ᠠᠰᠬ᠎ᠠ ᠬᠠᠲᠠᠨ ᠤ ᠭᠦᠨ ᠳᠠᠬᠢ ᠶᠠᠩᠬᠢᠷ ᠤᠨ ᠰᠦᠷᠦᠭ ᠢ ᠬᠠᠮᠠᠭᠠᠯᠠᠭᠴᠢ — ᠠᠷᠪᠢᠨ
ᠨᠡᠶᠢᠲᠡᠯᠡᠭᠰᠡᠨ ᠴᠠᠭ᠄
2022/8/5
      ᠠᠷᠪᠢᠨ᠂ ᠡᠷᠡᠭᠲᠡᠶ᠂ ᠮᠣᠩᠭᠤᠯ ᠦᠨᠳᠦᠰᠦᠲᠡᠨ᠂ 1952 ᠣᠨ ᠤ 10 ᠰᠠᠷ᠎ᠠ ᠳᠤ ᠳᠦᠷᠦᠵᠡᠶ᠂ ᠨᠠᠮ ᠪᠤᠰᠤ᠂ ᠣᠲᠤᠭ ᠬᠤᠰᠢᠭᠤᠨ ᠤ ᠴᠢ ᠫᠠᠨ ᠵᠢᠩ ᠪᠠᠯᠭᠠᠰᠤᠨ ᠤ ᠠᠶᠢᠯ ᠨᠡᠶᠢᠭᠡᠮ ᠲᠣᠭᠤᠷᠢᠭ ᠤᠨ ᠰᠠᠭᠤᠭᠠᠯᠢ ᠠᠷᠠᠳ᠂ 2018 ᠣᠨ ᠤ ︽ᠣᠷᠳᠣᠰ ᠤᠨ ᠰᠠᠶᠢᠨ ᠬᠥᠮᠦᠨ︾᠂ 2020 ᠣᠨ ᠤ ︽ᠥᠪᠥᠷ ᠮᠣᠩᠭᠤᠯ ᠤᠨ ᠰᠠᠶᠢᠨ ᠬᠥᠮᠦᠨ︾ ᠢᠶᠠᠷ ᠦᠨᠡᠯᠡᠭᠳᠡᠵᠦ ᠥᠩᠭᠡᠷᠡᠵᠡᠶ᠃       ᠶᠠᠩᠬᠢᠷ ᠯᠤᠭ᠎ᠠ ᠶᠢᠨ ᠬᠤᠪᠢ ᠪᠠᠷᠢᠯᠳᠤᠯᠭ᠎ᠠ      2010 ᠣᠨ ᠤ ᠬᠠᠪᠤᠷ᠂ ᠵᠢᠷᠤᠭ ᠰᠡᠭᠦᠳᠡᠷᠯᠡᠬᠦ ᠳᠤ ᠪᠠᠬ᠎ᠠ ᠲᠠᠢ ᠠᠷᠪᠢᠨ ᠨᠠᠰᠤᠲᠠᠨ ᠬᠡᠷ ᠠᠴᠠ ᠪᠠᠨ ᠠᠷᠪᠠᠨ ᠬᠡᠳᠦᠨ ᠺᠢᠯᠣᠮᠧᠲᠷ ᠵᠠᠶᠢᠲᠠᠶ ᠬᠠᠷᠠᠩᠭᠤᠢ  ᠶᠢᠨ ᠠᠭᠤᠯᠠᠨ ᠳᠤ ᠬᠡᠷᠡᠯ ᠵᠢᠷᠤᠭ ᠰᠡᠭᠦᠳᠡᠷᠯᠡᠬᠦ ᠳᠡᠭᠡᠨ ᠰᠠᠨᠠᠮᠰᠠᠷ ᠥᠬᠡᠶ ᠪᠠᠷ ᠤᠯᠤᠰ ᠤᠨ ᠬᠤᠶᠠᠳᠤᠭᠠᠷ ᠳᠡᠰ ᠤᠨ ᠭᠤᠤᠯᠳᠠᠯᠭ᠎ᠠ ᠲᠠᠢ ᠬᠠᠮᠠᠭᠠᠯᠠᠬᠤ ᠠᠮᠢᠲᠠᠨ ᠶᠠᠩᠬᠢᠷ ᠢ ᠵᠢᠷᠤᠭᠯᠠᠵᠠᠶ᠃ ᠲᠡᠷᠡ ᠮᠠᠰᠢ ᠪᠠᠶᠠᠷᠯᠠᠵᠤ᠂ ᠳᠣᠭᠳᠣᠯᠤᠭᠰᠠᠨ ᠰᠡᠳᠬᠢᠯᠭᠡ ᠪᠠᠨ ᠳᠠᠷᠤᠵᠤ ᠶᠠᠳᠠᠨ ᠬᠥᠭᠰᠡᠵᠦ᠂ ᠲᠡᠭᠦᠨ ᠠᠴᠠ ᠬᠤᠶᠢᠰᠢ ᠶᠠᠩᠬᠢᠷ ᠲᠠᠢ ᠰᠠᠯᠤᠰᠢ ᠥᠬᠡᠶ ᠪᠠᠷᠢᠯᠳᠤᠯᠭ᠎ᠠ ᠲᠠᠢ ᠪᠣᠯᠵᠠᠶ᠃ ᠬᠦᠴᠢᠷ ᠪᠡᠷᠬᠡᠰᠢᠶᠡᠯ ᠲᠠᠢ ᠤᠰᠤ ᠬᠦᠷᠭᠡᠬᠦ ᠵᠠᠮ      ᠰᠠᠨᠠᠮᠰᠠᠷ ᠦᠭᠡᠢ ᠪᠠᠷ ᠶᠠᠩᠬᠢᠷ ᠣᠯᠵᠤ ᠬᠠᠷᠠᠭᠰᠠᠨ ᠠᠴᠠ ᠬᠤᠶᠢᠰᠢ ᠲᠡᠷᠡ ᠰᠠᠨᠠᠭᠠᠴᠢᠯᠠᠭ᠎ᠠ ᠲᠠᠢ ᠪᠠᠷ ᠶᠠᠩᠭᠢᠷ ᠢ ᠮᠥᠷᠳᠡᠨ ᠰᠡᠭᠦᠳᠡᠷᠯᠡᠬᠦ ᠪᠤᠯᠵᠠᠢ᠃ ᠪᠠᠶᠢᠩᠭᠤ ᠰᠡᠭᠦᠳᠡᠷᠯᠡᠳᠡᠭ ᠪᠤᠯᠬᠤᠷ ᠠᠷᠪᠢᠨ ᠡᠮ᠎ᠡ ᠶᠠᠩᠭᠢᠷ ᠤᠨ ᠭᠥᠭᠦᠭᠦᠯᠬᠦ ᠬᠤᠭᠤᠴᠠᠭᠠᠨ ᠤ ᠰᠦ ᠨᠢ ᠪᠠᠷᠤᠭᠲᠠᠢ᠂ ᠢᠰᠢᠭᠡ ᠨᠢ ᠦᠷᠭᠦᠯᠵᠢ ᠴᠠᠳᠬᠤ ᠥᠬᠡᠶ ᠪᠠᠶᠢᠬᠤ ᠶᠢ ᠮᠡᠳᠡᠪᠡ᠃ ᠠᠵᠢᠭᠯᠠᠵᠤ ᠪᠠᠶᠢᠪᠠᠯ ᠠᠭᠤᠯᠠᠨ ᠳᠣᠲᠣᠷ᠎ᠠ ᠭᠠᠩ ᠬᠠᠭᠤᠷᠠᠶ ᠤᠰᠤ ᠬᠦᠷᠦᠯᠴᠡᠬᠦ ᠦᠭᠡᠢ ᠠᠴᠠ ᠪᠣᠯᠵᠣ ᠶᠠᠩᠭᠢᠷ ᠢᠮᠠᠭᠠᠨ ᠤ ᠰᠦ ᠨᠢ ᠪᠠᠭ᠎ᠠ ᠪᠣᠯᠤᠭᠰᠠᠨ ᠭᠡᠵᠦ ᠪᠤᠳᠤᠭᠠᠳ ᠶᠠᠩᠬᠢᠷ ᠲᠤ ᠤᠰᠤ ᠬᠦᠷᠭᠡᠬᠦ ᠪᠣᠳᠣᠯ ᠣᠷᠣᠵᠠᠶ᠃       ᠤᠰᠤ ᠬᠦᠷᠭᠡᠬᠦ ᠭᠡᠪᠡᠯ ᠶᠠᠩᠬᠢᠷ ᠢᠮᠠᠭ᠎ᠠ ᠶᠢᠨ ᠤᠰᠤ ᠤᠤᠭᠤᠬᠤ ᠳᠤ ᠲᠣᠬᠢᠷᠠᠮᠵᠢᠲᠠᠶ ᠭᠠᠵᠠᠷ ᠢ ᠡᠷᠢᠵᠦ ᠤᠯᠬᠤ ᠬᠡᠷᠡᠭᠲᠡᠶ᠂ ᠠᠷᠪᠢᠨ ᠠᠭᠤᠯᠠ ᠬᠠᠳᠠ ᠪᠠᠷ ᠲᠤᠭᠤᠷᠢᠵᠤ ᠪᠠᠶᠢᠭᠠᠳ ᠨᠢᠭᠡᠨ ᠭᠦᠢᠬᠡᠨ ᠰᠢᠭ ᠬᠠᠳᠠᠨ ᠬᠤᠩᠭᠢᠯ ᠪᠠᠶᠢᠬᠤ ᠶᠢ ᠬᠠᠷᠠᠭᠠᠳ᠂ ᠤᠰᠤ ᠬᠠᠳᠠᠭᠠᠯᠠᠬᠤ ᠳᠤ ᠲᠣᠬᠢᠷᠠᠮᠵᠢᠲᠠᠶ ᠪᠣᠯᠬᠤᠷ ᠶᠠᠩᠬᠢᠷ ᠲᠤ ᠤᠰᠤ ᠬᠦᠷᠭᠡᠬᠦ ︽ᠠᠵᠢᠯ︾ ᠢᠶᠠᠨ ᠬᠢᠵᠦ ᠡᠬᠢᠯᠡᠵᠡᠶ᠃ ᠠᠩᠬᠠᠨ ᠳᠤ ᠪᠠᠨ ᠠᠷᠪᠢᠨ ᠳᠠᠮᠨᠠᠭᠤᠷ ᠢᠶᠠᠷ ᠬᠤᠷᠢᠨ ᠵᠢᠩ ᠤᠨ ᠤᠰᠤᠨ ᠰᠠᠭᠤᠯᠠᠭ᠎ᠠ ᠳᠠᠮᠨᠠᠵᠤ ᠠᠭᠤᠯᠠᠨ ᠬᠤᠷᠮᠣᠶ  ᠠᠴᠠ ᠠᠭᠤᠯᠠᠨ ᠣᠷᠣᠶ ᠳᠤ ᠠᠪᠠᠷᠢᠵᠤ ᠭᠠᠷᠳᠠᠭ ᠪᠠᠶᠢᠵᠠᠢ᠂ ᠠᠭᠤᠯᠠᠨ ᠵᠠᠮ ᠢᠶᠠᠷ ᠶᠡᠭᠡ ᠪᠠᠭ᠎ᠠ ᠴᠢᠯᠠᠭᠤ ᠤᠯᠠᠨ᠂ ᠬᠦᠳᠦᠭᠦᠷ ᠬᠤᠳᠤᠭᠤᠷ ᠨᠠᠷᠢᠨ ᠵᠥᠷᠢᠭ ᠢᠶᠠᠷ 60 ᠨᠠᠰᠤ ᠶᠢ ᠬᠡᠲᠦᠯᠵᠦ ᠶᠠᠪᠤᠭ᠎ᠠ ᠠᠷᠪᠢᠨ ᠨᠠᠰᠤᠲᠠᠨ ᠨᠡᠯᠢᠶᠡᠳ ᠭᠦᠴᠢᠷᠳᠡᠵᠦ᠂ ᠵᠠᠭᠤᠭᠠᠳ ᠠᠯᠬᠤᠮ ᠶᠠᠪᠤᠬᠤ ᠪᠦᠷᠢ ᠲᠠᠪᠤᠨ ᠮᠢᠨᠦ᠋ᠲ ᠰᠠᠭᠤᠵᠤ ᠠᠮᠠᠷᠠᠨ᠎ᠠ᠂ ᠳᠠᠬᠢᠭᠠᠳ ᠰᠠᠭᠤᠯᠠᠭ᠎ᠠ ᠲᠠᠢ ᠤᠰᠤ ᠪᠠᠨ ᠲᠠᠮᠨᠠᠵᠤ ᠦᠷᠭᠦᠯᠵᠢᠯᠡᠨ ᠳᠡᠭᠡᠭᠰᠢ ᠠᠪᠠᠷᠢᠨ᠎ᠠ᠂ ᠠᠭᠤᠯᠠᠨ ᠬᠤᠷᠮᠣᠶ ᠠᠴᠠ ᠠᠭᠤᠯᠠᠨ ᠣᠷᠣᠶ ᠳᠡᠭᠡᠷ᠎ᠡ ᠭᠠᠷᠲᠠᠯ᠎ᠠ ᠬᠠᠭᠠᠰ ᠴᠠᠭ ᠢᠯᠡᠭᠦᠦ ᠵᠠᠷᠤᠴᠠᠭᠤᠯᠳᠠᠭ ᠪᠠᠶᠢᠵᠠᠢ᠃       ᠳᠠᠮᠨᠠᠭᠤᠷ ᠢᠶᠠᠷ ᠤᠰᠤ ᠳᠠᠮᠨᠠᠵᠤ ᠠᠭᠤᠯᠠᠨ ᠳᠤ ᠭᠠᠷᠭᠠᠬᠤ ᠳᠤ᠂ ᠰᠠᠭᠤᠯᠠᠭ᠎ᠠ ᠠᠮᠠᠷᠬᠠᠨ ᠰᠠᠵᠢᠯᠠᠨ ᠬᠠᠳᠠ ᠴᠢᠯᠠᠭᠤ ᠲᠠᠢ ᠮᠥᠷᠭᠦᠵᠦ᠂ ᠤᠰᠤ ᠨᠢ ᠠᠰᠬᠠᠭᠳᠠᠨ᠎ᠠ᠂ ᠶᠡᠭᠡ ᠰᠠᠯᠬᠢᠨ ᠲᠠᠢ ᠪᠤᠯ ᠰᠠᠭᠤᠯᠠᠭ᠎ᠠ ᠨᠢ ᠨᠡᠩ ᠠᠮᠠᠷᠬᠠᠨ ᠰᠠᠵᠢᠯᠠᠵᠤ᠂ ᠤᠰᠤ ᠨᠢ ᠴᠦ ᠨᠡᠩ ᠢᠯᠡᠭᠦᠦ ᠠᠰᠬᠠᠭᠳᠠᠳᠠᠭ᠃ ᠢᠩᠬᠢᠭᠡᠳ ᠠᠷᠪᠢᠨ ᠰᠠᠭᠤᠯᠠᠭ᠎ᠠ ᠪᠠᠷ ᠤᠰᠤ ᠵᠥᠭᠡᠭᠡᠬᠦ ᠪᠠᠨ ᠪᠤᠯᠢᠵᠤ᠂ ᠲᠠᠭᠯᠠᠭ᠎ᠠ ᠲᠠᠢ ᠤᠰᠤᠨ ᠰᠠᠭᠤᠯᠠᠭ᠎ᠠ ᠶᠢ ᠬᠤᠶᠠᠷ ᠭᠠᠷᠳᠠᠨ ᠪᠠᠷᠢᠵᠤ ᠠᠭᠤᠯᠠᠨ ᠳᠤ ᠭᠠᠷᠭᠠᠳᠠᠭ ᠪᠤᠯᠪᠠ᠃ ᠠᠰᠬ᠎ᠠ ᠬᠠᠳᠠ᠂ ᠭᠦᠨ ᠭᠤᠤ ᠠᠷᠪᠢᠨ ᠨᠠᠰᠤᠲᠠᠨ ᠤ ᠶᠠᠩᠭᠢᠷ ᠤᠰᠤᠯᠠᠬᠤ ᠵᠤᠷᠢᠭ ᠢ ᠮᠤᠬᠤᠭᠠᠵᠤ ᠴᠢᠳᠠᠭᠰᠠᠨ ᠦᠭᠡᠢ᠃ ᠭᠡᠴᠢᠨᠡᠨ ᠤᠳᠠᠭ᠎ᠠ ᠬᠠᠳᠠ ᠴᠢᠯᠠᠭᠤᠨ ᠳᠤ ᠲᠡᠭᠡᠭᠡᠭᠯᠡᠭᠳᠡᠵᠦ ᠤᠶᠢᠴᠢᠭᠰᠠᠨ ᠴᠦ᠂ ᠰᠢᠷᠬ᠎ᠠ ᠰᠤᠷᠪᠢ ᠤᠯᠤᠭᠰᠠᠨ ᠴᠦ᠂ ᠠᠷᠪᠢᠨ ᠨᠠᠰᠤᠲᠠᠨ ᠠᠭᠤᠯᠠᠨ ᠤᠷᠤᠢ ᠳᠤ ᠳᠠᠪᠠᠵᠤ ᠭᠠᠷᠤᠭᠠᠳ ᠡᠭᠦᠷᠴᠦ ᠢᠷᠡᠭᠰᠡᠨ ᠤᠰᠤ ᠪᠠᠷ ᠢᠶᠠᠨ ᠶᠠᠩᠭᠢᠷ ᠤᠨ ᠰᠦᠷᠦᠭ ᠢ ᠤᠰᠤᠯᠠᠨ᠎ᠠ᠃      ᠤᠰᠤ ᠬᠦᠷᠭᠡᠬᠦ ᠵᠠᠮ ᠳᠡᠭᠡᠷ᠎ᠡ ᠮᠡᠷᠭᠡᠨ ᠠᠷᠭ᠎ᠠ ᠪᠤᠳᠤᠪᠠ      2012 ᠣᠨ ᠤ ᠵᠤᠨ ᠪᠣᠯᠲᠠᠯ᠎ᠠ ᠠᠷᠪᠢᠨ ᠶᠠᠪᠠᠭᠠᠨ ᠢᠶᠠᠷ ᠶᠠᠩᠬᠢᠷ ᠲᠤ ᠤᠰᠤ ᠬᠦᠷᠭᠡᠵᠦ᠂ ᠰᠡᠭᠦᠯᠡᠷ ᠨᠢ ᠨᠠᠰᠤ ᠶᠠᠪᠤᠬᠤ ᠲᠤᠲᠤᠮ ᠶᠡᠭᠡ ᠪᠣᠯᠵᠤ᠂ ᠲᠠᠮᠢᠷ ᠲᠡᠩᠬᠡᠭᠡ ᠴᠦ ᠠᠭᠠᠵᠢᠮ ᠢᠶᠠᠷ ᠮᠠᠭᠤᠳᠠᠨ᠂ ᠶᠠᠪᠠᠭᠠᠨ ᠢᠶᠠᠷ ᠤᠰᠤ ᠬᠦᠷᠭᠡᠵᠦ ᠳᠡᠶᠢᠯᠬᠦ ᠦᠭᠡᠢ ᠪᠤᠯᠵᠠᠢ᠃ ᠶᠠᠩᠬᠢᠷ ᠲᠤ ᠦᠷᠭᠦᠯᠵᠢᠯᠡᠨ ᠤᠰᠤ ᠬᠦᠷᠭᠡᠬᠦ ᠶᠢᠨ ᠲᠥᠯᠥᠭᠡ᠂ ᠲᠡᠷᠡ ᠲᠤᠰᠬᠠᠶᠢᠯᠠᠨ ᠨᠢᠭᠡ ᠠᠭᠤᠯᠠᠨ ᠭᠠᠵᠠᠷ ᠤᠨ ᠮᠣᠲ᠋ᠣᠷ ᠬᠤᠳᠠᠯᠳᠤᠨ ᠠᠪᠴᠤ ᠤᠰᠤ ᠪᠠᠨ ᠠᠴᠢᠵᠤ ᠠᠭᠤᠯᠠᠨ ᠳᠤ ᠭᠠᠷᠪᠠ᠂ ᠡᠨᠡ ᠬᠤᠭᠤᠴᠠᠭᠠᠨ  ᠳᠤ ᠬᠤᠶᠠᠷ ᠮᠤᠲ᠋ᠤᠷ ᠡᠪᠳᠡᠯᠡᠵᠦ᠂ ᠳᠥᠷᠪᠡᠨ ᠲᠣᠰᠣᠨ ᠬᠠᠶᠢᠷᠴᠠᠭ ᠰᠣᠯᠢᠵᠠᠶ᠃ 2012 ᠣᠨ ᠤ ᠵᠣᠨ ᠤ ᠰᠡᠭᠦᠯᠴᠢ ᠨᠠᠮᠤᠷ ᠤᠨ ᠡᠬᠢ ᠪᠠᠷ᠂ ᠠᠷᠪᠢᠨ ᠤᠰᠤ ᠬᠦᠷᠭᠡᠬᠦ ︽ᠰᠢᠨ᠎ᠡ ᠠᠷᠭ᠎ᠠ︾ ᠪᠤᠳᠤᠵᠤ ᠤᠯᠪᠠ᠂ ᠳᠠᠷᠤᠶ ᠬᠤᠭᠤᠯᠠᠶ ᠪᠠᠷ ᠤᠰᠤ ᠬᠦᠷᠭᠡᠵᠦ᠂ ᠬᠤᠭᠤᠯᠠᠶ ᠶᠢ ᠠᠭᠤᠯᠠᠨ ᠣᠷᠣᠶ ᠠᠴᠠ ᠰᠢᠭᠤᠳ ᠠᠭᠤᠯᠠᠨ ᠭᠤᠤ ᠶᠢᠨ ᠤᠰᠤᠨ ᠨᠦᠬᠡᠨ ᠳᠤ ᠣᠷᠣᠭᠤᠯᠤᠨ᠎ᠠ᠂ ᠢᠩᠭᠢᠪᠡᠯ ᠡᠳᠦᠷ ᠪᠦᠷᠢ ᠤᠰᠤ ᠶᠢ ᠠᠭᠤᠯᠠᠨ ᠣᠷᠣᠶ ᠳᠤ ᠲᠠᠲᠠᠵᠤ ᠭᠠᠷᠭᠠᠭᠠᠳ᠂ ᠳᠠᠬᠢᠨ ᠠᠭᠤᠯᠠᠨ ᠣᠷᠣᠶ ᠶᠢᠨ ᠬᠤᠭᠤᠯᠠᠶ ᠪᠠᠷ ᠤᠰᠤ ᠶᠢ ᠬᠠᠳᠠᠨ ᠨᠦᠬᠡᠨ ᠳᠤ ᠳᠠᠮᠵᠢᠭᠤᠯᠪᠠᠯ ᠪᠤᠯᠴᠢᠬᠠᠨ᠎ᠠ᠃ ᠤᠰᠤ ᠬᠦᠷᠭᠡᠬᠦ ᠡᠶᠢᠮᠦᠷᠬᠦ ᠠᠷᠭ᠎ᠠ ᠨᠢ ᠨᠠᠰᠢ ᠴᠠᠰᠢ ᠤᠰᠤ ᠵᠥᠭᠡᠭᠡᠬᠦ ᠴᠢᠬᠤᠯᠠ ᠦᠭᠡᠢ ᠮᠥᠷᠲᠡᠭᠡᠨ ᠤᠰᠤ ᠴᠦ ᠰᠠᠵᠢᠯᠠᠭᠳᠠᠨ ᠠᠰᠬᠠᠭᠳᠠᠬᠤ ᠠᠴᠠ ᠵᠠᠶᠢᠯᠠᠰᠬᠢᠵᠤ ᠴᠢᠳᠠᠵᠠᠢ᠃ ᠡᠪᠦᠯ ᠤᠨ ᠤᠯᠠᠷᠢᠯ ᠳᠤ ᠬᠤᠭᠤᠯᠠᠶ ᠪᠠᠷ ᠤᠰᠤ ᠬᠦᠷᠭᠡᠬᠦ ᠶᠢᠨ ᠠᠷᠭ᠎ᠠ ᠥᠬᠡᠶ ᠪᠣᠯᠣᠭᠠᠳ᠂ ᠠᠷᠪᠢᠨ ᠬᠡᠷ ᠲᠡᠭᠡᠨ ᠮᠥᠰᠥ ᠬᠥᠯᠳᠡᠭᠡᠵᠦ᠂ ᠮᠥᠰᠥ ᠶᠢ ᠬᠡᠮᠬᠡᠯᠦᠭᠰᠡᠨ ᠤ ᠳᠠᠷᠠᠭ᠎ᠠ ᠳᠠᠬᠢᠨ ᠤᠰᠤᠨ ᠨᠦᠬᠡᠨ ᠳᠤ ᠬᠦᠷᠭᠡᠵᠦ᠂ ᠶᠠᠩᠭᠢᠷ ᠢᠮᠠᠭ᠎ᠠ ᠮᠥᠰᠥ ᠶᠢ ᠨᠢ ᠢᠳᠡᠳᠡᠭ ᠪᠠᠶᠢᠵᠠᠢ᠃      ᠬᠠᠷᠠᠮ ᠦᠭᠡᠢ ᠵᠢᠳᠬᠦᠭᠰᠡᠨ ᠴᠦ ᠵᠢᠷᠭᠠᠯᠲᠠᠢ ᠰᠠᠨᠠᠭᠳᠠᠨ᠎ᠠ      ᠤᠰᠤ ᠪᠠᠨ ᠬᠠᠳᠠᠨ ᠬᠤᠩᠭᠢᠯ ᠳᠤ ᠬᠢᠭᠰᠡᠨ ᠤ ᠳᠠᠷᠠᠭ᠎ᠠ ᠠᠷᠪᠢᠨ ᠬᠡᠵᠢᠶᠡᠳᠡ ᠤᠰᠤᠨ ᠠᠴᠠ 50 ᠮᠧᠲᠷ ᠵᠠᠶᠢᠲᠠᠶ ᠪᠠᠶᠢᠭ᠎ᠠ ᠵᠢᠵᠢᠭ ᠴᠢᠯᠠᠭᠤᠨ ᠠᠭᠤᠶ ᠳᠤ ᠨᠢᠭᠤᠭᠳᠠᠵᠤ᠂ ᠶᠠᠩᠬᠢᠷ ᠢ ᠰᠡᠭᠦᠳᠡᠷᠯᠡᠨ᠂ ᠲᠡᠳᠡᠨ ᠤ ᠦᠶᠯᠡ ᠬᠥᠳᠡᠯᠦᠯ ᠢ ᠠᠵᠢᠭᠯᠠᠵᠤ᠂ ᠠᠮᠢᠳᠤᠷᠠᠯ ᠤᠨ ᠵᠠᠩ ᠠᠷᠠᠨᠰᠢᠨ ᠢ ᠨᠢ ᠣᠶᠢᠯᠠᠭᠠᠳᠠᠭ᠂ ᠡᠨᠡ ᠦᠶ᠎ᠡ ᠳᠤ ᠠᠷᠪᠢᠨ ᠬᠠᠮᠤᠭ ᠤᠨ ᠵᠣᠯ ᠵᠢᠷᠭᠠᠯ ᠲᠠᠢ᠂ ᠬᠠᠮᠤᠭ ᠤᠨ ᠪᠠᠶᠠᠷ ᠬᠥᠷ ᠲᠠᠢ ᠪᠠᠶᠢᠳᠠᠭ ᠠᠵᠠᠢ᠃ ᠲᠡᠷᠡ ᠶᠠᠩᠬᠢᠷ ᠢᠮᠠᠭᠠᠳ ᠥᠪᠡᠷ ᠤᠨ ᠬᠢᠨᠢ ᠠᠪᠴᠢᠷᠠᠭᠰᠠᠨ ᠤᠰᠤ ᠶᠢ ᠲᠠᠭᠠᠲᠠᠢ ᠰᠡᠯᠡᠭᠦᠬᠡᠨ ᠤᠤᠭᠤᠵᠤ ᠪᠠᠶᠢᠬᠤ ᠶᠢ ᠬᠠᠷᠠᠭᠠᠳ᠂ ᠶᠠᠭᠠᠬᠢᠵᠤ ᠶᠠᠳᠠᠷᠠᠵᠤ ᠵᠦᠳᠡᠷᠡᠭᠰᠡᠨ ᠢᠶᠠᠨ ᠮᠠᠷᠲᠠᠨ ᠪᠠᠶᠠᠰᠤᠨ᠎ᠠ᠃ ᠡᠲᠡᠭᠡᠷ ᠵᠢᠯ ᠤᠳ ᠲᠤ ᠲᠡᠷᠡ ᠬᠡᠷᠡᠯ ᠵᠢᠷᠤᠭ ᠤᠨ ᠮᠠᠰᠢᠨ ᠢᠶᠠᠷ ᠶᠠᠩᠬᠢᠷ ᠤᠨ ᠵᠢᠵᠢᠭ ᠰᠠᠵᠢᠭ ᠵᠦᠶᠯ ᠢ ᠲᠡᠮᠳᠡᠭᠯᠡᠵᠦ᠂ ᠶᠠᠩᠬᠢᠷ ᠢ ᠰᠡᠭᠦᠳᠡᠷᠯᠡᠭᠰᠡᠨ ᠵᠢᠷᠤᠭᠲᠤ ᠳᠡᠪᠲᠡᠷ ᠨᠢ ᠨᠢᠭᠡᠨᠲᠡ 11 ᠳᠡᠪᠲᠡᠷ ᠪᠣᠯᠵᠠᠶ ᠃ ᠠᠷᠪᠢᠨ᠄ ︽ᠡᠲᠡᠭᠡᠷ ᠬᠤᠪᠣᠷ ᠨᠠᠨᠳᠢᠨ ᠵᠢᠷᠤᠭᠲᠤ ᠳᠡᠪᠲᠡᠷ ᠲᠠᠢ ᠪᠣᠯᠴᠢᠬᠠᠪᠠᠯ᠂ ᠠᠯᠢ ᠨᠢᠭᠡ ᠡᠳᠦᠷ ᠠᠭᠤᠯᠠ ᠠᠪᠠᠷᠢᠵᠤ ᠳᠡᠶᠢᠯᠬᠦ ᠥᠬᠡᠶ ᠪᠣᠯᠪᠠᠯ᠂ ᠬᠡᠷ ᠲᠡᠭᠡᠨ ᠰᠠᠭᠤᠭᠠᠳ ᠡᠲᠡᠭᠡᠷ ᠵᠢᠷᠤᠭᠲᠤ ᠳᠡᠪᠲᠡᠷ ᠢ ᠤᠷᠪᠠᠭᠤᠯᠵᠤ ᠦᠵᠡᠨ᠎ᠡ᠂ ᠶᠠᠭ ᠯᠠ ᠥᠪᠡᠷ ᠤᠨ ᠬᠡᠦᠬᠡᠳ ᠢᠶᠠᠨ ᠦᠵᠡᠵᠦ ᠪᠠᠶᠢᠬᠤ ᠰᠢᠭ︾ ᠬᠡᠮᠡᠨ ᠶᠠᠷᠢᠵᠤ ᠪᠠᠶᠢᠯ᠎ᠠ᠃       2010 ᠣᠨ ᠠᠴᠠ ᠤᠳᠤ ᠪᠣᠯᠲᠠᠯ᠎ᠠ᠂ ᠠᠷᠪᠢᠨ ᠤᠳᠤᠭ ᠬᠤᠰᠢᠭᠤᠨ ᠤ ᠴᠢ ᠫᠠᠨ ᠵᠢᠩ ᠪᠠᠯᠭᠠᠰᠤᠨ ᠤ ᠬᠠᠷᠠᠩᠭᠤᠢ ᠶᠢᠨ ᠠᠭᠤᠯᠠᠨ ᠳᠡᠭᠡᠷᠡᠬᠢ ᠶᠠᠩᠬᠢᠷ ᠲᠤ ᠤᠰᠤ ᠬᠦᠷᠭᠡᠵᠦ᠂ 2900 ᠭᠠᠷᠤᠢ ᠡᠳᠦᠷ ᠬᠤᠨᠤᠭ ᠲᠤ ᠰᠠᠯᠬᠢ ᠪᠣᠷᠣᠭᠠᠨ ᠳᠤ ᠰᠠᠭᠠᠲᠠᠯ ᠦᠭᠡᠢ ᠲᠡᠮᠡᠴᠡᠵᠦ᠂ 30000 ᠭᠠᠷᠤᠢ ᠺᠢᠯᠤᠮᠧᠲᠷ ᠠᠶᠠᠯᠠᠪᠠ᠃ ᠨᠠᠰᠤᠲᠠᠨ ᠤ ᠵᠢᠳᠬᠦᠯ ᠴᠢᠷᠮᠠᠶᠢᠯᠭ᠎ᠠ ᠪᠠᠷ ᠠᠭᠤᠯᠠᠨ ᠳᠡᠭᠡᠷᠡᠬᠢ ᠶᠠᠩᠬᠢᠷ ᠤᠨ ᠲᠤᠭ᠎ᠠ ᠨᠢ ᠬᠡᠳᠦᠨ ᠠᠷᠪᠠ ᠪᠠᠶᠢᠭᠰᠠᠨ ᠠᠴᠠ ᠪᠠᠨ ᠣᠲᠣ ᠬᠡᠳᠦᠨ ᠵᠠᠭᠤ ᠪᠣᠯᠵᠣ᠂ ᠬᠠᠷᠠᠩᠭᠤᠢ ᠶᠢᠨ ᠠᠭᠤᠯᠠ ᠴᠦ ᠶᠠᠩᠭᠢᠷ ᠤᠨ ᠰᠦᠷᠦᠭ ᠤᠨ ᠴᠢᠯᠦᠭᠡᠲᠡᠢ ᠪᠡᠯᠴᠢᠭᠡᠷᠯᠡᠬᠦ ᠨᠤᠲᠤᠭ ᠪᠣᠯᠵᠠᠶ᠃ ᠡᠨᠡᠬᠦ ᠠᠷᠪᠠᠨ ᠬᠡᠳᠦᠨ ᠵᠢᠯ ᠤᠨ ᠳᠤᠷᠰᠢᠬᠢ ᠬᠠᠮᠠᠭᠠᠯᠠᠯᠲᠠ ᠠᠷᠠᠴᠢᠯᠠᠯᠲᠠ ᠪᠣᠯ ᠡᠬᠡ ᠪᠠᠶᠢᠭᠠᠯᠢ ᠪᠠᠨ ᠬᠠᠶᠢᠷᠠᠯᠠᠭᠰᠠᠨ᠂ ᠠᠮᠢ ᠨᠠᠰᠤ ᠶᠢ ᠳᠡᠭᠡᠳᠦᠯᠡᠭᠰᠡᠨ᠂ ᠬᠥᠮᠦᠨ ᠪᠠᠶᠢᠭᠠᠯᠢ ᠶᠢᠨ ᠡᠶ᠎ᠡ ᠵᠣᠬᠢᠴᠠᠯ ᠢ ᠬᠥᠭᠡᠭᠡᠴᠡᠯᠳᠦᠭᠰᠡᠨ ᠰᠠᠶᠢᠨ ᠰᠠᠶᠢᠬᠠᠨ ᠦᠯᠢᠭᠡᠷ ᠳᠠᠭᠤᠷᠢᠶᠠᠯ ᠮᠥᠨ᠃
ᠢᠷᠡᠯᠲᠡ᠄ ᠤᠲᠤᠭ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ