ᠮᠦᠡᠭᠭᠡᠨᠠᠰᠤᠨ
ᠨᠡᠶᠢᠲᠡᠯᠡᠭᠰᠡᠨ ᠴᠠᠭ᠄
2023/1/4
      ᠮᠦᠡᠭᠭᠡᠨᠠᠰᠤᠨ᠂ ᠮᠤᠩᠭᠤᠯ ᠦᠨᠳᠦᠰᠦᠳᠡᠨ᠂ 1961 ᠤᠨ ᠤ 1 ᠳ᠋ᠤᠭᠡᠷ ᠰᠠᠷ᠎ᠠ ᠳᠤ ᠤᠳᠤᠭ ᠬᠤᠰᠢᠭᠤᠨ ᠤ ᠤᠤᠯ ᠤᠨ ᠠᠷᠪᠠᠰ ᠰᠤᠮᠤᠨ ᠤ ᠶᠡᠭᠡᠳᠠᠯᠠᠢ ᠭᠠᠴᠠᠭᠠᠨ ᠳᠤ ᠲᠦᠷᠦᠵᠡᠢ᠃ ᠠᠪᠤ ᠡᠵᠢ ᠠᠴᠠ ᠪᠠᠨ ᠠᠬ᠎ᠠ ᠲᠡᠭᠦᠦ ᠭᠤᠷᠪᠠᠭᠤᠯᠨ ᠵᠠᠶᠠᠭᠠᠵᠤ᠂ ᠭᠤᠷᠪᠠᠨ ᠨᠠᠰᠤᠳᠠᠢ ᠳᠠᠭᠠᠨ ᠪᠠᠭ᠎ᠠ ᠠᠪᠠᠭ᠎ᠠ ᠶᠢᠨ ᠢᠶᠠᠨ ᠡᠭᠦᠳᠡᠨ ᠳᠤ ᠡᠷᠭᠦᠮᠡᠯ ᠭᠦᠪᠡᠭᠦᠨ ᠨᠢ ᠪᠤᠯᠵᠠᠢ᠃ ᠨᠠᠢᠮᠠᠨ ᠨᠠᠰᠤᠳᠠᠢ ᠳᠠᠭᠠᠨ ᠶᠡᠭᠡᠳᠡᠯᠡᠢ ᠭᠠᠴᠠᠭᠠᠨ ᠤ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠳᠤ ᠰᠤᠷᠤᠯᠴᠠᠭᠠᠳ ᠠᠷᠠᠢ ᠵᠢᠯ ᠪᠤᠯᠤᠭᠠᠳᠤᠢ ᠭᠡᠷ ᠲᠡᠭᠡᠨ ᠪᠤᠴᠠᠵᠤ᠂ ᠦᠭᠡᠷ ᠬᠠᠷᠢᠭᠤᠯᠵᠠᠢ᠃ ᠠᠷᠪᠠᠨ ᠲᠦᠷᠪᠡᠳᠡᠢ ᠠᠴᠠ ᠡᠭᠢᠯᠡᠵᠤ ᠲᠠᠭᠢᠨ ᠭᠤᠷᠪᠠᠨ ᠵᠢᠯ ᠪᠢᠴᠢᠭ ᠦᠵᠡᠴᠡᠭᠡᠳ ᠪᠠᠰᠠ ᠭᠡᠷ  ᠲᠡᠭᠡᠨ ᠪᠤᠴᠠᠵᠤ ᠦᠭᠡᠷ ᠢᠶᠠᠨ ᠬᠠᠷᠢᠭᠤᠯᠵᠠᠢ᠃ ᠲᠤᠬᠠᠢ ᠶᠢᠨ ᠦᠶ᠎ᠡ ᠳᠤ ᠶᠡᠭᠡᠳᠠᠯᠠᠢ ᠭᠠᠴᠠᠭ᠎ᠠ ᠭᠡᠭᠴᠢ ᠮᠢᠩᠭ᠎ᠠ ᠲᠤᠯᠤᠭᠠᠨ ᠵᠠᠭᠤ ᠭᠠᠷᠤᠢ ᠠᠳᠤᠭᠤ ᠲᠠᠢ᠂ ᠮᠢᠩᠭ᠎ᠠ ᠭᠠᠷᠤᠢ ᠦᠭᠡᠷ ᠲᠠᠢ ᠪᠠᠶᠠᠨ ᠭᠠᠴᠠᠭ᠎ᠠ ᠪᠠᠶᠢᠵᠠᠢ᠃ ᠪᠡᠯᠴᠢᠭᠡᠷ ᠤᠰᠤ ᠰᠠᠶᠢᠨ ᠬᠤᠯᠨ ᠤᠶᠢᠷ᠎ᠠ ᠳᠤ ᠨᠡᠷ᠎ᠡ ᠲᠠᠢ ᠪᠠᠶᠢᠪᠠ᠃ ᠮᠦᠡᠭᠭᠡᠨᠠᠰᠤᠨ ᠤ ᠠᠪᠤ ᠨᠢ ᠭᠠᠴᠠᠭᠠᠨ ᠤ ᠠᠳᠤᠭᠤᠴᠢᠨ ᠪᠠᠶᠢᠵᠤ᠂ ᠡᠳᠡᠨ ᠤ ᠬᠢᠨ ᠬᠠᠮᠳᠤ ᠶᠢᠨ ᠠᠳᠤᠭᠤ ᠶᠢ ᠴᠤ ᠬᠠᠷᠢᠭᠤᠯᠤᠨ᠎ᠠ᠂ ᠦᠭᠡᠷ ᠢ ᠴᠤ ᠬᠠᠷᠢᠭᠤᠯᠤᠨ᠎ᠠ᠃ ᠲᠡᠷᠨ 1980 ᠤᠨ ᠪᠤᠯᠳᠠᠯ᠎ᠠ ᠬᠠᠮᠳᠤ ᠨᠡᠶᠢᠳᠡ ᠶᠢᠨ ᠦᠭᠡᠷ ᠢ ᠬᠠᠷᠢᠭᠤᠯᠤᠭᠰᠠᠭᠠᠷ ᠢᠷᠡᠵᠡᠢ᠃      ᠶᠡᠭᠡ ᠬᠠᠮᠳᠤ ᠲᠡᠭᠦᠰᠴᠤ ᠡᠷᠦᠭᠡ ᠳᠤ ᠲᠠᠭᠠᠭᠠᠴᠢᠯᠠᠳᠠᠯ᠎ᠠ ᠡᠳᠡᠨ ᠤ ᠬᠢᠨ ᠬᠤᠷᠢ ᠤᠷᠴᠢᠮ ᠦᠭᠡᠷ ᠪᠠ ᠠᠷᠪᠠᠭᠠᠳ ᠠᠳᠤᠭᠤ ᠲᠠᠢ ᠨᠠᠯᠢᠶᠠᠳ ᠴᠢᠨᠡᠭᠡᠯᠢᠭ ᠰᠢᠭ ᠠᠶᠢᠯ ᠪᠠᠶᠢᠪᠠ᠃ ᠡᠳᠡᠨ ᠤ ᠬᠢᠨ ᠵᠢᠷᠤᠭ᠎ᠠ ᠮᠤᠷᠢ ᠲᠠᠰᠤᠷᠠᠭᠰᠠᠨ ᠦᠭᠡᠢ ᠭᠡᠳᠡᠭ᠃      1999 ᠤᠨ ᠠᠴᠠ ᠡᠭᠢᠯᠡᠵᠤ᠂ ᠡᠯ᠎ᠡ ᠱᠠᠳᠤᠨ ᠤ ᠮᠤᠷᠢᠨ ᠤᠷᠤᠯᠳᠤᠭᠠᠨ ᠳᠤ ᠤᠷᠤᠯᠴᠠᠵᠤ᠂ ᠱᠠᠩᠨᠠᠯ ᠭᠦᠭᠢᠭᠦᠯᠦᠯ ᠲᠤᠰᠬᠤ ᠪᠤᠯᠪᠠ᠃ ᠤᠷᠢᠳ ᠬᠤᠵᠢᠳ ᠤᠳᠤᠭ ᠬᠤᠰᠢᠭᠤᠨ ᠤ ᠡᠯ᠎ᠡ ᠰᠤᠮᠤ ᠪᠠᠯᠭᠠᠰᠤᠨ ᠤ ᠨᠠᠶᠢᠷ ᠨᠠᠭᠠᠳᠤᠮ᠂ ᠤᠷᠳᠤᠰ ᠬᠤᠳᠠ ᠶᠢᠨ ᠦᠤᠰᠢᠨ᠂ ᠬᠠᠨᠭ᠍ᠭᠢᠨ᠂ ᠡᠮᠦᠨᠡᠳᠥ ᠬᠤᠰᠢᠭᠤ᠂ ᠡᠵᠡᠨ ᠬᠤᠷᠤᠭ᠎ᠠ ᠵᠡᠷᠭᠡ ᠬᠤᠰᠢᠭᠤᠨ ᠤ ᠨᠠᠶᠢᠷ ᠴᠤᠭᠯᠠᠭᠠᠨ ᠪᠠ ᠤᠷᠤᠨ ᠤ ᠲᠦᠪ ᠭᠦᠭᠡᠬᠤᠳᠠ᠂ ᠪᠠᠶᠠᠨᠨᠠᠭᠤᠷ᠂ ᠲᠦᠷᠪᠡᠳ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠂ ᠠᠯᠠᠱᠠ᠂ ᠶᠦᠨᠨᠡᠨ ᠵᠡᠷᠭᠡ ᠭᠠᠳᠠᠷ ᠲᠤᠳᠤᠷ᠎ᠠ ᠤᠷᠤᠨ ᠤ ᠠᠯᠢ ᠤᠯᠠᠨ ᠨᠠᠶᠢᠷ ᠴᠤᠭᠯᠠᠭᠠᠨ ᠳᠤ ᠤᠷᠤᠯᠴᠠᠵᠤ᠂ ᠲᠡᠭᠦᠨ ᠤ ᠵᠢᠷᠤᠭ᠎ᠠ ᠮᠤᠷᠢ ᠨᠢ ᠠᠯᠳᠠᠨ ᠮᠧᠳᠠᠯ᠂ ᠮᠦᠡᠭᠭᠦᠨ ᠮᠧᠳᠠᠯ᠂ ᠭᠠᠤᠯᠢᠨ ᠮᠧᠳᠠᠯ ᠵᠡᠷᠭᠡ ᠱᠠᠩᠨᠠᠯ ᠭᠦᠭᠢᠭᠦᠯᠦᠯ ᠢ ᠬᠤᠶᠠᠷ ᠵᠠᠭᠤ ᠭᠠᠷᠤᠢ ᠲᠤᠰᠴᠠᠢ᠃ ᠮᠦᠨ ᠴᠤ ᠤᠳᠤᠭ ᠬᠤᠰᠢᠭᠤᠨ ᠤ ᠮᠤᠷᠢᠨ ᠤᠷᠤᠯᠳᠤᠭᠠᠨ ᠤ ᠲᠡᠷᠢᠭᠦᠨ ᠱᠠᠩᠨᠠᠯ ᠬᠠᠮᠤᠭ ᠤᠯᠠᠨ ᠲᠤᠰᠤᠭᠰᠠᠨ ᠭᠦᠮᠦᠨ ᠤ ᠨᠢᠭᠡ ᠨᠢ ᠪᠤᠯᠵᠠᠢ᠃ ᠤᠳᠤ ᠲᠡᠷᠨ ᠤᠷᠳᠤᠰ ᠤᠨ ᠠᠵᠢᠨᠠᠢ ᠭᠦᠯᠦᠭ ᠪᠡᠶ᠎ᠡ ᠲᠠᠮᠢᠷ  ᠤᠨ ᠨᠡᠶᠢᠭᠡᠮᠯᠢᠭ ᠤᠨ ᠲᠡᠳ᠋ ᠲᠠᠷᠤᠭ᠎ᠠ ᠶᠢᠨ ᠲᠤᠰᠢᠶᠠᠯ ᠳᠤ ᠪᠠᠶᠢᠵᠤ᠂ ᠤᠳᠤᠭ ᠤᠨ ᠠᠳᠤᠭᠤᠨ ᠰᠤᠶᠤᠯ ᠢ ᠲᠦᠯᠭᠢᠨ ᠠᠭᠢᠭᠤᠯᠬᠤ ᠪᠠᠷ ᠴᠢᠷᠮᠠᠶᠢᠨ ᠠᠵᠢᠯᠯᠠᠵᠤ ᠪᠠᠶᠢᠨ᠎ᠠ᠃                              ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶
ᠢᠷᠡᠯᠲᠡ᠄ ᠤᠲᠤᠭ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ