ᠪᠠᠰᠠ ᠮᠢᠨᠤ ᠦᠶᠡᠯᠢᠳ ᠠᠬ᠎ᠠ ᠲᠠᠩ · ᠴᠠᠭᠠᠨᠬᠦᠦ᠂ ᠤᠯᠠᠭᠠᠨᠬᠦᠦ ᠨᠠᠷ | ᠪᠤᠯ ᠰᠤᠶᠤᠯ ᠤᠨ ᠶᠡᠭᠡ ᠬᠤᠪᠢᠰᠬᠠᠯ ᠠᠴᠠ ᠡᠮᠦᠨᠡᠬᠢ ᠮᠤᠩᠭᠤᠯ ᠬᠢᠲᠠᠳ ᠪᠢᠴᠢᠭ ᠬᠤᠤᠰᠯᠠᠭᠰᠠᠨ ᠰᠤᠶᠤᠯᠲᠠᠨ ᠪᠤᠯᠬᠤᠷ ᠨᠠᠳᠠ ᠳᠤ ᠪᠠᠰᠠ ᠬᠢᠲᠠᠳ ᠦᠰᠦᠭ ᠪᠢᠴᠢᠭ | ᠰᠤᠷᠭᠠᠪᠠ᠃ | ᠰᠤᠶᠤᠯ ᠤᠨ ᠶᠡᠭᠡ ᠬᠤᠪᠢᠰᠬᠠᠯ ᠡᠬᠢᠯᠡᠮᠡᠭᠴᠡ ᠪᠠᠷᠢᠭᠠᠳᠠ ᠶᠢᠨ ᠳᠠᠷᠤᠭ᠎ᠠ ᠨᠠᠷ ᠡᠩᠭᠡᠷ ᠳᠦᠭᠦᠷᠡᠩ ᠮᠠᠤ ᠵᠦᠰᠢ ᠶᠢᠨ ᠬᠦᠷᠦᠭ ᠵᠡᠭᠦᠴᠢᠬᠡᠭᠡᠳ ᠪᠠᠶᠢᠬᠤ ᠶᠢ | ᠦᠵᠡᠬᠦ ᠶᠢᠨ ᠪᠤᠯᠭᠠᠨ ᠪᠢᠳᠠᠨᠤᠰ ᠤᠨ ᠲᠡᠷᠡ ᠳᠤᠷᠠᠯᠠᠵᠤ ᠪᠠᠶᠢᠭᠰᠠᠨ ᠢ ᠬᠡᠯᠡᠬᠦ ᠶᠢᠨ ᠠᠷᠭ᠎ᠠ ᠦᠭᠡᠢ᠃ ᠠᠷᠭ᠎ᠠ ᠶᠠᠳᠠᠬᠤ ᠳᠠᠭᠠᠨ ᠳᠠᠷᠤᠭ᠎ᠠ ᠨᠠᠷ ᠤᠨ ᠡᠮᠦᠨ᠎ᠡ ᠨᠢ | ᠬᠦᠷᠦᠭᠡᠳ ᠲᠥᠪ ᠵᠤᠭᠰᠤᠴᠢᠬᠠᠭᠠᠳ ᠥᠨᠥᠬᠢ ᠮᠠᠤ ᠵᠦᠰᠢ ᠶᠢᠨ ᠦᠭᠡ ᠶᠢᠨ ᠲᠡᠭᠦᠪᠦᠷᠢ ᠭᠡᠳᠡᠭ ᠠᠭᠤᠤ ᠵᠤᠬᠢᠶᠠᠯ ᠤᠨ ᠪᠠᠳᠠᠭ ᠵᠤᠷᠪᠤᠰ ᠤᠳ ᠢ ᠴᠡᠭᠡᠵᠢ ᠪᠠᠷ | ᠨᠢᠭᠡᠨ ᠵᠡᠷᠭᠡ ᠲᠤᠷᠴᠢᠬᠢᠨᠠᠲᠠᠯᠠ ᠤᠩᠰᠢᠵᠤ ᠥᠭᠬᠦ ᠪᠠᠷ ᠪᠠᠷᠠᠬᠤ ᠦᠭᠡᠢ᠂ ᠠᠶᠠᠯᠭᠤᠯᠠᠨ ᠳᠠᠭᠤᠯᠠᠭᠠᠳ ᠴᠦ ᠥᠭᠭᠦᠨ᠎ᠡ᠃ ᠲᠡᠭᠡᠵᠦ ᠳᠠᠷᠤᠭ᠎ᠠ ᠨᠠᠷ ᠤᠨ ᠪᠠᠬ᠎ᠠ | ᠰᠤᠨᠢᠷᠬᠠᠯ ᠢ ᠳᠠᠲᠠᠵᠤ᠂ ᠪᠢᠳᠠᠨᠤᠰ ᠲᠤ ᠡᠩᠭᠡᠷ ᠲᠡᠭᠡᠨ ᠵᠡᠭᠦᠭᠰᠡᠨ ᠮᠠᠤ ᠵᠦᠰᠢ ᠶᠢᠨ ᠬᠦᠷᠦᠭ ᠠᠴᠠ ᠨᠢᠭᠡ ᠬᠤᠶᠠᠷ ᠢ ᠬᠦᠷᠭᠡᠵᠦ ᠥᠭᠬᠦ ᠪᠠᠷ ᠨᠢ ᠳᠡᠭᠳᠡᠭᠡᠴᠡᠨ | ᠬᠥᠭᠡᠷᠦᠯᠳᠦᠵᠦ ᠪᠠᠶᠢᠭᠰᠠᠨ ᠮᠠᠨᠢ ᠰᠠᠨᠠᠭᠠᠨ ᠳᠤ ᠮᠢᠨᠢ ᠢᠯᠡᠬᠡᠨ᠃ ᠢᠩᠬᠢᠵᠦ ᠬᠦᠷᠦᠭ ᠤᠨ ᠬᠤᠨᠵᠢᠶ᠎ᠠ ᠤᠯᠳᠠᠭ ᠪᠠᠶᠢᠭᠰᠠᠨ ᠤᠬᠠᠭᠠᠨ ᠰᠠᠮᠪᠠᠭ᠎ᠠ ᠪᠤᠯ ᠳᠥᠷᠪᠡᠨ | ᠠᠬ᠎ᠠ ᠶᠢᠨ ᠮᠢᠨᠢ ᠦᠰᠦᠭ ᠪᠢᠴᠢᠭ ᠰᠤᠷᠭᠠᠭᠰᠠᠨ ᠤ ᠭᠠᠪᠢᠶ᠎ᠠ ᠵᠢᠳᠬᠦᠯ ᠠᠴᠠ ᠢᠷᠡᠯ ᠲᠠᠢ᠃ ᠡᠳᠦᠭᠡ ᠡᠷᠭᠢᠴᠡᠭᠦᠯᠦᠨ ᠪᠤᠳᠤᠭᠠᠳ ᠪᠠᠶᠢᠬᠤᠯᠠᠷ ᠪᠠᠰᠠ ᠶᠡᠭᠡ ᠯᠡ | ᠬᠥᠭᠵᠢᠶᠡᠨ ᠲᠠᠢ ᠪᠥᠭᠡᠳ ᠬᠠᠴᠢᠨ ᠰᠠᠨᠠᠭᠳᠠᠨ᠎ᠠ᠃ | ᠬᠤᠶᠠᠷ | 1970 ᠣᠨ ᠤ ᠬᠠᠪᠤᠷ ᠶᠤᠮᠰᠠᠨ᠃ ᠪᠢ ᠭᠡᠢ ᠠᠷᠪᠠᠨ ᠨᠢᠭᠡᠲᠡᠢ ᠪᠠᠶᠢᠬᠤ ᠳᠠᠭᠠᠨ ᠵᠤᠤᠬ᠎ᠠ ᠨᠤᠲᠤᠭ ᠤᠨ ᠦᠳᠡ ᠶᠢᠨ ᠰᠢᠪᠠᠷ ᠪᠠᠭ᠎ᠠ ᠰᠤᠷᠭᠠᠭᠤᠯᠢ ᠳᠤ | ᠵᠢᠩᠬᠢᠨᠢ ᠪᠠᠷ ᠤᠷᠤᠵᠤ᠂ ᠰᠤᠶᠤᠯ ᠤᠨ ᠮᠥᠷ ᠢ ᠬᠥᠭᠡᠭᠡᠬᠦ ᠵᠢᠯᠤᠭᠤ ᠪᠠᠨ ᠰᠤᠩᠭᠠᠵᠤ ᠪᠢᠯᠡ᠃ ᠮᠠᠨ ᠤ ᠬᠢ ᠠᠴᠠ ᠦᠳᠡ ᠶᠢᠨ ᠰᠢᠪᠠᠷ ᠤᠨ ᠰᠤᠷᠭᠠᠭᠤᠯᠢ ᠬᠦᠷᠲᠡᠯ᠎ᠡ | ᠬᠤᠷᠢᠨ ᠬᠡᠳᠦᠨ ᠭᠠᠵᠠᠷ ᠵᠠᠶᠢᠲᠠᠢ᠃ ᠬᠤᠶᠢᠰᠢ ᠤᠷᠤᠭᠰᠢ ᠪᠠᠨ ᠭᠤᠷᠪᠠᠨ ᠴᠠᠶᠢᠳᠠᠮ ᠭᠤᠷᠪᠠᠨ ᠪᠠᠯᠠᠷ ᠨᠢᠭᠡ ᠮᠠᠩᠬ᠎ᠠ ᠶᠢ ᠥᠩᠭᠡᠷᠡᠭᠡᠪᠡᠯ ᠰᠤᠷᠭᠠᠭᠤᠯᠢ ᠳᠠᠭᠠᠨ | ᠤᠴᠢᠴᠢᠬᠠᠳᠠᠭ ᠪᠠᠶᠢᠭᠰᠠᠨ᠃ ᠬᠤᠶᠠᠷ ᠭᠠᠷᠠᠭ ᠠᠯᠤᠰᠯᠠᠭᠠᠳ ᠨᠢᠭᠡ ᠤᠳᠠᠭ᠎ᠠ ᠬᠠᠷᠢᠭᠤᠯᠵᠤ᠂ ᠬᠤᠶᠠᠷ ᠭᠠᠷᠠᠭ ᠲᠤ ᠨᠢᠭᠡ ᠯᠠ ᠤᠳᠠᠭ᠎ᠠ ᠴᠠᠭᠠᠨ ᠭᠤᠯᠢᠷ ᠤᠨ | ᠮᠠᠨᠲᠤᠤ ᠢᠳᠡᠭᠦᠯᠳᠡᠭ ᠰᠤᠷᠭᠠᠭᠤᠯᠢ ᠪᠠᠶᠢᠪᠠ᠃ ᠲᠤᠬᠠᠢ ᠶᠢᠨ ᠦᠶ᠎ᠡ ᠳᠤ ᠮᠢᠨᠤ ᠨᠠᠰᠤ ᠨᠡᠯᠢᠶᠡᠳ ᠶᠡᠭᠡ ᠰᠢᠭ ᠪᠠᠶᠢᠵᠤ᠂ ᠰᠤᠷᠤᠯᠭ᠎ᠠ᠂ ᠬᠥᠳᠡᠯᠮᠦᠷᠢ ᠶᠤᠰᠤ ᠮᠤᠷᠠᠯ | ᠡᠯ᠎ᠡ ᠲᠠᠯ᠎ᠠ ᠳᠠᠭᠠᠨ ᠤᠨᠴᠠᠭᠠᠶᠢᠷᠠᠵᠤ᠂ ᠠᠩᠭᠢ ᠦᠰᠦᠷᠬᠦ ᠨᠥᠬᠦᠴᠡᠯ ᠳᠤ ᠬᠦᠷᠴᠦ᠂ ᠠᠩᠭᠢ ᠦᠰᠦᠷᠦᠭᠡᠳ ᠨᠡᠶᠢᠲᠡ ᠳᠥᠷᠪᠡᠨ ᠵᠢᠯ ᠰᠤᠷᠤᠯᠴᠠᠭᠠᠳ᠂ 1974 | ᠣᠨ ᠤ ︽5 · 4︾ ᠤ ᠵᠠᠯᠠᠭᠤᠴᠤᠳ ᠤᠨ ᠪᠠᠶᠠᠷ ᠢᠶᠠᠷ ᠪᠢ ᠵᠸᠦ ᠰᠤ᠋ ᠵᠧᠨ ᠭᠡᠳᠡᠭ ᠨᠠᠨᠵᠢᠩ ᠤᠨ ᠡᠮᠡᠭᠲᠡᠢ ᠰᠡᠭᠡᠭᠡᠲᠡᠨ ᠪᠠᠭᠰᠢ ᠶᠢᠨ ᠭᠠᠷ ᠳᠤᠤᠷ᠎ᠠ ᠡᠪ ᠬᠠᠮᠲᠤ | ᠶᠤᠰᠤᠨ ᠤ ᠵᠠᠯᠠᠭᠤᠴᠤᠳ ᠤᠨ ᠡᠪᠯᠡᠯ ᠳᠤ ᠡᠯᠰᠡᠭᠳᠡᠭᠰᠡᠨ ᠪᠥᠭᠡᠳ ᠦᠨᠳᠦᠷ ᠪᠥᠲᠥᠮᠵᠢᠲᠡᠢ ᠪᠠᠷ ᠪᠠᠭ᠎ᠠ ᠰᠤᠷᠭᠠᠭᠤᠯᠢ ᠪᠠᠨ ᠲᠡᠭᠦᠰᠭᠡᠪᠡ᠃ | ᠪᠠᠭ᠎ᠠ ᠰᠤᠷᠭᠠᠭᠤᠯᠢ ᠳᠤ ᠪᠠᠶᠢᠬᠤ ᠳᠤ᠂ ᠰᠤᠷᠭᠠᠭᠤᠯᠢ ᠠᠮᠠᠷᠠᠯᠲᠠ ᠶᠢᠨ ᠴᠢᠯᠦᠭᠡ ᠲᠠᠯᠪᠢᠬᠤ ᠴᠠᠭ ᠤᠶᠢᠷᠠᠳᠬᠤ ᠪᠦᠷᠢ ᠪᠠᠷᠢᠭᠠᠳᠠ ᠠᠴᠠ ᠪᠢᠳᠠᠨ ᠳᠤ ᠠᠯᠢ | ᠬᠡᠵᠢᠶᠡᠨ ᠤ ᠪᠦᠷ ᠬᠥᠳᠡᠯᠮᠦᠷᠢ ᠶᠢᠨ ᠡᠭᠦᠷᠭᠡ ᠳᠤᠬᠢᠷᠠᠭᠤᠯᠴᠢᠬᠠᠭᠰᠠᠨ ᠪᠠᠶᠢᠳᠠᠭ᠃ ᠬᠡᠨ ᠬᠡᠨ ᠲᠠᠷᠢᠶᠠᠨ ᠬᠦᠷᠢᠶ᠎ᠡ ᠬᠠᠷᠠᠬᠤ᠂ ᠲᠠᠷᠢᠶ᠎ᠠ ᠠᠷᠴᠢᠬᠤ᠂ ᠬᠥᠯᠪᠥᠷᠢ ᠶᠢᠨ | ᠦᠬᠡᠷ ᠠᠳᠤᠭᠤᠯᠠᠬᠤ᠂ ᠯᠠᠭᠤᠰᠠ ᠶᠢᠨ ᠬᠠᠰᠠᠭ ᠲᠠᠭᠤᠵᠤ ᠶᠡᠭᠡ ᠰᠢᠬᠢᠷ ᠠᠴᠠ ᠳᠠᠪᠤᠰᠤ ᠳᠠᠲᠠᠬᠤ᠂ ᠤᠰᠤᠨ ᠴᠥᠬᠦᠷᠥᠮ ᠮᠠᠯᠲᠠᠬᠤ᠂ ᠰᠢᠭᠡᠭ ᠪᠤᠷᠳᠤᠭᠤᠷ | ᠬᠤᠷᠠᠮᠳᠤᠭᠤᠯᠬᠤ ᠭᠡᠬᠦ ᠮᠡᠲᠦ ᠶᠢᠨ ᠠᠵᠢᠯ ᠬᠥᠳᠡᠯᠮᠦᠷᠢ ᠳᠤ ᠤᠷᠤᠯᠴᠠᠬᠤ ᠦᠭᠡᠢ ᠪᠤᠯ ᠲᠡᠷᠡ ᠮᠥᠨ ᠦᠵᠡᠯ ᠰᠠᠨᠠᠭ᠎ᠠ ᠳᠤᠷᠤᠢ ᠰᠤᠷᠤᠭᠴᠢ ᠭᠡᠵᠦ ᠪᠠᠷᠢᠭᠠᠳᠠ ᠶᠢᠨ | ᠵᠠᠷᠢᠮ ᠤᠳᠤᠷᠢᠳᠤᠯᠭ᠎ᠠ ᠠᠴᠠ ᠲᠡᠷᠡ ᠰᠤᠷᠤᠭᠴᠢ ᠶᠢᠨ ᠬᠤᠵᠢᠮ ᠤᠨ ᠦᠢᠯᠡᠰ᠂ ᠠᠯᠤᠰ ᠤᠨ ᠬᠥᠰᠡᠯᠡᠩ ᠢ ᠨᠢ ᠨᠥᠯᠥᠭᠡᠯᠡᠬᠦ ᠪᠠᠷ ᠤᠷᠤᠯᠳᠤᠳᠠᠭ ᠪᠠᠶᠢᠪᠠ᠃ ᠲᠡᠷᠡ | ᠦᠶ᠎ᠡ ᠳᠤ ᠬᠥᠳᠡᠯᠮᠦᠷᠢ ᠳᠤ ᠢᠳᠡᠪᠬᠢᠲᠡᠢ ᠤᠷᠤᠯᠴᠠᠬᠤ ᠨᠢ ᠮᠠᠰᠢ ᠶᠡᠭᠡ ᠥᠩᠭᠡ ᠭᠡᠷᠡᠯᠲᠡᠢ ᠴᠠᠭ ᠪᠠᠶᠢᠯ᠎ᠠ᠃ | ᠪᠠᠭ᠎ᠠ ᠰᠤᠷᠭᠠᠭᠤᠯᠢ ᠶᠢᠨ ᠴᠢᠯᠦᠭᠡᠨ ᠤ ᠬᠤᠭᠤᠴᠠᠭᠠᠨ ᠳᠠᠭᠠᠨ ᠪᠢ ᠪᠠᠰᠠ ᠮᠠᠨ ᠤ ᠨᠤᠲᠤᠭ ᠠᠴᠠ ᠳᠥᠴᠢᠨ ᠭᠠᠵᠠᠷ ᠤᠨ ᠵᠠᠶᠢᠲᠠᠢ ᠪᠠᠶᠢᠭ᠎ᠠ ᠪᠠᠷᠠᠭᠤᠨ ᠤᠷᠳᠤ | ᠵᠠᠬ᠎ᠠ ᠶᠢᠨ ᠵᠢᠩ ᠪᠢᠶᠠᠨ ᠰᠢᠶᠠᠨ ᠤ ᠯᠢᠶᠠᠩ ᠵᠧᠩ ᠤᠨ ᠯᠢᠦ ᠭᠦᠢ ᠸᠠᠩ ᠭᠡᠳᠡᠭ ᠳᠤᠰᠬᠤᠨ ᠤ ᠠᠯᠢᠮ᠎ᠠ ᠵᠢᠮᠢᠰ ᠬᠤᠳᠠᠯᠳᠤᠭᠰᠠᠨ ᠢᠷᠭᠡᠴᠦᠳ ᠪᠠ ᠬᠥᠯᠪᠥᠷᠢ ᠶᠢᠨ | ᠦᠬᠡᠷ ᠢᠶᠠᠨ ᠮᠠᠨ ᠤ ᠨᠤᠲᠤᠭ ᠲᠤ ᠠᠳᠤᠭᠤᠯᠠᠬᠤ ᠪᠠᠷ ᠢᠷᠡᠭᠰᠡᠨ ᠬᠢᠲᠠᠳ ᠬᠡᠦᠬᠡᠳ ᠤᠳ ᠲᠠᠢ ᠨᠢ ᠲᠠᠨᠢᠯᠴᠠᠵᠤ ᠨᠠᠭᠠᠳᠴᠤ᠂ ᠲᠡᠳᠡᠨᠦᠰ ᠠᠴᠠ ᠬᠢᠲᠠᠳ ᠦᠭᠡ | ᠰᠤᠷᠴᠤ ᠰᠠᠶᠢᠨ ᠨᠠᠶᠢᠵᠠᠯᠠᠵᠤ ᠪᠠᠶᠢᠭᠰᠠᠨ ᠮᠠᠨᠢ ᠢᠯᠡᠷᠬᠡᠢ ᠪᠤᠳᠤᠭᠳᠠᠵᠤ ᠪᠠᠶᠢᠨ᠎ᠠ᠃ ᠲᠡᠳᠡᠨᠦᠰ ᠤᠨ ᠳᠤᠲᠤᠷ᠎ᠠ ᠠᠴᠠ ᠷᠧᠨ ᠹᠠ ᠰᠢᠶᠠᠩ ᠭᠡᠳᠡᠭ ᠬᠦᠮᠦᠨ ᠤ ᠬᠥᠪᠡᠭᠦᠨ | ᠷᠧᠨ ᠭᠤᠸᠠᠩ ᠵᠢᠶᠧ ᠭᠡᠳᠡᠭ ᠬᠡᠦᠬᠡᠳ ᠲᠠᠢ ᠰᠠᠶᠢᠨ ᠨᠠᠭᠠᠳᠴᠤ ᠨᠠᠶᠢᠵᠠᠯᠠᠵᠤ ᠪᠠᠶᠢᠭᠰᠠᠨ᠃ ᠪᠠᠰᠠ ᠵᠠᠩ ᠪᠤᠤ ᠯᠢᠨ᠂ ᠵᠠᠩ ᠴᠢᠶᠤᠤ ᠯᠢᠨ ᠠᠬ᠎ᠠ ᠳᠡᠭᠦᠦ ᠲᠠᠢ ᠪᠠᠨ | ᠪᠦᠷ ᠮᠢᠨᠤ ᠰᠠᠨᠠᠭᠠᠨ ᠳᠤ ᠭᠦᠨ ᠰᠠᠭᠤᠭᠳᠠᠵᠤ ᠪᠠᠶᠢᠨ᠎ᠠ᠃ | ᠪᠠᠰᠠ ᠪᠤᠳᠤᠯ ᠳᠤ ᠮᠢᠨᠢ ᠪᠠᠶᠢᠨ ᠳᠠᠬᠢᠨ ᠤᠷᠤᠭᠠᠳ ᠪᠠᠶᠢᠳᠠᠭ ᠨᠢᠭᠡᠨ ᠶᠠᠪᠤᠳᠠᠯ ᠭᠡᠪᠡᠯ᠂ ᠪᠢ ᠪᠠᠭ᠎ᠠ ᠰᠤᠷᠭᠠᠭᠤᠯᠢ ᠶᠢᠨ ᠳᠥᠷᠪᠡᠳᠦᠭᠡᠷ ᠤᠨ ᠳᠤ | ᠰᠤᠷᠤᠯᠴᠠᠵᠤ ᠪᠠᠶᠢᠭᠰᠠᠨ ᠲᠡᠷᠡ ᠬᠠᠪᠤᠷ ᠪᠤᠯ ᠮᠢᠨᠤ ᠬᠠᠮᠤᠭ ᠤᠨ ᠭᠤᠲᠤᠷᠠᠯ ᠵᠤᠪᠠᠨᠢᠯ ᠲᠠᠢ ᠴᠠᠭ ᠪᠠᠶᠢᠯ᠎ᠠ᠃ ᠠᠭᠤᠷ ᠠᠮᠢᠰᠬᠤᠯ ᠳᠤᠯᠠᠭᠠᠷᠠᠵᠤ᠂ ᠡᠪᠡᠰᠦ ᠤᠷᠭᠤᠮᠠᠯ | ᠠᠮᠢᠯᠠᠵᠤ ᠪᠠᠶᠢᠬᠤ ᠦᠶ᠎ᠡ ᠳᠤ ᠭᠠᠷᠠᠭ ᠤᠨ ᠴᠢᠯᠦᠭᠡ ᠪᠠᠷ ᠭᠡᠷ ᠲᠡᠭᠡᠨ ᠬᠠᠷᠢᠭᠠᠳ ᠢᠷᠡᠬᠦᠯᠡᠷ᠂ ᠶᠢᠰᠦᠬᠡᠨ ᠨᠠᠰᠤᠲᠠᠢ ᠥᠬᠢᠨ ᠳᠡᠭᠦᠦ ᠽᠠᠮᠪᠠᠭ᠎ᠠ ᠭᠠᠭᠴᠠᠭᠠᠷᠬᠠᠨ | ᠬᠤᠨᠢ ᠢᠮᠠᠭ᠎ᠠ ᠪᠠᠨ ᠭᠡᠷ᠂ ᠬᠤᠲᠠ ᠵᠦᠭ ᠢᠶᠠᠨ ᠤᠶᠢᠷᠠᠲᠤᠭᠤᠯᠵᠤ ᠶᠠᠭᠠᠷᠠᠨ᠎ᠠ᠃ ᠪᠢ ᠪᠤᠰᠢᠭᠤ ᠲᠦᠷᠭᠡᠨ ᠳᠡᠷᠭᠡᠳᠡ ᠨᠢ ᠤᠴᠢᠵᠤ᠄ ︽ᠴᠢ ᠭᠠᠭᠴᠠᠭᠠᠷ ᠪᠠᠶᠢᠭ᠎ᠠ | ᠤᠤ︖ ᠮᠥᠮᠦ ᠨᠡᠶᠢᠲᠡ ᠶᠢᠨ ᠲᠠᠷᠢᠶᠠᠯᠠᠩ ᠳᠡᠭᠡᠷ᠎ᠡ ᠶᠠᠪᠤᠭᠰᠠᠨ ᠤᠤ︖︾ ᠭᠡᠵᠦ ᠠᠰᠠᠭᠤᠭᠰᠠᠨ ᠳᠤ ᠥᠬᠢᠨ ᠳᠡᠭᠦᠦ ᠮᠢᠨᠢ ᠳᠤᠭᠤᠭᠰᠢ ᠪᠠᠨ ᠬᠠᠷᠠᠵᠤ᠄ ︽ᠮᠥᠮᠦ | ᠬᠡᠳᠦᠨ ᠡᠳᠦᠷ ᠤᠨ ᠡᠮᠦᠨ᠎ᠡ ᠡᠪᠡᠳᠴᠢᠯᠡᠭᠡᠳ᠂ ᠡᠳᠦᠷ ᠢᠯᠡᠭᠦᠦ ᠭᠡᠳᠡᠰᠦ ᠪᠠᠨ ᠨᠤᠬᠤᠯᠠᠵᠤ ᠰᠠᠨᠳᠤᠷᠤᠭᠠᠳ ᠬᠠᠨᠵᠤᠨ ᠠᠴᠠ ᠪᠠᠭᠤᠵᠤ ᠴᠢᠳᠠᠬᠤ ᠦᠭᠡᠢ ᠪᠤᠯᠤᠭᠰᠠᠨ | ᠪᠠᠶᠢᠬᠤ ᠳᠤ ᠠᠪᠠᠢ ᠪᠠᠷᠠᠭᠤᠨ ᠤᠷᠳᠤ ᠵᠠᠬ᠎ᠠ ᠠᠴᠠ ᠢᠷᠡᠭᠡᠳ᠂ ᠬᠦᠷᠭᠡᠨ ᠠᠬ᠎ᠠ ᠬᠡᠳᠦᠭᠦᠯᠡ ᠤᠨᠤᠭ᠎ᠠ ᠪᠠᠷ ᠵᠤᠤᠬ᠎ᠠ ᠭᠦᠩᠱᠧ ᠳᠤ ᠡᠮᠨᠡᠭᠦᠯᠬᠦ ᠪᠠᠷ ᠶᠠᠪᠤᠭᠰᠠᠨ᠃ | ᠡᠭᠡᠴᠢ ᠦᠳᠡᠰᠢ ᠳᠤᠨᠢ ᠢᠷᠡᠵᠦ ᠨᠠᠳᠠ ᠲᠠᠢ ᠪᠠᠷᠠᠳᠠᠵᠤ ᠬᠤᠨᠤᠳᠠᠭ︾ ᠭᠡᠵᠦ ᠴᠢᠷᠠᠢ ᠨᠢ ᠬᠤᠪᠢᠷᠠᠨ ᠨᠢᠯᠪᠤᠰᠤ ᠠᠰᠬᠠᠷᠠᠯ᠎ᠠ᠃ ᠨᠠᠳᠠ ᠳᠤ ᠦᠭᠡ ᠪᠤᠯᠵᠤ ᠠᠮᠵᠢᠭᠰᠠᠨ | ᠦᠭᠡᠢ ᠪᠠᠶᠢᠳᠠᠯ ᠠᠴᠠ ᠦᠵᠡᠬᠦ ᠳᠤ ᠮᠥᠮᠦ ᠮᠢᠨᠢ ᠯᠠᠪᠲᠠᠢ ᠲᠦᠷᠭᠡᠨ ᠴᠢᠨᠠᠷᠲᠠᠢ ᠡᠪᠡᠳᠴᠢᠨ ᠤᠷᠤᠵᠤ ᠬᠦᠨᠳᠦᠷᠡᠭᠡᠳ ᠶᠠᠪᠤᠵᠠᠢ ᠭᠡᠵᠦ ᠪᠢ ᠪᠤᠳᠤᠯ᠎ᠠ᠃ | ᠽᠠᠨᠳᠠᠨ ᠡᠭᠡᠴᠢ ᠮᠠᠨᠢ ᠮᠠᠨ ᠤ ᠭᠡᠷ ᠠᠴᠠ ᠤᠶᠢᠷᠠᠬᠠᠨ ᠠᠶᠢᠯ ᠤᠨ ᠡᠭᠦᠳᠡᠨ ᠳᠤ ᠮᠤᠷᠳᠠᠭᠰᠠᠨ ᠪᠤᠯᠬᠤᠷ ᠬᠡᠵᠢᠶᠡᠳᠡ ᠬᠠᠪᠰᠤᠷᠤᠯᠴᠠᠨ ᠪᠠᠶᠢᠳᠠᠭ᠃ ᠳᠡᠮᠡᠢ | ᠤᠳᠠᠭᠰᠠᠨ ᠦᠭᠡᠢ ᠡᠭᠡᠴᠢ ᠮᠠᠨᠢ ᠢᠷᠡᠵᠦ᠄ ︽ᠪᠢ ᠰᠠᠶ᠋ᠢᠬᠠᠨ ᠪᠠᠷᠢᠭᠠᠳᠠ ᠳᠡᠭᠡᠷ᠎ᠡ ᠤᠴᠢᠵᠤ ᠬᠦᠷᠭᠡᠨ ᠠᠬ᠎ᠠ ᠠᠴᠠ ᠴᠢᠨᠢ ᠢᠷᠡᠭᠦᠯᠦᠭᠰᠡᠨ ᠤᠳᠠᠰᠤ ᠶᠢ ᠳᠤᠰᠤᠯ᠎ᠠ᠃ | ᠨᠠᠮᠠᠢᠢ ᠳ᠋ᠢᠶᠠᠩᠬᠤᠸᠠ ᠳᠤᠰᠬᠤ ᠪᠠᠷ ᠪᠠᠷᠢᠭᠠᠳᠠ ᠳᠡᠭᠡᠷ᠎ᠡ ᠢᠷ᠎ᠡ ᠭᠡᠵᠦ ᠴᠠᠭ ᠪᠤᠯᠵᠤᠵᠤ᠂ ᠪᠠᠷᠢᠭᠠᠳᠠ ᠠᠴᠠ ᠨᠠᠳᠠ ᠳᠤ ᠥᠭᠡ ᠥᠭᠭᠦᠭᠰᠡᠨ ᠶᠤᠮ᠃ ︿ᠲᠡᠷᠡ ᠡᠳᠦᠷ | ᠮᠥᠮᠦ ᠭᠡᠳᠡᠰᠦ ᠡᠪᠡᠳᠴᠦ ᠶᠡᠬᠡᠳᠡ ᠰᠠᠨᠳᠤᠷᠤᠭᠠᠳ᠂ ᠵᠢᠷᠠ ᠭᠦᠩᠱᠧ ᠶᠢᠨ ᠡᠮᠨᠡᠯᠭᠡ ᠶᠢᠨ ᠬᠤᠷᠢᠶᠠᠨ ᠳᠤ ᠤᠷᠤᠵᠤ ᠲᠦᠷᠭᠡᠨ ᠴᠢᠨᠠᠷᠲᠠᠢ ᠮᠤᠬᠤᠷ ᠤᠯᠤᠭᠠᠢ ᠶᠢᠨ | ᠡᠪᠡᠳᠴᠢᠨ ᠭᠡᠵᠦ ᠲᠤᠳᠤᠯᠠᠭᠠᠳ ᠮᠡᠰᠡ ᠵᠠᠰᠠᠯ ᠬᠢᠵᠦ᠂ ᠤᠳᠤ ᠠᠪᠠᠢ ᠲᠠᠢ ᠠᠷᠰᠯᠠᠨ ᠪᠢᠳᠠ ᠬᠡᠳᠦᠭᠦᠯᠡ ᠬᠠᠪᠰᠤᠷᠤᠨ ᠰᠤᠪᠢᠯᠠᠵᠤ᠂ ᠡᠪᠡᠳᠴᠢᠨ ᠤ ᠬᠢᠨᠢ ᠪᠠᠶᠢᠳᠠᠯ | ᠶᠡᠭᠡ ᠭᠠᠶᠢᠭᠤᠢ ᠪᠤᠯᠵᠤ ᠪᠠᠶᠢᠬᠤ ᠶᠢ ᠤᠨᠴᠠ ᠮᠡᠳᠡᠭᠳᠡᠵᠦ ᠪᠠᠶᠢᠨ᠎ᠠ﹀ ᠭᠡᠵᠦ ᠬᠦᠷᠭᠡᠨ ᠠᠬ᠎ᠠ ᠠᠴᠠ ᠴᠢᠨᠢ ᠳ᠋ᠢᠶᠠᠩᠬᠤᠸᠠ ᠢᠷᠡᠯ᠎ᠡ ᠁︾ ᠭᠡᠵᠦ ᠡᠭᠡᠴᠢ ᠶᠢᠨ | ᠦᠭᠡ ᠠᠷᠠᠢ ᠬᠡᠯᠡᠵᠦ ᠪᠠᠷᠠᠭᠠᠳᠤᠢ ᠪᠠᠷ ᠡᠭᠡᠴᠢ ᠥᠬᠢᠨ ᠳᠡᠭᠦᠦ ᠪᠢᠳᠠ ᠭᠤᠷᠪᠠᠭᠤᠯᠠ ᠪᠠᠨ ᠨᠢᠭᠡᠨ ᠴᠠᠭ ᠤᠶᠢᠳᠬᠠᠷᠲᠠᠶᠢᠬᠠᠨ ᠲᠡᠪᠡᠷᠢᠯᠴᠡᠨ ᠤᠬᠢᠯᠠᠯᠴᠠᠭᠰᠠᠨ ᠪᠢᠯᠡ᠃ | ᠤᠴᠢᠷ ᠨᠢ ᠮᠥᠮᠦ ᠶᠢ ᠶᠡᠭᠡ ᠮᠡᠰᠡ ᠵᠠᠰᠠᠯ ᠬᠢᠵᠦ ᠠᠷᠪᠠᠨ ᠳᠥᠷᠪᠡᠨ ᠵᠡᠭᠦᠦ ᠤᠶᠤᠭᠰᠠᠨ ᠮᠥᠷᠲᠡᠭᠡᠨ ᠮᠡᠰᠡ ᠵᠠᠰᠠᠯ ᠬᠢᠭᠰᠡᠨ ᠤ ᠬᠢᠨᠢ ᠬᠠᠵᠠᠭᠤ ᠳᠤ ᠪᠠᠰᠠ ᠨᠢᠭᠡ | ᠵᠢᠭᠠᠬᠠᠨ ᠤᠭᠲᠤᠯᠵᠤ ᠨᠡᠭᠡᠭᠡᠭᠰᠡᠨ ᠪᠠᠶᠢᠪᠠ ᠭᠡᠨ᠎ᠡ᠃ | ᠳᠠᠷᠠᠭ᠎ᠠ ᠡᠳᠦᠷ ᠨᠢ ᠡᠭᠡᠴᠢ ᠮᠠᠨᠢ ᠨᠠᠳᠠ ᠳᠤ ᠪᠤᠭᠤᠷᠰᠤᠭ ᠬᠠᠭᠠᠷᠢᠵᠤ ᠥᠭᠭᠦᠭᠡᠳ᠄ ︽ᠬᠡᠳᠦᠭᠦᠯᠡ ᠮᠥᠮᠦ ᠶᠢᠨ ᠰᠤᠷᠠᠭ ᠴᠢᠮᠡᠭᠡ ᠶᠢ ᠰᠤᠨᠤᠰᠴᠤ ᠰᠡᠳᠬᠢᠯ | ᠰᠠᠨᠠᠭ᠎ᠠ ᠴᠦ ᠵᠢᠭᠠᠬᠠᠨ ᠳᠤᠭᠲᠠᠯᠠ︕ ᠳᠡᠭᠦᠦ ᠮᠢᠨᠢ ᠤᠳᠤ ᠰᠠᠨᠠᠭ᠎ᠠ ᠵᠤᠪᠠᠯ ᠦᠭᠡᠢ ᠰᠤᠷᠭᠠᠭᠤᠯᠢ ᠳᠠᠭᠠᠨ ᠪᠤᠴᠠᠵᠤ ᠪᠢᠴᠢᠭ ᠢᠶᠠᠨ ᠰᠠᠶᠢᠨ ᠰᠤᠷ︾ ᠭᠡᠵᠦ | ᠢᠳᠬᠠᠪᠠ᠃ ᠪᠢ ᠰᠤᠷᠭᠠᠭᠤᠯᠢ ᠳᠠᠭᠠᠨ ᠪᠤᠴᠠᠭᠰᠠᠨ ᠤ ᠳᠠᠷᠠᠭ᠎ᠠ ᠡᠳᠦᠷᠵᠢᠨ ᠮᠥᠮᠦ ᠪᠠᠨ ᠨᠢᠭᠡ ᠡᠷᠭᠢᠭᠡᠳ ᠦᠵᠡᠴᠢᠭᠡᠪᠡᠯ ᠳ᠋ᠠ ᠭᠡᠵᠦ ᠭᠡᠴᠢᠨᠡᠭᠡᠨ ᠪᠤᠳᠤᠭᠰᠠᠨ ᠴᠦ | ᠵᠠᠮ ᠬᠤᠯᠠ᠂ ᠨᠠᠳᠠ ᠳᠤ ᠵᠠᠮ ᠤᠨ ᠵᠤᠭᠤᠰ ᠴᠦ ᠦᠭᠡᠢ ᠪᠤᠯᠬᠤᠯᠠᠷ᠂ ᠬᠥᠨᠵᠢᠯᠡ ᠳᠤᠲᠤᠷ᠎ᠠ ᠪᠠᠨ ᠬᠡᠪᠲᠡᠴᠢᠭᠡᠬᠡᠳ ᠰᠡᠮᠡᠭᠡᠷ ᠤᠬᠢᠯᠠᠭᠠᠳ ᠯᠠ ᠪᠠᠶᠢᠭᠰᠠᠨ ᠶᠤᠮ᠃ | ᠡᠨᠡ ᠬᠦ ᠤᠴᠢᠷ ᠨᠠᠳᠠ ᠳᠤ ᠠᠪᠴᠤ ᠬᠡᠯᠡᠪᠡᠯ ᠨᠢᠭᠡ ᠨᠠᠰᠤᠨ ᠤ ᠬᠠᠷᠠᠮᠰᠠᠯ ᠪᠤᠯᠤᠭᠰᠠᠨ ᠨᠢ ᠦᠨᠡᠨ︕ | ᠮᠥᠮᠦ ᠮᠢᠨᠢ ᠶᠡᠷᠦ ᠠᠴᠠ ᠰᠠᠨᠠᠭ᠎ᠠ ᠰᠡᠳᠬᠢᠯ ᠠᠭᠤᠵᠢᠮ ᠲᠥᠪᠯᠡᠭᠦᠬᠡᠨ ᠪᠠᠶᠢᠵᠤ᠂ ᠲᠤᠮᠤᠭᠠᠲᠠᠢ ᠬᠡᠳᠦᠨ ᠬᠡᠦᠬᠡᠳ ᠤᠨ ᠢᠶᠠᠨ ᠬᠠᠶᠢᠷ᠎ᠠ ᠬᠠᠷᠠᠭᠠᠯᠵᠠᠯ ᠢ | ᠬᠦᠷᠲᠡᠨ ᠦᠨᠳᠦᠷ ᠨᠠᠰᠤᠯᠠᠨ ᠵᠢᠷᠭᠠᠯᠲᠠᠢ ᠰᠠᠶᠢᠬᠠᠨ ᠠᠮᠢᠳᠤᠷᠠᠵᠤ᠂ ᠪᠢᠳᠠᠨᠤᠰ ᠲᠠᠢ ᠪᠠᠨ ᠪᠠᠷᠠᠳᠠᠵᠤ᠂ ᠬᠤᠷᠢᠨ ᠨᠢᠭᠡᠳᠦᠭᠡᠷ ᠵᠠᠭᠤᠨ ᠤ ᠰᠠᠶᠢᠨ ᠰᠠᠶᠢᠬᠠᠨ ᠵᠢᠷᠭᠠᠯᠲᠤ | ᠠᠮᠢᠳᠤᠷᠠᠯ ᠢ ᠡᠳ᠋ᠯᠡᠵᠦ ᠪᠠᠶᠢᠬᠤ ᠨᠢ ᠦᠷᠡᠰ ᠪᠢᠳᠠᠨ ᠤ ᠥᠨᠥᠳᠥᠷ ᠤᠨ ᠤᠮᠤᠭᠰᠢᠯ ᠰᠢᠦ︕ | ᠲᠡᠷᠡ ᠦᠶ᠎ᠡ ᠳᠤ ᠪᠢᠳᠠᠨ ᠤ ᠰᠤᠶᠤᠯ ᠤᠨ ᠠᠮᠢᠳᠤᠷᠠᠯ ᠳᠠᠩᠴᠤ ᠳᠠᠴᠢᠷᠬᠠᠨ ᠪᠠᠶᠢᠵᠤ᠂ ᠦᠵᠡᠵᠦ ᠰᠤᠨᠢᠷᠬᠠᠬᠤ ᠶᠠᠭᠤᠮ᠎ᠠ ᠪᠠᠷᠤᠭ ᠠᠯᠠᠭ᠎ᠠ᠃ ᠪᠠᠷᠢᠭᠠᠳᠠ ᠶᠢᠨ | ᠬᠥᠳᠡᠯᠮᠦᠷᠢ ᠶᠢᠨ ᠲᠠᠯᠠᠪᠠᠢ ᠳᠤ ᠬᠦᠵᠦᠷ ᠨᠠᠭᠠᠳᠬᠤ᠂ ᠪᠥᠬᠡ ᠪᠠᠷᠢᠯᠳᠤᠬᠤ᠂ ᠭᠠᠷ ᠡᠷᠭᠢᠭᠦᠯᠦᠨ ᠮᠥᠷᠥᠶᠢᠴᠡᠬᠦ ᠪᠤᠯ ᠳᠤᠬᠠᠢ ᠶᠢᠨ ᠦᠶ᠎ᠡ ᠶᠢᠨ ᠬᠠᠮᠤᠭ ᠤᠨ ᠶᠡᠭᠡ | ᠰᠤᠶᠤᠯ ᠤᠨ ᠠᠮᠢᠳᠤᠷᠠᠯ ᠪᠤᠯᠤᠭᠠᠳ ᠪᠠᠶᠢᠪᠠ᠃ ᠬᠠᠶᠠ ᠪᠠᠰᠠ ᠨᠢᠭᠡ ᠺᠢᠨᠤ ᠤᠯᠵᠤ ᠦᠵᠡᠳᠡᠭ᠃ | ᠳᠡᠯᠭᠡᠭᠦᠷ ᠬᠤᠷᠰᠢᠶᠠᠨ ᠳᠤ ᠬᠦᠵᠦᠷ ᠠᠯᠠᠭ᠎ᠠ ᠪᠠᠶᠢᠭᠰᠠᠨ ᠶᠤᠮ ᠤᠤ᠂ ᠪᠢᠳᠠ ᠬᠤᠳᠠᠯᠳᠤᠨ ᠠᠪᠬᠤ ᠵᠤᠭᠤᠰ ᠦᠭᠡᠢ ᠪᠠᠶᠢᠭᠰᠠᠨ ᠪᠢᠯᠡ ᠤᠤ᠂ ᠦᠷᠭᠦᠯᠵᠢ ᠬᠠᠲᠠᠭᠤ | ᠶᠠᠰᠢᠯ ᠤᠨ ᠮᠤᠳᠤ ᠪᠠᠷ ᠤᠷᠠᠯᠠᠵᠤ ᠰᠡᠶᠢᠯᠦᠭᠰᠡᠨ ᠰᠡᠶᠢᠯᠦᠮᠡᠯ ᠬᠡᠪ ᠢᠶᠠᠨ ᠤᠯᠠᠭᠠᠨ᠂ ᠬᠥᠬᠡ ᠬᠤᠶᠠᠷ ᠥᠩᠭᠡ ᠶᠢᠨ ᠪᠤᠳᠤᠭ ᠲᠤ ᠳᠦᠷᠢᠵᠦ᠂ ᠬᠦᠵᠦᠷ ᠲᠠᠢ ᠠᠳᠠᠯᠢ | ᠬᠡᠪ ᠤᠨ ᠬᠠᠲᠠᠭᠤ ᠴᠠᠭᠠᠰᠤᠨ ᠬᠠᠪᠲᠠᠰᠤᠨ ᠳᠡᠭᠡᠷ᠎ᠡ ᠤᠷᠠᠯᠠᠵᠤ ᠬᠢᠭᠰᠡᠨ ᠪᠦᠳᠦᠭᠦᠯᠢᠭ ᠵᠤᠬᠢᠶᠠᠮᠠᠯ ᠬᠦᠵᠦᠷ ᠢᠶᠠᠷ ᠨᠠᠭᠠᠳᠳᠠᠭ ᠪᠠᠶᠢᠪᠠ᠃ ᠰᠠᠶᠢᠬᠠᠨ ᠬᠦᠵᠦᠷ ᠲᠠᠢ | ᠬᠦᠮᠦᠨ ᠤᠯᠠᠨ ᠬᠦᠮᠦᠨ ᠢᠶᠠᠷ ᠭᠤᠶᠤᠯᠭᠠᠨᠠ᠃ ᠪᠢᠳᠠ ᠲᠡᠷᠡ ᠬᠦᠵᠦᠷ ᠢ ᠨᠢ ᠵᠢᠭᠡᠯᠡᠬᠦ ᠭᠡᠵᠦ ᠴᠠᠢ ᠤᠰᠤ ᠶᠢ ᠨᠢ ᠵᠥᠭᠡᠭᠡᠵᠦ ᠠᠪᠴᠢᠷᠠᠳᠠᠭ᠃ | ᠪᠢᠳᠠ ᠵᠢᠭᠠᠬᠠᠨ ᠴᠢᠯᠦᠭᠡ ᠭᠠᠷᠪᠠᠯ ᠪᠠᠷᠢᠯᠳᠤᠨ᠎ᠠ᠃ ᠪᠠᠷᠢᠯᠳᠤᠵᠤ ᠪᠠᠶᠢᠭᠠᠳ ᠬᠤᠪᠴᠠᠰᠤ ᠪᠠᠨ ᠤᠷᠠᠭᠤᠯᠴᠢᠬᠠᠪᠠᠯ ᠬᠠᠶᠠ ᠵᠤᠳᠤᠯᠳᠠᠳᠠᠭ ᠤᠴᠢᠷ ᠴᠦ ᠭᠠᠷᠳᠠᠭ | ᠃ ᠲᠡᠷᠡ ᠦᠶ᠎ᠡ ᠨᠢᠭᠡ ᠵᠠᠬ᠎ᠠ ᠬᠤᠪᠴᠠᠰᠤ ᠬᠢᠵᠦ ᠠᠪᠬᠤ ᠭᠡᠭᠴᠢ ᠠᠮᠠᠷ ᠦᠭᠡᠢ ᠰᠢᠦ᠃ | ᠪᠢ ᠪᠠᠭ᠎ᠠ ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠬᠤᠶᠠᠷ ᠤᠳᠠᠭ᠎ᠠ ᠰᠢᠷᠬᠠᠳᠤᠵᠤ ᠥᠩᠭᠡᠷᠡᠪᠡ᠃ ᠭᠤᠷᠪᠠᠳᠤᠭᠠᠷ ᠤᠨ ᠳᠤ ᠪᠠᠶᠢᠬᠤ ᠳᠠᠭᠠᠨ | ᠰᠤᠷᠭᠠᠭᠤᠯᠢ ᠶᠢᠨ ᠰᠠᠭᠰᠤᠨ ᠪᠥᠮᠪᠦᠭᠡ ᠶᠢᠨ ᠲᠠᠯᠠᠪᠠᠢ ᠳᠤ ᠬᠡᠳᠦᠨ ᠰᠤᠷᠤᠭᠴᠢ ᠨᠥᠬᠦᠳ ᠲᠠᠢ ᠪᠠᠨ ᠳᠠᠷᠤᠴᠢᠵᠤ ᠤᠶᠢᠴᠢᠭᠠᠳ ᠵᠡᠭᠦᠨ ᠮᠥᠷᠥᠨ ᠤ ᠳᠠᠮᠵᠢᠭᠤᠷᠭᠠ | ᠶᠢᠨ ᠶᠠᠰᠤ ᠪᠠᠨ ᠭᠡᠮᠲᠦᠭᠡᠵᠦ᠂ ᠬᠡᠳᠦᠶᠢᠪᠡᠷ ᠠᠷᠪᠠᠭᠠᠳ ᠡᠳᠦᠷ ᠬᠤᠪᠴᠠᠰᠤ ᠪᠠᠨ ᠡᠮᠦᠰᠴᠦ ᠲᠠᠶᠢᠯᠵᠤ ᠴᠢᠳᠠᠬᠤ ᠦᠭᠡᠢ ᠪᠤᠯᠪᠠᠴᠤ ᠪᠠᠭᠰᠢ ᠪᠠ ᠬᠠᠮᠲᠤ ᠨᠥᠬᠦᠳ | ᠠᠴᠠ ᠪᠠᠨ ᠨᠢᠭᠤᠵᠤ᠂ ᠡᠴᠦᠰ ᠲᠡᠭᠡᠨ ᠮᠠᠨ ᠤ ᠪᠠᠶᠢᠷᠢ ᠶᠢᠨ ᠨᠢᠭᠡ ᠰᠤᠷᠤᠭᠴᠢ ᠠᠩᠭᠢ ᠶᠢᠨ ᠪᠠᠭᠰᠢ ᠳᠤ ᠮᠡᠳᠡᠭᠳᠡᠭᠰᠡᠨ ᠠᠴᠠ ᠪᠢ ᠵᠸᠦ ᠪᠠᠭᠰᠢ ᠠᠴᠠ ᠪᠠᠨ ᠨᠢᠭᠡ | ᠭᠠᠷᠠᠭ ᠤᠨ ᠴᠢᠯᠦᠭᠡ ᠭᠤᠶᠤᠵᠤ ᠭᠡᠷ ᠲᠡᠭᠡᠨ ᠬᠠᠷᠢᠵᠤ᠂ ᠵᠢᠷᠠᠨ ᠨᠠᠰᠤᠲᠠᠢ ᠯᠠᠮᠠ ᠠᠪᠤ ᠮᠢᠨᠢ ᠳᠠᠷᠤᠶᠢᠬᠠᠨ ᠡᠮᠨᠡᠵᠦ ᠡᠳᠡᠭᠡᠷᠡᠭᠦᠯᠦᠭᠰᠡᠨ ᠪᠢᠯᠡ᠃ ᠪᠠᠰᠠ ᠨᠢᠭᠡ ᠤᠳᠠᠭ᠎ᠠ | ᠨᠢ ᠳᠥᠷᠪᠡᠳᠦᠭᠡᠷ ᠤᠨ ᠳᠤ ᠰᠤᠷᠤᠯᠴᠠᠵᠤ ᠪᠠᠶᠢᠬᠤ ᠳᠤ ᠵᠤᠨ ᠤ ᠴᠢᠯᠦᠭᠡ ᠪᠠᠷ ᠪᠠᠷᠢᠭᠠᠳᠠ ᠶᠢᠨ ᠬᠥᠳᠡᠯᠮᠦᠷᠢ ᠶᠢᠨ ᠲᠠᠯᠠᠪᠠᠢ ᠳᠤ ᠵᠠᠯᠠᠭᠤᠴᠤᠳ ᠲᠠᠢ ᠭᠠᠷ | ᠡᠷᠭᠢᠭᠦᠯᠦᠨ ᠮᠥᠷᠥᠶᠢᠴᠡᠵᠦ ᠪᠠᠶᠢᠭᠠᠳ ᠵᠡᠭᠦᠨ ᠭᠠᠷ ᠤᠨ ᠳᠤᠤᠷᠠᠳᠤ ᠦᠶ᠎ᠡ ᠪᠠᠨ ᠭᠡᠮᠲᠦᠭᠡᠴᠢᠭᠡᠪᠡ᠃ ᠪᠠᠰᠠ ᠯᠠᠮᠠ ᠠᠪᠤ ᠮᠢᠨᠢ ᠮᠢᠨᠤ ᠶᠠᠰᠤ ᠶᠢ ᠪᠤᠭᠤᠵᠤ | ᠡᠳᠡᠭᠡᠷᠡᠭᠦᠯᠦᠭᠰᠡᠨ ᠰᠢᠦ᠃ | ᠪᠢ ᠪᠠᠭ᠎ᠠ ᠰᠤᠷᠭᠠᠭᠤᠯᠢ ᠲᠡᠭᠦᠰᠦᠭᠰᠡᠨ ᠲᠡᠷᠡ ᠨᠠᠮᠤᠷ ᠤᠨ ᠡᠬᠢᠨ ᠤ ᠨᠢᠭᠡᠨ ᠡᠳᠦᠷ ᠶᠤᠮᠰᠠᠨ᠃ ᠪᠠᠷᠢᠭᠠᠳᠠ ᠶᠢᠨ ᠳᠤᠬᠢᠷᠠᠭᠤᠯᠭ᠎ᠠ ᠶᠤᠰᠤᠭᠠᠷ ᠪᠢ ᠤᠰᠤᠨ | ᠴᠥᠬᠦᠷᠥᠮ ᠮᠠᠯᠲᠠᠬᠤ ᠬᠥᠳᠡᠯᠮᠦᠷᠢ ᠳᠤ ᠤᠷᠤᠯᠴᠠᠬᠤ ᠪᠠᠷ ᠬᠦᠷᠵᠡ ᠪᠠᠨ ᠮᠥᠷᠥᠯᠡᠭᠡᠳ ᠬᠥᠳᠡᠯᠮᠦᠷᠢ ᠶᠢᠨ ᠲᠠᠯᠠᠪᠠᠢ ᠳᠤ ᠤᠴᠢᠪᠠ᠃ ᠪᠠᠷᠢᠭᠠᠳᠠ ᠶᠢᠨ ᠳᠠᠷᠤᠭ᠎ᠠ ᠠᠴᠠ | ᠠᠷᠪᠠᠭᠠᠳ ᠬᠦᠮᠦᠨ ᠳᠤ ᠪᠦᠷ ᠠᠳᠠᠯᠢᠬᠠᠨ ᠬᠡᠮᠵᠢᠶ᠎ᠡ ᠲᠠᠢ ᠭᠠᠵᠠᠷ ᠠᠯᠳᠠᠯᠠᠨ ᠬᠤᠪᠢᠶᠠᠵᠤ᠂ ᠤᠯᠭᠤᠵᠤ ᠥᠭᠬᠦ ᠬᠤᠪᠢ ᠶᠢ ᠨᠢ ᠴᠦ ᠪᠦᠷ ᠳᠤᠭᠲᠠᠭᠠᠭᠰᠠᠨ ᠪᠠᠶᠢᠯ᠎ᠠ᠃ | ᠲᠡᠷᠡ ᠤᠳᠠᠭ᠎ᠠ ᠪᠢ ᠠᠮᠠᠷᠠᠯᠭᠠ ᠦᠭᠡᠢ ᠪᠠᠷ ᠬᠤᠪᠢᠶᠠᠷᠢᠯᠠᠵᠤ ᠠᠪᠤᠭᠰᠠᠨ ᠤᠰᠤᠨ ᠴᠥᠬᠦᠷᠥᠮ ᠮᠠᠯᠲᠠᠬᠤ ᠡᠭᠦᠷᠭᠡ ᠪᠠᠨ ᠬᠠᠮᠤᠭ ᠤᠨ ᠲᠦᠷᠦᠭᠦᠨ ᠳᠤᠨᠢ | ᠪᠡᠶᠡᠯᠡᠭᠦᠯᠴᠢᠬᠡᠭᠡᠳ ᠪᠠᠭ᠎ᠠ ᠪᠠᠷᠢᠭᠠᠳᠠ ᠶᠢᠨ ᠳᠠᠷᠤᠭ᠎ᠠ ᠪᠠᠷ ᠰᠢᠯᠭᠠᠭᠤᠯᠤᠨ ᠬᠤᠷᠢᠶᠠᠯᠭᠠᠭᠰᠠᠨ ᠳᠤ᠂ ᠮᠢᠨᠤ ᠮᠠᠯᠲᠠᠭᠰᠠᠨ ᠲᠡᠷᠡ ᠬᠦ ᠭᠡᠰᠡᠭ ᠤᠰᠤᠨ ᠴᠥᠬᠦᠷᠥᠮ | ᠱᠠᠭᠠᠷᠳᠠᠯᠭ᠎ᠠ ᠳᠤ ᠨᠡᠶᠢᠴᠡᠵᠦ ᠡᠭᠦᠷᠭᠡ ᠪᠠᠨ ᠭᠦᠢᠴᠡᠳ ᠪᠡᠶᠡᠯᠡᠭᠦᠯᠦᠭᠰᠡᠨ ᠪᠠᠶᠢᠯ᠎ᠠ᠃ ᠭᠡᠪᠡᠴᠦ ᠶᠡᠭᠡ ᠪᠠᠷᠢᠭᠠᠳᠠ ᠶᠢᠨ ᠳᠠᠷᠤᠭ᠎ᠠ ᠲᠤᠬᠠᠢ ᠶᠢᠨ ᠴᠠᠭ ᠲᠤ ᠪᠠᠰᠠ ᠶᠠᠭᠤ | ᠪᠤᠳᠤᠯᠬᠢᠯᠠᠵᠤ ᠤᠤᠯ ᠤᠨ ᠳᠤᠭᠲᠠᠭᠠᠯ ᠢᠶᠠᠨ ᠬᠤᠪᠢᠷᠠᠭᠠᠭᠰᠠᠨ ᠢ ᠪᠤᠤ ᠮᠡᠳᠡ᠂ ᠬᠠᠷᠢᠨ ᠬᠡᠳᠦᠶᠢᠪᠡᠷ ᠡᠭᠦᠷᠭᠡ ᠪᠠᠨ ᠪᠡᠶᠡᠯᠡᠭᠦᠯᠦᠭᠰᠡᠨ ᠪᠤᠯᠪᠠᠴᠤ ᠦᠷᠭᠦᠯᠵᠢᠯᠡᠨ | ᠪᠤᠰᠤᠳ ᠢ ᠬᠠᠪᠰᠤᠷᠴᠤ ᠪᠥᠬᠦᠨ ᠢ ᠮᠠᠯᠲᠠᠵᠤ ᠪᠠᠷᠠᠮᠠᠨᠵᠢᠨ ᠰᠠᠶ᠋ᠢ ᠪᠥᠷᠢᠨ ᠭᠦᠢᠴᠡᠳ ᠬᠤᠪᠢ ᠤᠯᠭᠤᠨ᠎ᠠ ᠭᠡᠵᠦ ᠨᠠᠳᠠ ᠳᠤ ᠨᠢᠳᠦ ᠪᠦᠯᠲᠡᠶᠢᠪᠡ᠃ ᠪᠢ ᠳᠠᠷᠤᠭ᠎ᠠ | ᠶᠢᠨ ᠥᠭᠡᠳᠡ ᠠᠴᠠ᠄ ︽ᠡᠨᠡ ᠴᠢᠨᠢ ᠶᠠᠮᠠᠷ ᠤᠬᠠᠭᠠᠨ ᠲᠠᠢ ᠪᠤᠯᠴᠢᠬᠠᠪᠠ︖ ᠬᠤᠪᠢᠶᠠᠷᠢᠯᠠᠨ ᠳᠠᠭᠠᠭᠠᠴᠢᠯᠠᠵᠤ ᠠᠪᠤᠭᠰᠠᠨ ᠡᠭᠦᠷᠭᠡ ᠪᠠᠨ ᠪᠡᠶᠡᠯᠡᠭᠦᠯᠴᠢᠭᠡᠪᠡᠯ ᠤᠯᠬᠤ | ᠶᠤᠰᠤᠲᠠᠢ ᠬᠤᠪᠢ ᠪᠠᠨ ᠤᠯᠤᠨ᠎ᠠ ᠭᠡᠰᠡᠨ ᠪᠢᠰᠢ ᠤᠤ︖ ᠬᠡᠷᠪᠡ ᠪᠢ ᠪᠠᠰᠠ ᠪᠤᠰᠤᠳ ᠢ ᠬᠠᠪᠰᠤᠷᠴᠤ ᠮᠠᠯᠲᠠᠪᠠᠯ ᠨᠠᠳᠠ ᠳᠤ ᠠᠰ ᠲᠠᠭᠠᠨ ᠬᠤᠪᠢ ᠨᠡᠮᠡᠵᠦ ᠥᠭᠬᠦ | ᠶᠤᠰᠤᠲᠠᠢ︾ ᠭᠡᠰᠡᠨ ᠳᠤ᠂ ᠲᠡᠷᠡ ᠳᠠᠷᠤᠭ᠎ᠠ ᠨᠠᠮᠠᠢᠢ᠄ ︽ᠴᠢ ᠮᠠᠯᠲᠠᠳᠠᠭ ᠢᠶᠠᠷ ᠢᠶᠠᠨ ᠮᠠᠯᠲᠠ︕ ᠪᠤᠷᠪᠢ ᠶᠢᠨ ᠴᠢᠨᠢ ᠪᠠᠭᠠᠰᠤ ᠬᠠᠲᠠᠭᠠᠳᠤᠢ ᠪᠠᠶᠢᠭᠠᠳ ᠴᠢ ᠪᠠᠰᠠ | ᠶᠠᠭᠠᠬᠢᠬᠤ ᠰᠠᠨᠠᠭ᠎ᠠ ᠲᠠᠢ ᠶᠤᠮ︕ ᠬᠡᠨ ᠲᠠᠨᠤᠰ ᠲᠤ ᠮᠠᠯᠲᠠᠬᠤ ᠭᠠᠵᠠᠷ ᠢ ᠬᠡᠮᠵᠢᠵᠦ ᠥᠭᠪᠡ︖︾ ᠭᠡᠵᠦ ᠬᠡᠯᠡᠭᠰᠡᠨ ᠦᠭᠡ ᠪᠠᠨ ᠵᠠᠯᠭᠢᠵᠤ ᠰᠦᠷᠲᠡᠢ ᠤᠮᠤᠭᠳᠠᠪᠠ | ᠃ | ᠡᠨᠡ ᠪᠡᠶ᠎ᠡ ᠮᠢᠨᠢ ᠨᠢᠭᠡᠨᠲᠡ ᠡᠷ᠎ᠡ ᠶᠢᠨ ᠴᠡᠭᠡᠯ ᠳᠤ ᠬᠦᠷᠴᠡᠢ᠃ ᠵᠢᠯ ᠳᠤᠷᠰᠢ ᠪᠠᠷ ᠬᠦᠨᠳᠦ ᠠᠵᠢᠯ ᠬᠥᠳᠡᠯᠮᠦᠷᠢ ᠠᠴᠠ ᠰᠠᠯᠳᠠᠭ ᠦᠭᠡᠢ᠂ ᠶᠡᠭᠡ ᠬᠦᠮᠦᠰ ᠪᠦᠷ | ᠨᠠᠳᠠ ᠲᠠᠢ ᠲᠡᠩᠴᠡᠵᠦ ᠳᠡᠶᠢᠯᠬᠦ ᠪᠠᠨ ᠪᠠᠶᠢᠵᠠᠢ ᠭᠡᠵᠦ ᠪᠢ ᠰᠡᠳᠬᠢᠯ ᠳᠤᠲᠤᠷ᠎ᠠ ᠪᠠᠨ ᠪᠤᠳᠤᠵᠤ ᠠᠪᠤᠭᠠᠳ ᠳᠠᠬᠢᠵᠤ ᠲᠡᠷᠡ ᠵᠢᠭᠠᠬᠠᠨ ᠵᠡᠷᠭᠡ ᠳᠤᠰᠢᠶᠠᠯ ᠲᠠᠢ ᠳᠠᠷᠤᠭ᠎ᠠ | ᠶᠢᠨ ᠡᠮᠦᠨ᠎ᠡ ᠠᠴᠠ ᠦᠭᠡ ᠵᠥᠷᠢᠭᠰᠡᠨ ᠦᠭᠡᠢ᠂ ᠬᠠᠷᠢᠨ ᠬᠤᠪᠴᠠᠰᠤ ᠪᠠᠨ ᠮᠥᠷᠥᠨ ᠳᠡᠭᠡᠷ᠎ᠡ ᠪᠠᠨ ᠳᠤᠬᠤᠴᠢᠬᠠᠭᠠᠳ ᠭᠡᠷ ᠲᠡᠭᠡᠨ ᠬᠠᠷᠢᠭᠠᠳ ᠶᠠᠪᠤᠴᠢᠬᠠᠭᠰᠠᠨ ᠪᠢᠯᠡ | ᠃ | ᠡᠨᠡ ᠪᠤᠯ ᠮᠢᠨᠤ ᠶᠡᠭᠡ ᠬᠠᠮᠲᠤ ᠶᠢᠨ ᠦᠶᠡᠰ ᠤᠨ ᠨᠤᠲᠤᠭ ᠤᠨ ᠬᠥᠳᠡᠯᠮᠦᠷᠢ ᠳᠤ ᠤᠷᠤᠯᠴᠠᠭᠰᠠᠨ ᠬᠠᠮᠤᠭ ᠤᠨ ᠰᠡᠭᠦᠯᠴᠢ ᠶᠢᠨ ᠤᠳᠠᠭ᠎ᠠ ᠶᠤᠮᠰᠠᠨ᠃ ᠮᠢᠨᠤ | ᠬᠡᠦᠬᠡᠳ ᠤᠨ ᠦᠶ᠎ᠡ ᠴᠦ ᠮᠥᠨ ᠡᠨᠡ ᠤᠳᠠᠭᠠᠨ ᠤ ᠤᠰᠤᠨ ᠴᠥᠬᠦᠷᠥᠮ ᠮᠠᠯᠲᠠᠭᠰᠠᠨ ᠬᠥᠳᠡᠯᠮᠦᠷᠢ ᠪᠠᠷ ᠡᠴᠦᠰᠯᠡᠭᠰᠡᠨ ᠭᠡᠵᠦ ᠪᠢ ᠬᠡᠵᠢᠶᠡᠳᠡ ᠪᠤᠳᠤᠵᠤ ᠶᠠᠪᠤᠳᠠᠭ᠃ | ᠮᠥᠨ ᠴᠦ ᠲᠡᠷᠡ ᠦᠶ᠎ᠡ ᠠᠴᠠ ᠡᠬᠢᠯᠡᠨ ᠪᠢ ᠪᠠᠰᠠ ᠢᠳᠡᠭ ᠢᠳᠡᠭ ᠢᠶᠠᠷ ᠪᠤᠰᠤᠳ ᠲᠠᠢ ᠠᠲᠠᠭᠠᠷᠬᠠᠬᠤ ᠰᠡᠳᠬᠢᠯ ᠲᠠᠢ ᠪᠤᠯᠤᠭᠰᠠᠨ ᠪᠥᠭᠡᠳ ᠬᠦᠮᠦᠨ ᠳᠤ ᠶᠡᠷᠦ ᠨᠢ | ᠬᠡᠯᠡᠭᠳᠡᠬᠦ ᠳᠤᠷ᠎ᠠ ᠦᠭᠡᠢ᠂ ᠥᠪᠡᠷ ᠤᠨ ᠪᠡᠶ᠎ᠡ ᠳᠡᠭᠡᠨ ᠨᠡᠩ ᠢᠯᠡᠭᠦᠦ ᠴᠢᠩᠭ᠎ᠠ ᠱᠠᠭᠠᠷᠳᠠᠯᠭ᠎ᠠ ᠲᠠᠯᠪᠢᠵᠤ ᠶᠠᠪᠤᠳᠠᠭ ᠪᠤᠯᠤᠭᠰᠠᠨ ᠨᠢ ᠦᠨᠡᠨ᠃ | ᠭᠤᠷᠪᠠ | 1974 ᠤᠨ ᠤ ᠨᠠᠮᠤᠷ ᠤᠨ ᠨᠢᠭᠡᠨ ᠡᠳᠦᠷ᠂ ᠪᠢ ᠠᠩᠬ᠎ᠠ ᠤᠳᠠᠭ᠎ᠠ ᠰᠠᠭᠤᠳᠠᠯ ᠤᠨ ᠮᠠᠰᠢᠨ ᠲᠡᠷᠭᠡᠨ ᠳᠤ ᠰᠠᠭᠤᠵᠤ᠂ 1937 ᠤᠨ ᠳᠤ ᠵᠠᠮᠢᠶᠠᠩᠰᠢᠷᠠᠪ ︵ | ᠵᠠᠩ ᠸᠧᠨ ᠰᠢᠤᠸᠠᠨ︶ ᠰᠧᠯᠢᠩ ᠤᠨ ᠠᠷᠠᠯ ᠤᠨ ᠰᠥᠮ᠎ᠡ ᠳᠡᠭᠡᠷ᠎ᠡ ᠥᠪᠡᠷ ᠤᠨ ᠪᠡᠶ᠎ᠡ ᠪᠠᠷ ᠢᠶᠠᠨ ᠪᠠᠶᠢᠭᠤᠯᠤᠭᠰᠠᠨ ᠤᠲᠤᠭ ᠬᠤᠰᠢᠭᠤᠨ ᠤ ᠠᠩᠬᠠᠨ ᠤ ᠮᠤᠩᠭᠤᠯ | ᠰᠤᠷᠭᠠᠭᠤᠯᠢ ᠪᠤᠯᠬᠤ ᠠᠷᠠᠯ ᠤᠨ ᠰᠤᠷᠭᠠᠭᠤᠯᠢ᠂ ᠮᠥᠨ ᠴᠦ ᠲᠤᠬᠠᠢ ᠶᠢᠨ ᠦᠶ᠎ᠡ ᠶᠢᠨ ᠤᠲᠤᠭ ᠬᠤᠰᠢᠭᠤᠨ ᠤ ᠭᠤᠷᠪᠠᠳᠤᠭᠠᠷ ᠳᠤᠮᠳᠠᠳᠤ ᠰᠤᠷᠭᠠᠭᠤᠯᠢ ᠶᠢᠨ ᠠᠯᠲᠠᠨ | ᠪᠤᠱᠤᠭ᠎ᠠ ᠶᠢ ᠠᠯᠬᠤᠯ᠎ᠠ᠃ ᠡᠨᠡ ᠬᠦ ᠠᠷᠠᠯ ᠤᠨ ᠰᠥᠮ᠎ᠡ ᠶᠢᠨ ᠲᠤᠮᠤ ᠬᠠᠶᠢᠰᠠᠩ ᠤᠨ ᠬᠦᠷᠢᠶᠡᠨ ᠳᠤᠲᠤᠷᠠᠬᠢ ᠰᠤᠷᠭᠠᠭᠤᠯᠢ ᠭᠡᠭᠴᠢ ᠨᠡᠭᠡᠷᠡᠨ ᠠᠷᠠᠳ ᠤᠨ ᠬᠡᠦᠬᠡᠳ ᠢ | ᠭᠠᠷ ᠠᠪᠤᠯᠭ᠎ᠠ ᠲᠠᠢ ᠰᠠᠶᠢᠨ ᠳᠠᠪᠲᠠᠨ ᠪᠤᠯᠪᠠᠰᠤᠷᠠᠭᠤᠯᠵᠤ᠂ ᠰᠤᠶᠤᠯ ᠡᠷᠳᠡᠮ ᠢ ᠰᠢᠮᠲᠠᠨ ᠰᠤᠷᠭᠠᠳᠠᠭ ᠰᠤᠷᠭᠠᠭᠤᠯᠢ ᠪᠠᠶᠢᠯ᠎ᠠ᠃ | ᠲᠤᠬᠠᠢ ᠶᠢᠨ ᠦᠶ᠎ᠡ ᠳᠤ ᠤᠲᠤᠭ ᠬᠤᠰᠢᠭᠤᠨ ᠤ ᠤᠯᠠᠭᠠᠨᠪᠠᠯᠭᠠᠰᠤ ᠠᠴᠠ ᠤᠷᠳᠤ ᠪᠡᠶ᠎ᠡ ᠶᠢᠨ ᠪᠤᠷᠤᠪᠠᠯᠭᠠᠰᠤ ᠥᠭᠡᠳᠡ ᠶᠠᠪᠤᠳᠠᠭ ᠰᠠᠭᠤᠳᠠᠯ ᠤᠨ ᠮᠠᠰᠢᠨ | ᠲᠡᠷᠭᠡ ᠬᠤᠤᠰ ᠡᠳᠦᠷ ᠲᠤᠨᠢ ᠵᠤᠤᠬ᠎ᠠ ᠭᠦᠩᠱᠧ ᠪᠠᠷ ᠳᠠᠮᠵᠢᠭᠠᠳ ᠤᠷᠤᠭᠰᠢ ᠥᠩᠭᠡᠷᠡᠵᠦ᠂ ᠳᠠᠩ ᠡᠳᠦᠷ ᠲᠤᠨᠢ ᠬᠤᠶᠢᠰᠢ ᠪᠤᠴᠠᠳᠠᠭ ᠪᠠᠶᠢᠭᠰᠠᠨ᠃ ᠪᠢ | ᠪᠤᠷᠤᠪᠠᠯᠭᠠᠰᠤ᠂ ᠪᠤᠷᠤ ᠬᠤᠷᠠᠬᠤ᠂ ᠵᠤᠤᠬ᠎ᠠ ᠭᠦᠩᠱᠧ ᠬᠦᠷᠲᠡᠯ᠎ᠡ ᠪᠦᠷ ᠠᠯᠬᠤᠵᠤ ᠤᠴᠢᠭᠠᠳ ᠰᠠᠭᠤᠳᠠᠯ ᠤᠨ ᠮᠠᠰᠢᠨ ᠲᠡᠷᠭᠡᠨ ᠳᠤ ᠭᠠᠷᠳᠠᠭ᠃ ᠡᠨᠡ ᠭᠤᠷᠪᠠᠨ | ᠭᠠᠵᠠᠷ ᠠᠴᠠ ᠪᠦᠷ ᠰᠠᠭᠤᠵᠤ ᠳᠡᠶᠢᠯᠬᠦ ᠦᠭᠡᠢ ᠤᠳᠠᠭ᠎ᠠ ᠭᠠᠷᠴᠤ ᠥᠩᠭᠡᠷᠡᠭᠰᠡᠨ ᠶᠤᠮ᠃ ᠰᠠᠭᠤᠵᠤ ᠳᠡᠶᠢᠯᠬᠦ ᠦᠭᠡᠢ ᠪᠤᠯᠬᠤ ᠳᠤ ᠬᠡᠢ ᠨᠢ ᠲᠠᠯᠪᠢᠷᠠᠭᠰᠠᠨ ᠪᠥᠮᠪᠦᠭᠡ | ᠰᠢᠭ ᠳᠤᠤᠷ᠎ᠠ ᠨᠢ ᠨᠠᠪᠰᠠᠶᠢᠵᠤ ᠴᠢᠷᠠᠢ ᠮᠠᠭᠤᠳᠠᠳᠠᠭ᠃ ᠲᠡᠭᠡᠭᠡᠳ ᠬᠡᠳᠦᠭᠦᠯᠡ ᠪᠤᠯᠴᠢᠬᠠᠭᠠᠳ ᠵᠤᠷᠢᠭ ᠢᠶᠠᠨ ᠴᠢᠩᠭᠠᠯᠠᠭᠠᠳ ᠵᠠᠭᠤᠨ ᠬᠡᠳᠦᠨ ᠠᠷᠪᠠᠨ ᠭᠠᠵᠠᠷ ᠢ | ᠶᠠᠪᠠᠭᠠᠨ ᠢᠶᠠᠷ ᠠᠯᠬᠤᠳᠠᠭ ᠤᠳᠠᠭ᠎ᠠ ᠪᠠᠰᠠ ᠨᠡᠯᠢᠶᠡᠳ ᠬᠡᠲᠦ ᠭᠠᠷᠴᠠᠢ᠃ ᠡᠳᠦᠭᠡ ᠺᠠᠨᠠᠳᠠ ᠤᠯᠤᠰ ᠲᠤ ᠡᠷᠳᠡᠮᠲᠡᠨ ᠢᠶᠠᠷ ᠠᠵᠢᠯᠯᠠᠵᠤ ᠪᠠᠶᠢᠭ᠎ᠠ ᠦᠶᠡᠯᠢᠳ ᠠᠬ᠎ᠠ | ᠠᠷᠰᠯᠠᠨ ᠪᠤᠯᠤᠨ ᠨᠤᠲᠤᠭ ᠤᠨ ᠮᠢᠨᠢ ᠠᠬ᠎ᠠ ᠪᠤᠯᠬᠤ ᠳᠡᠭᠡᠳᠦ ᠠᠩᠭᠢ ᠶᠢᠨ ᠪᠠᠶᠠᠨᠴᠢᠯᠠᠭᠤ ᠲᠠᠢ ᠪᠠᠰᠠ ᠬᠤᠶᠠᠷ ᠤᠳᠠᠭ᠎ᠠ ᠶᠠᠪᠠᠭᠠᠨ ᠢᠶᠠᠷ ᠬᠤᠯᠠ ᠵᠠᠮ ᠬᠥᠭᠡᠭᠡᠵᠦ | ᠥᠩᠭᠡᠷᠡᠭᠰᠡᠨ ᠲᠡᠦᠬᠡ ᠲᠠᠢ ᠪᠢᠯᠡ᠃ ᠪᠠᠶᠠᠨᠴᠢᠯᠠᠭᠤ ᠠᠬ᠎ᠠ ᠡᠳᠦᠭᠡ ᠲᠥᠪ ᠤᠨ ᠶᠠᠮᠤᠨ ᠲᠡᠰ ᠤᠨ ᠤᠳᠤᠷᠢᠳᠬᠤ ᠺᠠᠳ᠋ᠷ ᠶᠤᠮ᠃ ᠲᠡᠳᠡ ᠨᠠᠷ ᠲᠠᠢ ᠡᠶᠢᠮᠦ ᠬᠠᠲᠠᠭᠤ | ᠴᠠᠭ ᠦᠶ᠎ᠡ ᠶᠢᠨ ᠬᠦᠴᠢᠷ ᠵᠤᠪᠠᠯᠠᠩ ᠢ ᠬᠤᠪᠢᠶᠠᠯᠴᠠᠵᠤ ᠬᠠᠮᠲᠤ ᠶᠠᠪᠤᠵᠤ ᠪᠠᠶᠢᠭᠰᠠᠨ ᠮᠠᠨᠢ ᠮᠢᠨᠤ ᠪᠠᠭ᠎ᠠ ᠵᠠᠯᠠᠭᠤ ᠨᠠᠰᠤᠨ ᠤ ᠠᠮᠢᠳᠤᠷᠠᠯ᠂ ᠰᠤᠷᠤᠯᠭ᠎ᠠ ᠳᠤ ᠲᠤᠩ | ᠶᠡᠭᠡ ᠵᠤᠷᠢᠭᠵᠢᠭᠤᠯᠤᠯ ᠪᠤᠯᠵᠤ ᠪᠠᠶᠢᠪᠠ᠃ ᠡᠳᠡᠭᠡᠷ ᠲᠡᠦᠬᠡ ᠦᠨᠢᠳᠡ ᠶᠢᠨ ᠲᠡᠦᠬᠡ ᠪᠤᠯᠵᠤ᠂ ᠠᠮᠢᠳᠤᠷᠠᠯ ᠤᠨ ᠬᠤᠯᠠ ᠶᠢᠨ ᠠᠶᠠᠨ ᠳᠤ ᠡᠭᠦᠷᠢᠳᠡ ᠭᠦᠨ ᠰᠠᠭᠤᠭᠳᠠᠯ | ᠤᠯᠭᠤᠵᠤ᠂ ᠡᠳᠦᠭᠡ ᠴᠦ ᠮᠥᠨ ᠮᠢᠨᠤ ᠵᠤᠷᠢᠭ ᠢ ᠬᠥᠪᠴᠢᠯᠡᠭᠰᠡᠭᠡᠷ ᠡ᠃ | ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠬᠤ ᠳᠠᠭᠠᠨ ᠭᠡᠷ ᠠᠴᠠ ᠪᠠᠨ ᠰᠤᠷᠭᠠᠭᠤᠯᠢ ᠬᠦᠷᠲᠡᠯᠡᠬᠢ ᠬᠤᠯᠠ ᠵᠠᠮ ᠢ ᠪᠢ ᠮᠥᠩᠬᠡᠨᠠᠰᠤᠨ᠂ ᠠᠷᠰᠯᠠᠨ | ᠬᠤᠶᠠᠷ ᠠᠬ᠎ᠠ ᠲᠠᠢ ᠪᠠᠨ ᠰᠠᠷ᠎ᠠ ᠲᠠᠢ ᠰᠥᠨᠢ ᠶᠢᠨ ᠰᠡᠷᠢᠭᠦᠨ ᠳᠤ ᠠᠯᠬᠤᠯ᠎ᠠ᠂ ᠵᠤᠨ ᠤ ᠪᠥᠭᠴᠢᠮ ᠬᠠᠯᠠᠭᠤᠨ ᠳᠤ ᠴᠦ ᠠᠯᠬᠤᠯ᠎ᠠ᠂ ᠪᠤᠷᠤᠭᠠᠨ᠂ ᠴᠠᠰᠤ ᠰᠢᠭᠤᠷᠭᠠᠨ | ᠲᠠᠢ ᠡᠳᠦᠷ ᠪᠠᠰᠠ ᠴᠦ ᠠᠯᠬᠤᠵᠤ ᠥᠩᠭᠡᠷᠡᠯ᠎ᠡ᠃ ᠤᠴᠢᠷ ᠶᠠᠭᠠᠬᠢᠭᠠᠳ ᠭᠡᠪᠡᠯ᠂ ᠭᠡᠷ ᠠᠴᠠ ᠮᠠᠰᠢᠨ ᠲᠡᠷᠭᠡᠨ ᠤ ᠵᠠᠮ ᠬᠤᠯᠠ᠂ ᠮᠥᠮᠦ ᠮᠢᠨᠢ ᠭᠠᠭᠴᠠᠭᠠᠷᠬᠠᠨ ᠭᠡᠷ | ᠲᠡᠭᠡᠨ ᠡᠭᠦᠷᠲᠦᠭᠦᠦ ᠪᠠᠷ ᠪᠠᠷᠠᠬᠤ ᠦᠭᠡᠢ ᠨᠡᠶᠢᠲᠡ ᠶᠢᠨ ᠬᠥᠳᠡᠯᠮᠦᠷᠢ ᠴᠦ ᠴᠢᠩᠭ᠎ᠠ᠂ ᠲᠡᠷᠡ ᠦᠶ᠎ᠡ ᠶᠢᠨ ᠰᠠᠭᠤᠳᠠᠯ ᠤᠨ ᠮᠠᠰᠢᠨ ᠲᠡᠷᠭᠡ ᠴᠥᠬᠡᠨ᠂ ᠪᠤᠰᠤᠳ ᠲᠡᠷᠭᠡ | ᠮᠠᠰᠢᠨ ᠨᠡᠩ ᠴᠦ ᠪᠠᠶᠢᠬᠤ ᠦᠭᠡᠢ ᠠᠴᠠ ᠪᠤᠯᠵᠤ ᠲᠦᠷᠦᠭᠦᠦ ᠬᠤᠶᠠᠷ ᠡᠳᠦᠷ ᠠᠴᠠ ᠪᠠᠨ ᠪᠤᠰᠢᠭᠤᠯᠠᠬᠤ ᠦᠭᠡᠢ ᠪᠤᠯ ᠰᠠᠭᠤᠵᠤ ᠠᠮᠵᠢᠬᠤ ᠦᠭᠡᠢ ᠨᠢ ᠲᠡᠷᠡ᠃ | ᠳᠠᠬᠢᠭᠠᠳ ᠬᠡᠯᠡᠪᠡᠯ ᠨᠡᠶᠢᠲᠡ ᠠᠴᠠ ᠴᠢᠮᠠᠢᠢ ᠰᠤᠷᠭᠠᠭᠤᠯᠢ ᠳᠤ ᠶᠠᠪᠤᠬᠤ ᠡᠳᠦᠷ ᠨᠢ ᠲᠤᠯᠲᠠᠯ᠎ᠠ ᠬᠥᠳᠡᠯᠮᠦᠷᠢᠯᠡᠭᠦᠯᠦᠨᠡ᠃ ᠰᠤᠷᠭᠠᠭᠤᠯᠢ ᠴᠢᠯᠦᠭᠡ ᠲᠠᠯᠪᠢᠭᠠᠳ ᠬᠠᠷᠢᠬᠤ | ᠳᠤ ᠪᠡᠶ᠎ᠡ ᠳᠡᠭᠡᠨ ᠰᠠᠭᠤᠳᠠᠯ ᠤᠨ ᠮᠠᠰᠢᠨ ᠲᠡᠷᠭᠡᠨ ᠳᠤ ᠰᠠᠭᠤᠬᠤ ᠮᠥᠩᠭᠦ ᠵᠤᠭᠤᠰ ᠦᠭᠡᠢ ᠪᠤᠯᠴᠢᠬᠠᠨ᠎ᠠ᠃ ᠮᠥᠨ ᠡᠳᠡᠭᠡᠷ ᠰᠢᠯᠲᠠᠭᠠᠨ ᠠᠴᠠ ᠪᠤᠯᠵᠤ ᠶᠠᠪᠠᠭᠠᠨ ᠢᠶᠠᠷ | ᠠᠶᠠᠯᠠᠵᠤ ᠪᠠᠶᠢᠭᠰᠠᠨ᠃ ᠡᠨᠡ ᠶᠠᠪᠠᠭᠠᠨ ᠠᠶᠠᠨ ᠤᠳᠤ ᠪᠤᠳᠤᠬᠤ ᠳᠤ ᠠᠮᠢᠳᠤᠷᠠᠯ ᠤᠨ ᠬᠠᠲᠠᠭᠤ ᠠᠶᠠᠨ ᠤ ᠮᠢᠨᠢ ᠵᠤᠷᠢᠭ ᠰᠢᠨᠳᠠᠰᠤ ᠶᠢ ᠮᠢᠨᠢ ᠬᠥᠪᠴᠢᠯᠡᠬᠦ ᠠᠩᠬᠠᠨ ᠤ | ᠠᠯᠬᠤᠭ᠎ᠠ ᠰᠢᠤᠬᠠᠨ ᠪᠤᠳᠤᠭᠳᠠᠭᠤᠯᠤᠨ᠎ᠠ᠃ | ᠠᠩᠬ᠎ᠠ ᠳᠤᠮᠳᠠᠳᠤ ᠰᠤᠷᠭᠠᠭᠤᠯᠢ ᠳᠤ ᠰᠤᠷᠤᠯᠴᠠᠵᠤ ᠪᠠᠶᠢᠭᠰᠠᠨ ᠭᠤᠷᠪᠠᠨ ᠵᠢᠯ ᠪᠤᠯ ᠠᠵᠢᠯᠴᠢ ᠠᠷᠪᠢᠴᠢ ᠪᠠᠷ ᠰᠤᠷᠭᠠᠭᠤᠯᠢ ᠪᠠᠨ ᠪᠥᠲᠥᠭᠡᠨ ᠪᠠᠶᠢᠭᠤᠯᠵᠤ᠂ | ᠠᠯᠪᠠᠨ ᠵᠢᠷᠤᠮ ᠤᠨ ᠬᠥᠳᠡᠯᠮᠦᠷᠢ ᠬᠢᠬᠦ ᠪᠠᠷ ᠭᠤᠤᠯ ᠪᠤᠯᠭᠠᠨ᠂ ᠬᠢᠴᠢᠶᠡᠯ ᠰᠤᠷᠤᠯᠭ᠎ᠠ ᠶᠢ ᠳᠡᠳ᠋ ᠪᠠᠶᠢᠷᠢᠨ ᠳᠤ ᠲᠠᠯᠪᠢᠵᠤ᠂ ᠤᠯᠤᠰ ᠲᠦᠷᠦ ᠤᠨᠤᠯ ᠤᠨ ᠰᠤᠷᠤᠯᠭ᠎ᠠ | ᠶᠢ ᠯᠠ ᠡᠷᠬᠢᠮᠯᠡᠵᠦ᠂ ᠯᠸᠢ ᠹᠧᠩ ᠨᠥᠬᠦᠷ ᠠᠴᠠ ᠲᠠᠭᠠᠨ ᠰᠤᠷᠤᠯᠴᠠᠵᠤ᠂ ᠯᠸᠢ ᠹᠧᠩ ᠮᠠᠶ᠋ᠢᠭ ᠤᠨ ᠬᠦᠮᠦᠨ ᠪᠤᠯᠬᠤ ᠲᠤᠬᠠᠢ ᠯᠠ ᠰᠡᠳᠦᠪᠴᠢᠯᠡᠨ ᠶᠠᠷᠢᠳᠠᠭ | ᠮᠥᠷᠲᠡᠭᠡᠨ ᠪᠤᠳᠠᠲᠤ ᠦᠢᠯᠡ ᠠᠵᠢᠯᠯᠠᠭ᠎ᠠ ᠶᠢ ᠨᠢ ᠳᠠᠭᠤᠷᠢᠶᠠᠵᠤ ᠬᠢᠵᠦ ᠪᠠᠶᠢᠭᠰᠠᠨ ᠪᠢᠯᠡ᠃ ᠤᠴᠢᠷ ᠨᠢ ᠳᠤᠬᠠᠢ ᠶᠢᠨ ᠦᠶ᠎ᠡ ᠳᠤ ᠤᠯᠤᠰ ᠳᠠᠶᠠᠭᠠᠷ ᠬᠤᠪᠢᠰᠬᠠᠯ ᠢ | ᠠᠳᠬᠤᠵᠤ᠂ ᠦᠢᠯᠡᠳᠪᠦᠷᠢᠯᠡᠯ ᠢ ᠠᠬᠢᠭᠤᠯᠤᠨ᠂ ᠡᠷᠴᠢ ᠵᠤᠷᠢᠭ ᠢᠶᠠᠨ ᠪᠠᠳᠠᠷᠠᠭᠤᠯᠤᠨ᠂ ᠮᠠᠩᠯᠠᠢ ᠳᠤᠨᠢ ᠭᠠᠷᠬᠤ ᠪᠠᠷ ᠮᠡᠷᠡᠶᠢᠨ ᠴᠢᠷᠮᠠᠶᠢᠬᠤ ᠶᠢ ᠪᠠᠷᠢᠮᠲᠠᠯᠠᠨ᠂ ᠪᠡᠶ᠎ᠡ | ᠪᠠᠨ ᠳᠠᠭᠠᠭᠠᠵᠤ ᠡᠷᠬᠡ ᠮᠡᠳᠡᠨ᠂ ᠥᠪᠡᠷ ᠤᠨ ᠬᠦᠴᠦ ᠪᠠᠷ ᠢᠶᠠᠨ ᠳᠡᠭᠵᠢᠷᠡᠬᠦ ᠬᠤᠪᠢᠰᠬᠠᠯᠲᠤ ᠵᠤᠷᠢᠭ ᠰᠠᠨᠠᠭ᠎ᠠ ᠶᠢ ᠪᠠᠳᠠᠷᠠᠭᠤᠯᠵᠤ᠂ ᠠᠵᠤ ᠦᠢᠯᠡᠳᠪᠦᠷᠢ ᠳ᠋ᠠᠴᠢᠩ | ᠠᠴᠠ ᠰᠤᠷᠤᠯᠴᠠᠬᠤ᠂ ᠲᠠᠷᠢᠶᠠᠯᠠᠩ ᠳ᠋ᠠᠵᠠᠢ ᠠᠴᠠ ᠰᠤᠷᠤᠯᠴᠠᠬᠤ᠂ ᠪᠥᠬᠦ ᠤᠯᠤᠰ ᠢᠶᠠᠷ ᠢᠶᠠᠨ ᠠᠷᠠᠳ ᠤᠨ ᠴᠢᠯᠦᠭᠡᠯᠡᠬᠦ ᠴᠡᠷᠢᠭ ᠠᠴᠠ ᠰᠤᠷᠤᠯᠴᠠᠬᠤ᠂ ᠴᠢᠯᠦᠭᠡᠯᠡᠬᠦ | ᠴᠡᠷᠢᠭ ᠪᠥᠬᠦ ᠤᠯᠤᠰ ᠤᠨ ᠠᠷᠠᠳ ᠲᠥᠮᠡᠨ ᠠᠴᠠ ᠰᠤᠷᠤᠯᠴᠠᠬᠤ ᠤᠯᠠᠨ ᠲᠥᠮᠡᠨᠴᠢ ᠬᠥᠳᠡᠯᠭᠡᠭᠡᠨ ᠢ ᠭᠦᠨᠵᠡᠭᠡᠢ ᠦᠷᠨᠢᠭᠦᠯᠵᠦ᠂ ᠲᠠᠷᠢᠶᠠᠯᠠᠩ ᠳ᠋ᠠᠵᠠᠢ ᠠᠴᠠ | ᠰᠤᠷᠤᠯᠴᠠᠬᠤ ᠪᠠ ᠱᠧᠨᠶᠠᠩ ᠤᠨ ᠴᠡᠷᠢᠭ ᠠᠩᠭᠢ ᠶᠢᠨ ᠲᠡᠭᠡᠭᠡᠪᠦᠷᠢ ᠶᠢᠨ ᠯᠢᠶᠠᠨ ᠤ ᠪᠡᠶ᠎ᠡ ᠦᠷᠡᠭᠳᠡᠭᠰᠡᠨ ᠪᠠᠶᠢᠯᠳᠤᠭᠴᠢ ᠯᠸᠢ ᠹᠧᠩ ᠨᠥᠬᠦᠷ ᠠᠴᠠ ᠲᠠᠭᠠᠨ | ᠰᠤᠷᠤᠯᠴᠠᠬᠤ ᠬᠥᠳᠡᠯᠭᠡᠭᠡᠨ ᠦᠷᠨᠢᠵᠦ᠂ ᠪᠢᠳᠠ ᠰᠠᠶᠢᠨ ᠳᠤᠷ᠎ᠠ ᠠᠴᠠ ᠪᠠᠨ ᠥᠯᠥᠰᠭᠦᠯᠡᠩ ᠭᠡᠳᠡᠰᠦ ᠪᠠᠨ ᠬᠠᠶᠢᠬᠤᠷᠤᠯ ᠦᠭᠡᠢ ᠪᠠᠷ ᠰᠤᠷᠭᠠᠭᠤᠯᠢ ᠶᠢᠨ ᠤᠶᠢᠷ᠎ᠠ | ᠬᠠᠪᠢ ᠶᠢᠨ ᠦᠢᠯᠡᠳᠪᠦᠷᠢᠯᠡᠯ ᠤᠨ ᠪᠠᠷᠢᠭᠠᠳᠠ ᠶᠢᠨ ᠬᠥᠳᠡᠯᠮᠦᠷᠢ ᠶᠢᠨ ᠲᠠᠯᠠᠪᠠᠢ ᠳᠤ ᠤᠴᠢᠵᠤ᠂ ᠲᠡᠳᠡᠨ ᠳᠤ ᠥᠪᠡᠷ ᠤᠨ ᠨᠡᠷ᠎ᠡ᠂ ᠠᠩᠭᠢ ᠪᠠᠨ ᠮᠡᠳᠡᠭᠳᠡᠬᠦ ᠦᠭᠡᠢ | ᠪᠠᠷ ᠭᠠᠵᠠᠷ ᠳᠡᠭᠰᠢᠯᠡᠬᠦ᠂ ᠰᠢᠭᠡᠭ ᠪᠤᠷᠳᠤᠭᠤᠷ ᠢᠰᠭᠡᠬᠦ᠂ ᠤᠰᠤᠨ ᠴᠥᠬᠦᠷᠥᠮ ᠮᠠᠯᠲᠠᠬᠤ᠂ ᠲᠠᠷᠢᠶ᠎ᠠ ᠠᠷᠴᠢᠬᠤ ᠮᠡᠲᠦ ᠶᠢᠨ ᠬᠥᠳᠡᠯᠮᠦᠷᠢ ᠶᠢ ᠨᠢ ᠬᠠᠪᠰᠤᠷᠴᠤ᠂ | ᠰᠠᠶᠢᠨ ᠬᠦᠮᠦᠨ ᠰᠠᠶᠢᠨ ᠬᠡᠷᠡᠭ ᠶᠠᠪᠤᠳᠠᠯ ᠬᠢᠵᠦ ᠶᠡᠭᠡ ᠯᠠ ᠤᠯᠠᠶᠢᠵᠤ ᠪᠠᠶᠢᠭᠰᠠᠨ ᠪᠢᠯᠡ᠃ ᠡᠨᠡ ᠬᠦ ᠤᠯᠠᠨ ᠲᠥᠮᠡᠨᠴᠢ ᠬᠥᠳᠡᠯᠭᠡᠭᠡᠨ ᠤ ᠳᠤᠮᠳᠠ᠂ ᠳᠤᠬᠠᠢ ᠶᠢᠨ | ᠦᠶ᠎ᠡ ᠶᠢᠨ ᠰᠤᠷᠤᠭᠴᠢᠳ ᠪᠦᠷ ᠪᠢᠴᠢᠭ ᠡᠷᠳᠡᠮ ᠰᠤᠷᠬᠤ ᠵᠠᠪᠰᠢᠶᠠᠨ ᠢᠶᠠᠨ ᠠᠯᠳᠠᠵᠤ᠂ ᠠᠩᠬ᠎ᠠ ᠳᠤᠮᠳᠠᠳᠤ ᠶᠢᠨ ᠭᠤᠷᠪᠠᠨ ᠵᠢᠯ ᠤᠨ ᠰᠤᠷᠤᠯᠭ᠎ᠠ ᠪᠠᠨ ᠲᠡᠭᠦᠰᠭᠡᠵᠦ | ᠴᠢᠳᠠᠭᠰᠠᠨ ᠦᠭᠡᠢ ᠪᠠᠷ ᠨᠡᠶᠢᠬᠡᠮ ᠳᠡᠭᠡᠷ᠎ᠡ ᠭᠠᠷᠤᠭᠰᠠᠨ ᠨᠢ ᠡᠭᠦᠷᠢᠳᠡ ᠶᠢᠨ ᠬᠠᠷᠠᠮᠰᠠᠯᠲᠠᠢ ᠤᠴᠢᠷ ᠪᠤᠯᠵᠤ ᠡᠳᠡᠭᠡᠷ ᠬᠦᠮᠦᠰ ᠤᠳᠤ ᠬᠡᠨ ᠲᠠᠢ ᠴᠦ ᠶᠠᠷᠢᠵᠤ ᠰᠡᠳᠬᠢᠯ | ᠲᠠᠶᠢᠳᠬᠤᠷᠠᠭᠤᠯᠬᠤ ᠪᠤᠯᠤᠮᠵᠢ ᠦᠭᠡᠢ ᠲᠡᠦᠬᠡ ᠪᠤᠯᠵᠤ ᠬᠤᠴᠤᠷᠴᠠᠢ ᠭᠡᠵᠦ ᠨᠠᠳᠠ ᠪᠤᠳᠤᠭᠳᠠᠭᠠᠳ ᠪᠠᠶᠢᠬᠤ ᠶᠤᠮ᠃ | ᠠᠩᠬ᠎ᠠ ᠳᠤᠮᠳᠠᠳᠤ ᠪᠤᠯᠤᠨ ᠳᠡᠭᠡᠳᠦ ᠳᠤᠮᠳᠠᠳᠤ ᠳᠤ ᠰᠤᠷᠤᠯᠴᠠᠵᠤ ᠪᠠᠶᠢᠭᠰᠠᠨ ᠲᠠᠪᠤᠨ ᠵᠢᠯ ᠤᠨ ᠳᠤᠲᠤᠷᠠᠬᠢ ᠠᠷᠪᠠᠨ ᠴᠢᠯᠦᠭᠡᠨ ᠬᠤᠭᠤᠴᠠᠭᠠᠨ ᠳᠤ ᠪᠢ ᠠᠪᠤ | ᠡᠵᠢ ᠳᠡᠭᠡᠨ ᠰᠡᠳᠬᠢᠯ ᠡᠪᠡᠳᠪᠡ ᠤᠤ᠂ ᠡᠰᠡᠭᠦᠯ᠎ᠡ ᠰᠤᠷᠤᠯᠭ᠎ᠠ ᠶᠢᠨ ᠰᠦᠢᠳᠬᠡᠯ ᠢᠶᠠᠨ ᠤᠯᠬᠤ ᠵᠤᠷᠢᠯᠭ᠎ᠠ ᠠᠴᠠ ᠤᠤ︖ ᠴᠢᠯᠦᠭᠡᠨ ᠤ ᠬᠤᠭᠤᠴᠠᠭ᠎ᠠ ᠪᠤᠯᠭᠠᠨ ᠢ | ᠨᠢᠭᠡ ᠴᠦ ᠤᠰᠤᠯᠳᠠᠯ ᠦᠭᠡᠢ ᠬᠦᠨᠳᠦ ᠬᠥᠳᠡᠯᠮᠦᠷᠢ ᠬᠢᠵᠦ ᠥᠩᠭᠡᠷᠡᠭᠦᠯᠵᠦ ᠯᠡ ᠪᠠᠶᠢᠪᠠ᠃ ᠭᠤᠤᠯᠳᠠᠭᠤ ᠲᠥᠮᠥᠰᠥ ᠪᠤᠳᠠᠭᠠᠨ ᠤ ᠥᠷᠲᠡᠭᠡ ᠳᠤ ᠤᠴᠢᠵᠤ ᠬᠤᠶᠠᠷ | ᠵᠠᠭᠤ ᠬᠢᠷᠢ ᠵᠢᠩ ᠤᠨ ᠬᠦᠨᠳᠦ ᠤᠭᠤᠲᠠ ᠲᠠᠢ ᠠᠮᠤ ᠲᠥᠮᠥᠰᠥ ᠶᠢ ᠡᠭᠦᠷᠴᠦ ᠲᠡᠷᠭᠡᠨ ᠳᠤ ᠰᠠᠪᠠᠯᠠᠬᠤ ᠶᠤᠮ ᠤᠤ ᠡᠰᠡᠭᠦᠯ᠎ᠡ ᠪᠠᠭᠤᠯᠭᠠᠬᠤ᠂ ᠸᠠᠭᠠᠷ ᠲᠤᠭᠤᠰᠬ᠎ᠠ ᠶᠢᠨ | ᠦᠢᠯᠡᠳᠪᠦᠷᠢ ᠳᠤ ᠤᠴᠢᠵᠤ ᠬᠠᠯᠠᠭᠤᠨ ᠲᠤᠭᠤᠰᠬ᠎ᠠ ᠡᠭᠦᠷᠬᠦ᠂ ᠰᠢᠪᠠᠷ ᠮᠠᠯᠲᠠᠵᠤ ᠨᠤᠬᠤᠯᠠᠭᠠᠳ ᠲᠦᠭᠦᠬᠡᠢ ᠲᠤᠭᠤᠰᠬ᠎ᠠ ᠴᠢᠳᠬᠤᠬᠤ᠂ ᠭᠡᠷ ᠪᠠᠶᠢᠰᠢᠩ ᠰᠡᠯᠪᠢᠨ | ᠵᠠᠰᠠᠳᠠᠭ ᠪᠠᠭᠰᠢ ᠶᠢ ᠲᠠᠭᠠᠨ ᠰᠢᠪᠠᠷ ᠤᠨ ᠠᠵᠢᠯ ᠬᠢᠬᠦ᠂ ᠰᠢᠪᠠᠷ ᠮᠠᠯᠲᠠᠵᠤ ᠬᠡᠷᠡᠮ ᠪᠠᠷᠢᠬᠤ᠂ ᠮᠠᠰᠢᠨ ᠲᠡᠷᠭᠡᠨ ᠠᠴᠠ ᠨᠡᠭᠦᠷᠡᠰᠦ ᠪᠠᠭᠤᠯᠭᠠᠬᠤ᠂ ᠰᠢᠬᠢᠷ ᠡᠪᠡᠰᠦᠨ ᠤ | ᠦᠨᠳᠦᠰᠦ ᠮᠠᠯᠲᠠᠬᠤ ᠭᠡᠬᠦ ᠮᠡᠲᠦ ᠶᠢᠨ ᠵᠤᠭᠤᠰ ᠮᠥᠩᠭᠦ ᠤᠯᠳᠠᠭ ᠬᠦᠨᠳᠦ ᠠᠵᠢᠯ ᠬᠥᠳᠡᠯᠮᠦᠷᠢ ᠶᠢ ᠬᠢᠵᠦ᠂ ᠪᠡᠶ᠎ᠡ ᠪᠠᠨ ᠨᠡᠩ ᠴᠦ ᠳᠠᠪᠲᠠᠨ ᠪᠤᠯᠪᠠᠰᠤᠷᠠᠭᠤᠯᠵᠠᠢ᠃ | ᠮᠢᠨᠤ ᠳᠡᠭᠦᠦ ᠥᠯᠵᠡᠶᠢᠳᠠᠯᠠᠢ ᠪᠤᠯ ᠪᠠᠯᠴᠢᠷ ᠪᠠᠭ᠎ᠠ ᠠᠴᠠ ᠪᠠᠨ ᠭᠡᠷ ᠤᠨ ᠠᠷᠰᠠᠷ ᠠᠵᠢᠯ ᠳᠠᠭᠠᠨ ᠠᠪᠢᠶᠠᠰ ᠲᠠᠢ᠂ ᠮᠥᠨ ᠨᠠᠳᠠ ᠲᠠᠢ ᠠᠳᠠᠯᠢᠬᠠᠨ ᠬᠦᠴᠢᠷ ᠵᠤᠪᠠᠯᠠᠩ ᠢ | ᠬᠠᠶᠢᠬᠤᠷᠤᠯ ᠦᠭᠡᠢ ᠪᠠᠷ ᠰᠤᠶᠤᠯ ᠤᠨ ᠮᠥᠷ ᠢ ᠬᠥᠭᠡᠭᠡᠵᠦ ᠭᠠᠷᠤᠭᠰᠠᠨ ᠲᠡᠦᠬᠡ ᠲᠠᠢ᠃ ᠮᠥᠨ ᠴᠦ ᠠᠬ᠎ᠠ ᠨᠠᠳᠠ ᠳᠠᠭᠠᠨ ᠬᠡᠵᠢᠶᠡᠳᠡ ᠳᠠᠭᠤᠷᠢᠶᠠᠯ ᠪᠤᠯᠵᠤ ᠶᠠᠪᠤᠳᠠᠭ | ᠪᠠᠶᠢᠭᠰᠠᠨ᠃ | ᠥᠰᠪᠦᠷᠢ ᠶᠢᠨ ᠨᠠᠰᠤᠨ ᠳᠠᠭᠠᠨ ᠪᠡᠶ᠎ᠡ ᠪᠠᠨ ᠬᠠᠶᠢᠬᠤᠷᠤᠯ ᠦᠭᠡᠢ ᠪᠠᠷ ᠬᠦᠨᠳᠦ ᠠᠵᠢᠯ ᠬᠥᠳᠡᠯᠮᠦᠷᠢ ᠬᠢᠵᠦ ᠪᠤᠷᠤᠭᠵᠢᠭᠤᠨ ᠢᠶᠠᠷ ᠪᠤᠷᠤ ᠬᠤᠨᠤᠭ ᠢ | ᠥᠩᠭᠡᠷᠡᠭᠡᠵᠦ ᠶᠠᠪᠤᠭᠰᠠᠨ ᠢ ᠮᠠᠨ ᠤ ᠨᠤᠲᠤᠭ ᠤᠨ ᠪᠤᠭᠤᠷᠤᠯᠴᠤᠳ ᠪᠤᠯᠤᠨ ᠠᠬ᠎ᠠ ᠡᠭᠡᠴᠢ ᠨᠠᠷ ᠤᠶᠢᠯᠠᠭᠠᠵᠤ ᠮᠡᠳᠡᠷᠡᠳᠡᠭ᠃ ᠬᠠᠷᠢᠨ ᠲᠤᠬᠠᠢ ᠶᠢᠨ ᠴᠠᠭ ᠲᠤ ᠭᠡᠷ | ᠲᠡᠭᠡᠨ ᠰᠤᠷᠤᠭᠴᠢ ᠦᠭᠡᠢ ᠬᠦᠮᠦᠰ ᠲᠡᠷᠡ ᠬᠦ ᠦᠨᠡᠨ ᠤᠴᠢᠷ ᠤᠳ ᠢ ᠮᠡᠳᠡᠬᠦ ᠦᠭᠡᠢ ᠪᠠᠶᠢᠯ᠎ᠠ᠃ ᠪᠤᠳᠤᠭᠠᠳ ᠪᠠᠶᠢᠬᠤᠯᠠᠷ ᠲᠡᠷᠡ ᠦᠶ᠎ᠡ ᠳᠤ ᠰᠤᠷᠤᠭᠴᠢᠳ ᠢ | ᠡᠨᠡᠷᠢᠬᠦ ᠰᠡᠳᠬᠢᠯ ᠲᠠᠢ ᠬᠦᠮᠦᠰ ᠶᠡᠭᠡ ᠤᠯᠠᠨ ᠪᠠᠶᠢᠭᠰᠠᠨ ᠦᠭᠡᠢ ᠨᠢ ᠦᠨᠡᠨ ᠡ᠃ | 1979 ᠤᠨ ᠤ ᠨᠠᠮᠤᠷ᠂ ᠪᠢ ᠦᠷᠭᠦᠯᠵᠢᠯᠡᠨ ᠰᠤᠶᠤᠯ ᠤᠨ ᠮᠥᠷ ᠢ ᠬᠥᠭᠡᠭᠡᠬᠦ ᠪᠠᠷ ᠲᠦᠷᠦᠭᠦᠦ ᠤᠳᠠᠭ᠎ᠠ ︽ᠭᠠᠯᠲᠤ ᠲᠡᠷᠭᠡ︾ ᠭᠡᠳᠡᠭ ᠮᠤᠨᠳᠠᠭ ᠶᠡᠭᠡ ᠶᠠᠭᠤᠮ᠎ᠠ | ᠶᠢ ᠤᠯᠵᠤ ᠦᠵᠡᠭᠰᠡᠨ ᠮᠥᠷᠲᠡᠭᠡᠨ ᠳᠡᠭᠡᠷ᠎ᠡ ᠨᠢ ᠠᠪᠠᠷᠢᠵᠤ ᠭᠠᠷᠤᠭᠠᠳ ᠢᠭᠴᠤ ᠰᠠᠬᠤᠯᠢᠭ ᠡᠪᠡᠰᠦ ᠤᠷᠭᠤᠮᠠᠯ ᠲᠠᠢ᠂ ᠲᠠᠷᠬᠠᠨ ᠪᠡᠯᠴᠢᠭᠰᠡᠨ ᠠᠳᠤᠭᠤ ᠮᠠᠯ ᠲᠠᠢ | ᠦᠵᠡᠰᠭᠦᠯᠡᠩ ᠰᠠᠶᠢᠬᠠᠨ ᠮᠤᠩᠭᠤᠯ ᠤᠷᠤᠨ ᠰᠢᠯᠢ ᠶᠢᠨ ᠭᠤᠤᠯ ᠨᠤᠲᠤᠭ ᠢ ᠴᠢᠭᠯᠡᠵᠦ ᠤᠳᠤᠬᠢᠴᠢᠯᠠᠭᠰᠠᠨ ᠬᠥᠳᠡᠭᠡ ᠨᠤᠲᠤᠭ ᠮᠠᠯ ᠠᠵᠤ ᠠᠬᠤᠢ ᠪᠠᠨ ᠬᠥᠭᠵᠢᠭᠦᠯᠬᠦ | ᠮᠡᠳᠡᠯᠭᠡ ᠶᠢ ᠰᠤᠷᠬᠤ ᠪᠠᠷ ᠵᠤᠷᠢᠭᠰᠠᠨ ᠪᠢᠯᠡ᠃ | ᠨᠠᠳᠠ ᠳᠤ ᠠᠪᠠᠬ᠎ᠠ ᠦᠰᠦᠭ ᠤᠨ ᠲᠦᠷᠦᠭᠦᠦ ᠠ᠊ ᠡᠭᠡᠰᠢᠭ ᠪᠠ ᠬᠢᠲᠠᠳ ᠪᠢᠴᠢᠭ ᠤᠨ ᠠᠪᠢᠶ᠎ᠠ ᠶᠢ ᠵᠢᠭᠠᠵᠤ ᠰᠤᠷᠭᠠᠭᠰᠠᠨ ᠲᠥᠷᠥᠭᠰᠡᠨ ᠦᠶᠡᠯᠢᠳ ᠳᠥᠷᠪᠡᠨ | ᠠᠬ᠎ᠠ ᠶᠢ ᠪᠠᠨ ᠪᠢ ᠬᠡᠵᠢᠶᠡᠳᠡ ᠳᠤᠷᠠᠰᠤᠨ ᠰᠠᠨᠠᠭᠠᠯᠵᠠᠵᠤ ᠶᠠᠪᠤᠨ᠎ᠠ᠃ | ᠠᠬ᠎ᠠ ᠮᠥᠩᠬᠡᠨᠠᠰᠤᠨ ᠠᠷᠠᠳ ᠤᠨ ᠪᠠᠭᠰᠢ ᠶᠢᠨ ᠠᠯᠪᠠ ᠶᠢ ᠭᠤᠴᠢᠭᠠᠳ ᠵᠢᠯ ᠡᠭᠦᠷᠭᠡᠯᠡᠵᠦ᠂ ᠰᠤᠶᠤᠯ ᠰᠤᠷᠭᠠᠨ ᠬᠦᠮᠦᠵᠢᠯ ᠤᠨ ᠹᠷᠤᠨᠲ ᠳᠡᠭᠡᠷ᠎ᠡ ᠮᠠᠰᠢ | ᠤᠯᠠᠨ ᠰᠢᠯᠢᠳᠡᠭ ᠰᠤᠷᠤᠭᠴᠢᠳ ᠢ ᠬᠦᠮᠦᠵᠢᠭᠦᠯᠦᠨ ᠭᠠᠷᠭᠠᠭᠰᠠᠨ ᠢ ᠶᠠᠭᠤᠨ ᠬᠡᠯᠡᠯᠲᠡᠢ ᠪᠤᠢ᠃ | ᠠᠬ᠎ᠠ ᠠᠷᠰᠯᠠᠨ ᠰᠤᠶᠤᠯ ᠰᠢᠨᠵᠢᠯᠡᠬᠦ ᠤᠬᠠᠭᠠᠨ ᠤ ᠨᠤᠶᠠᠨ ᠤᠷᠭᠢᠯ ᠢ ᠠᠪᠠᠷᠢᠵᠤ᠂ ᠠᠩᠭ᠍ᠯᠢ ᠤᠯᠤᠰ ᠲᠤ ᠰᠤᠷᠤᠯᠴᠠᠵᠤ ᠳ᠋ᠣᠺᠲ᠋ᠣᠷ ᠴᠤᠯᠠ ᠶᠢ ᠤᠯᠴᠢᠬᠠᠭᠠᠳ | ᠂ 1996 ᠤᠨ ᠤ 6 ᠰᠠᠷ᠎ᠠ ᠳᠤ ᠦᠵᠡᠰᠭᠦᠯᠡᠩᠲᠦ ᠪᠠᠶᠢᠭᠠᠯᠢ ᠤᠷᠴᠢᠨ ᠲᠠᠢ᠂ ᠦᠨᠳᠦᠷ ᠰᠤᠶᠤᠯ ᠲᠠᠢ ᠪᠠᠷ ᠢᠶᠠᠨ ᠳᠡᠯᠡᠬᠡᠢ ᠳᠤ ᠠᠯᠳᠠᠷᠰᠢᠭᠰᠠᠨ ᠺᠠᠨᠠᠳᠠ ᠤᠯᠤᠰ | ᠲᠤ ᠤᠴᠢᠵᠤ᠂ ᠲᠡᠷᠡ ᠤᠯᠤᠰ ᠲᠤ ᠨᠤᠲᠤᠭᠰᠢᠨ ᠡᠳᠦᠭᠡ ᠤᠨᠴᠠ ᠡᠷᠳᠡᠮᠲᠡᠨ ᠢᠶᠠᠷ ᠠᠵᠢᠯᠯᠠᠵᠤ ᠪᠤᠢ᠃ | ᠠᠬ᠎ᠠ ᠴᠠᠭᠠᠨᠬᠦᠦ᠂ ᠤᠯᠠᠭᠠᠨᠬᠦᠦ ᠬᠤᠶᠠᠭᠤᠯᠠ ᠮᠤᠩᠭᠤᠯ ᠬᠢᠲᠠᠳ ᠬᠤᠤᠰᠯᠠᠭᠰᠠᠨ ᠦᠨᠳᠦᠷ ᠰᠤᠶᠤᠯᠲᠠᠨ ᠪᠤᠯᠬᠤ ᠯᠠ ᠪᠠᠶᠢᠭᠰᠠᠨ᠃ ᠰᠤᠶᠤᠯ ᠤᠨ ᠶᠡᠭᠡ | ᠬᠤᠪᠢᠰᠬᠠᠯ ᠤᠨ ᠨᠥᠯᠥᠭᠡᠯᠡᠯ ᠠᠴᠠ ᠪᠤᠯᠵᠤ᠂ ᠰᠤᠶᠤᠯ ᠤᠨ ᠮᠥᠷ ᠢ ᠳᠠᠬᠢᠵᠤ ᠬᠠᠶᠢᠬᠤ ᠵᠠᠪᠰᠢᠶᠠᠨ ᠭᠠᠷᠤᠭᠰᠠᠨ ᠦᠭᠡᠢ ᠪᠤᠯᠪᠠᠴᠤ᠂ ᠡᠳᠦᠭᠡ ᠬᠥᠳᠡᠭᠡ ᠨᠤᠲᠤᠭ | ᠲᠠᠭᠠᠨ ᠤᠳᠤᠬᠢᠴᠢᠯᠠᠭᠰᠠᠨ ᠮᠠᠶ᠋ᠢᠭ ᠤᠨ ᠮᠠᠯᠴᠢᠨ ᠪᠤᠯᠵᠤ᠂ ᠰᠢᠨ᠎ᠡ ᠰᠤᠶᠤᠯ ᠮᠡᠷᠭᠡᠵᠢᠯ ᠢ ᠡᠵᠡᠮᠰᠢᠵᠦ᠂ ᠰᠢᠨ᠎ᠡ ᠬᠥᠳᠡᠭᠡ ᠨᠤᠲᠤᠭ ᠢᠶᠠᠨ ᠴᠤᠭᠴᠠᠯᠠᠨ ᠪᠠᠶᠢᠭᠤᠯᠵᠤ | ᠪᠤᠢ᠃ | ᠮᠢᠨᠤ ᠪᠠᠭ᠎ᠠ ᠶᠢᠨ ᠨᠠᠰᠤ ᠡᠶᠢᠮᠦ ᠨᠡᠶᠢᠬᠡᠮ ᠤᠨ ᠤᠷᠴᠢᠨ ᠳᠤ ᠲᠥᠷᠥᠵᠥ ᠥᠰᠥᠭᠰᠡᠨ ᠤ ᠬᠤᠪᠢ ᠳᠤ ᠠᠮᠢᠳᠤᠷᠠᠯ ᠤᠨ ᠡᠯᠳᠡᠪ ᠤᠴᠠᠷᠠᠯ ᠳᠤ ᠲᠤᠯᠭᠠᠷᠠᠵᠤ᠂ | ᠰᠡᠳᠬᠢᠯ ᠤᠨ ᠭᠤᠲᠤᠷᠠᠯ ᠦᠵᠡᠨ᠂ ᠶᠠᠭᠠᠬᠢᠵᠤ ᠴᠦ ᠴᠢᠳᠠᠬᠤ ᠦᠭᠡᠢ ᠴᠠᠭ ᠦᠶ᠎ᠡ ᠶᠢ ᠲᠤᠭᠤᠯᠵᠤ ᠶᠠᠪᠤᠬᠤ ᠳᠠᠭᠠᠨ ᠪᠠᠯᠠᠷ ᠮᠠᠩᠬ᠎ᠠ ᠪᠤᠩᠬᠤᠨ ᠴᠠᠶᠢᠳᠠᠮ ᠮᠢᠨᠢ ᠡᠨᠡ | ᠪᠥᠬᠦᠨ ᠢ ᠨᠠᠮᠤᠭᠤᠬᠠᠨ ᠪᠠᠭᠲᠠᠭᠠᠵᠤ᠂ ᠨᠠᠮᠠᠢᠢ ᠪᠠᠨ ᠥᠯᠥᠭᠡᠶᠢᠯᠡᠵᠦ ᠪᠠᠶᠢᠭᠰᠠᠨ᠃ ᠪᠠᠭ᠋ᠠᠨ ᠶᠡᠭᠡ ᠪᠤᠯᠤᠭᠠᠳ ᠪᠢ ᠨᠤᠲᠤᠭ ᠢᠶᠠᠨ ᠤᠷᠬᠢᠭᠠᠳ ᠶᠠᠪᠤᠴᠢᠬᠠᠵᠠᠢ᠃ | ᠭᠡᠪᠡᠴᠦ ᠮᠥᠨ ᠬᠤᠰᠢᠭᠤ ᠠᠯᠤᠰᠯᠠᠭᠠᠳ ᠳᠡᠮᠡᠢ ᠴᠦ ᠬᠤᠯᠠᠳᠠᠭᠰᠠᠨ ᠦᠭᠡᠢ᠃ ᠳᠡᠭᠡᠳᠦ ᠵᠡᠷᠭᠡ ᠶᠢᠨ ᠮᠠᠯ ᠠᠵᠤ ᠠᠬᠤᠢ ᠶᠢᠨ ᠢᠨᠵᠧᠨᠧᠷ ᠤᠨ ᠴᠤᠯᠠ ᠶᠢ | ᠤᠯᠴᠢᠬᠠᠭᠠᠳ᠂ ᠰᠠᠯᠠᠭᠠᠨ ᠲᠡᠰ ᠤᠨ ᠵᠡᠷᠭᠡ ᠳᠤᠰᠢᠶᠠᠯ ᠲᠠᠢ ᠪᠠᠶᠢᠵᠤ᠂ ᠤᠲᠤᠭ ᠬᠤᠰᠢᠭᠤᠨ ᠤ ᠨᠤᠲᠤᠭ ᠪᠡᠯᠴᠢᠭᠡᠷ ᠮᠠᠯ ᠠᠵᠤ ᠠᠬᠤᠢ ᠶᠢᠨ ᠦᠢᠯᠡᠰ ᠤᠨ | ᠬᠥᠭᠵᠢᠯᠲᠡ ᠶᠢᠨ ᠲᠥᠯᠥᠭᠡ ᠬᠤᠷᠢᠨ ᠲᠠᠪᠤᠨ ᠵᠢᠯ ᠵᠢᠳᠬᠦᠵᠦ᠂ ᠬᠤᠪᠢ ᠨᠡᠮᠡᠷᠢ ᠪᠠᠨ ᠦᠵᠡᠭᠦᠯᠵᠦ ᠠᠮᠵᠢᠯᠲᠠ ᠪᠥᠲᠥᠭᠡᠯ ᠢᠶᠠᠷ ᠭᠠᠨᠵᠤᠭ᠎ᠠ ᠳᠦᠭᠦᠷᠡᠩ ᠪᠠᠶᠢᠪᠠᠴᠤ | ᠵᠤᠷᠢᠭᠰᠠᠨ ᠵᠤᠷᠢᠯᠭ᠎ᠠ ᠳᠠᠭᠠᠨ ᠬᠦᠷᠴᠦ ᠴᠢᠳᠠᠭᠰᠠᠨ ᠦᠭᠡᠢ ᠪᠠᠷ ᠵᠤᠬᠢᠶᠠᠨ ᠪᠠᠶᠢᠭᠤᠯᠤᠯᠲᠠ ᠶᠢᠨ ᠬᠤᠪᠢᠶᠠᠷᠢ ᠶᠢ ᠳᠠᠭᠠᠵᠤ ᠠᠵᠢᠯ ᠤᠨ ᠪᠠᠶᠢᠷᠢ ᠮᠢᠨᠢ ᠬᠤᠪᠢᠷᠠᠭᠰᠠᠨ᠃ | ᠭᠡᠪᠡᠴᠦ ᠮᠢᠨᠤ ᠡᠨᠡ ᠬᠦ ᠵᠡᠷᠭᠡ ᠳᠤᠰᠢᠶᠠᠯ᠂ ᠮᠡᠷᠭᠡᠵᠢᠯ ᠤᠨ ᠴᠤᠯᠠ ᠨᠢ ᠮᠠᠨ ᠤ ᠬᠢᠨ ᠳᠤ ᠠᠪᠴᠤ ᠬᠡᠯᠡᠪᠡᠯ ᠤᠷᠢᠳᠤ ᠲᠥᠷᠥᠯ ᠳᠤ ᠭᠠᠷᠤᠭ᠎ᠠ ᠦᠭᠡᠢ ᠶᠤᠮᠰᠠᠨ᠃ | ᠤᠶᠢᠷ᠎ᠠ ᠶᠢᠨ ᠵᠢᠯ ᠤᠳ ᠲᠤ ᠪᠢ ᠪᠠᠶᠢᠨ ᠳᠠᠬᠢᠨ ᠨᠤᠲᠤᠭ ᠢᠶᠠᠨ ᠡᠷᠭᠢᠵᠦ ᠦᠵᠡᠭᠡᠳ ᠪᠠᠭ᠎ᠠ ᠶᠢᠨ ᠦᠶ᠎ᠡ ᠪᠠᠨ ᠳᠠᠬᠢᠨ ᠳᠠᠬᠢᠨ ᠰᠠᠨᠠᠳᠠᠭ᠃ ᠨᠤᠲᠤᠭ ᠮᠢᠨᠢ ᠶᠡᠭᠡ | ᠰᠠᠶᠢᠬᠠᠨ ᠬᠤᠪᠢᠷᠠᠯᠲᠠ ᠲᠠᠢ ᠪᠤᠯᠵᠠᠢ᠃ | ᠳᠡᠭᠦᠦ ᠨᠡᠷ ᠬᠡᠦᠬᠡᠳ ᠮᠢᠨᠢ ᠮᠢᠨᠤ ᠡᠨᠡ ᠬᠦ ᠤᠬᠤᠷᠬᠠᠨ ᠳᠤᠷᠠᠳᠬᠠᠯ ᠠᠴᠠ ᠲᠤᠬᠠᠢ ᠶᠢᠨ ᠨᠡᠶᠢᠬᠡᠮ ᠴᠠᠭ ᠦᠶ᠎ᠡ ᠶᠢ ᠶᠡᠭᠡ ᠲᠥᠯᠥᠪ ᠤᠶᠢᠯᠠᠭᠠᠵᠤ᠂ ᠲᠡᠷᠡ ᠬᠦ | ᠪᠠᠶᠢᠭᠠᠯᠢ ᠶᠢᠨ ᠤᠷᠴᠢᠨ ᠠᠬᠤᠢ ᠶᠢ ᠥᠴᠦᠬᠡᠨ ᠴᠦ ᠪᠤᠯᠪᠠ ᠲᠠᠭᠠᠮᠠᠭᠯᠠᠨ ᠳᠥᠰᠥᠭᠡᠯᠡᠵᠦ ᠮᠡᠳᠡᠵᠦ ᠠᠪᠤᠭᠠᠳ ᠥᠨᠥᠳᠥᠷ ᠤᠨ ᠡᠨᠡ ᠬᠦ ᠬᠦᠮᠦᠨ ᠪᠠᠶᠢᠭᠠᠯᠢ ᠶᠢᠨ | ᠪᠤᠳᠠᠲᠠᠢ ᠲᠠᠢ ᠬᠠᠷᠢᠴᠠᠭᠤᠯᠤᠨ ᠦᠵᠡᠭᠡᠳ ᠨᠢᠭᠡ ᠵᠦᠢᠯ ᠤᠨ ᠰᠢᠨ᠎ᠡ ᠰᠡᠳᠬᠢᠭᠳᠡᠯ ᠲᠥᠷᠥᠭᠳᠡᠯ ᠲᠠᠢ ᠪᠤᠯᠵᠤ ᠳᠡᠶᠢᠯᠬᠦ ᠳᠤ ᠬᠦᠷᠪᠡᠯ ᠳᠠᠷᠤᠢ ᠮᠢᠨᠤ ᠡᠨᠡ ᠬᠦ ᠵᠤᠬᠢᠶᠠᠯ | ᠢ ᠪᠢᠴᠢᠭᠰᠡᠨ ᠵᠤᠷᠢᠯᠭ᠎ᠠ ᠪᠡᠶᠡᠯᠡᠭᠳᠡᠭᠰᠡᠨ ᠶᠠᠪᠤᠳᠠᠯ ᠪᠤᠯᠤᠨ᠎ᠠ᠃ | | | 2006 ᠤᠨ ᠤ 7 ᠰᠠᠷ᠎ᠠ᠂ ᠤᠯᠠᠭᠠᠨᠪᠠᠯᠭᠠᠰᠤᠨᠠ | | | ᠠ᠊ · ᠴᠤᠭᠵᠢᠯ ᠤᠨ ᠵᠤᠬᠢᠶᠠᠭᠰᠠᠨ ︽ᠨᠤᠲᠤᠭ ᠤ ᠴᠡᠩᠬᠡᠷ ᠠᠭᠤᠯᠠᠰ︾ ᠭᠡᠬᠦ ᠨᠤᠮ ᠠᠴᠠ ᠬᠠᠭᠤᠯᠪᠠ | |