ᠮᠦᠡᠭᠭᠡᠨᠠᠰᠤᠨ᠂ ᠮᠤᠩᠭᠤᠯ ᠦᠨᠳᠦᠰᠦᠳᠡᠨ᠂ 1961 ᠤᠨ ᠤ 1 ᠳ᠋ᠤᠭᠡᠷ ᠰᠠᠷ᠎ᠠ ᠳᠤ ᠤᠳᠤᠭ ᠬᠤᠰᠢᠭᠤᠨ ᠤ ᠤᠤᠯ ᠤᠨ ᠠᠷᠪᠠᠰ ᠰᠤᠮᠤᠨ ᠤ ᠶᠡᠭᠡᠳᠠᠯᠠᠢ | ᠭᠠᠴᠠᠭᠠᠨ ᠳᠤ ᠲᠦᠷᠦᠵᠡᠢ᠃ ᠠᠪᠤ ᠡᠵᠢ ᠠᠴᠠ ᠪᠠᠨ ᠠᠬ᠎ᠠ ᠲᠡᠭᠦᠦ ᠭᠤᠷᠪᠠᠭᠤᠯᠨ ᠵᠠᠶᠠᠭᠠᠵᠤ᠂ ᠭᠤᠷᠪᠠᠨ ᠨᠠᠰᠤᠳᠠᠢ ᠳᠠᠭᠠᠨ ᠪᠠᠭ᠎ᠠ ᠠᠪᠠᠭ᠎ᠠ ᠶᠢᠨ ᠢᠶᠠᠨ ᠡᠭᠦᠳᠡᠨ ᠳᠤ | ᠡᠷᠭᠦᠮᠡᠯ ᠭᠦᠪᠡᠭᠦᠨ ᠨᠢ ᠪᠤᠯᠵᠠᠢ᠃ ᠨᠠᠢᠮᠠᠨ ᠨᠠᠰᠤᠳᠠᠢ ᠳᠠᠭᠠᠨ ᠶᠡᠭᠡᠳᠡᠯᠡᠢ ᠭᠠᠴᠠᠭᠠᠨ ᠤ ᠠᠷᠠᠳ ᠠᠴᠠ ᠡᠷᠭᠢᠯᠡᠭᠰᠡᠨ ᠪᠠᠭ᠎ᠠ ᠰᠤᠷᠭᠠᠭᠤᠯᠢ ᠳᠤ ᠰᠤᠷᠤᠯᠴᠠᠭᠠᠳ ᠠᠷᠠᠢ | ᠵᠢᠯ ᠪᠤᠯᠤᠭᠠᠳᠤᠢ ᠭᠡᠷ ᠲᠡᠭᠡᠨ ᠪᠤᠴᠠᠵᠤ᠂ ᠦᠭᠡᠷ ᠬᠠᠷᠢᠭᠤᠯᠵᠠᠢ᠃ ᠠᠷᠪᠠᠨ ᠲᠦᠷᠪᠡᠳᠡᠢ ᠠᠴᠠ ᠡᠭᠢᠯᠡᠵᠤ ᠲᠠᠭᠢᠨ ᠭᠤᠷᠪᠠᠨ ᠵᠢᠯ ᠪᠢᠴᠢᠭ ᠦᠵᠡᠴᠡᠭᠡᠳ ᠪᠠᠰᠠ ᠭᠡᠷ | ᠲᠡᠭᠡᠨ ᠪᠤᠴᠠᠵᠤ ᠦᠭᠡᠷ ᠢᠶᠠᠨ ᠬᠠᠷᠢᠭᠤᠯᠵᠠᠢ᠃ ᠲᠤᠬᠠᠢ ᠶᠢᠨ ᠦᠶ᠎ᠡ ᠳᠤ ᠶᠡᠭᠡᠳᠠᠯᠠᠢ ᠭᠠᠴᠠᠭ᠎ᠠ ᠭᠡᠭᠴᠢ ᠮᠢᠩᠭ᠎ᠠ ᠲᠤᠯᠤᠭᠠᠨ ᠵᠠᠭᠤ ᠭᠠᠷᠤᠢ ᠠᠳᠤᠭᠤ ᠲᠠᠢ᠂ ᠮᠢᠩᠭ᠎ᠠ | ᠭᠠᠷᠤᠢ ᠦᠭᠡᠷ ᠲᠠᠢ ᠪᠠᠶᠠᠨ ᠭᠠᠴᠠᠭ᠎ᠠ ᠪᠠᠶᠢᠵᠠᠢ᠃ ᠪᠡᠯᠴᠢᠭᠡᠷ ᠤᠰᠤ ᠰᠠᠶᠢᠨ ᠬᠤᠯᠨ ᠤᠶᠢᠷ᠎ᠠ ᠳᠤ ᠨᠡᠷ᠎ᠡ ᠲᠠᠢ ᠪᠠᠶᠢᠪᠠ᠃ ᠮᠦᠡᠭᠭᠡᠨᠠᠰᠤᠨ ᠤ ᠠᠪᠤ ᠨᠢ ᠭᠠᠴᠠᠭᠠᠨ ᠤ | ᠠᠳᠤᠭᠤᠴᠢᠨ ᠪᠠᠶᠢᠵᠤ᠂ ᠡᠳᠡᠨ ᠤ ᠬᠢᠨ ᠬᠠᠮᠳᠤ ᠶᠢᠨ ᠠᠳᠤᠭᠤ ᠶᠢ ᠴᠤ ᠬᠠᠷᠢᠭᠤᠯᠤᠨ᠎ᠠ᠂ ᠦᠭᠡᠷ ᠢ ᠴᠤ ᠬᠠᠷᠢᠭᠤᠯᠤᠨ᠎ᠠ᠃ ᠲᠡᠷᠨ 1980 ᠤᠨ ᠪᠤᠯᠳᠠᠯ᠎ᠠ ᠬᠠᠮᠳᠤ | ᠨᠡᠶᠢᠳᠡ ᠶᠢᠨ ᠦᠭᠡᠷ ᠢ ᠬᠠᠷᠢᠭᠤᠯᠤᠭᠰᠠᠭᠠᠷ ᠢᠷᠡᠵᠡᠢ᠃ | ᠶᠡᠭᠡ ᠬᠠᠮᠳᠤ ᠲᠡᠭᠦᠰᠴᠤ ᠡᠷᠦᠭᠡ ᠳᠤ ᠲᠠᠭᠠᠭᠠᠴᠢᠯᠠᠳᠠᠯᠠ ᠡᠳᠡᠨ ᠤ ᠬᠢᠨ ᠬᠤᠷᠢ ᠤᠷᠴᠢᠮ ᠦᠭᠡᠷ ᠪᠠ ᠠᠷᠪᠠᠭᠠᠳ ᠠᠳᠤᠭᠤ ᠲᠠᠢ ᠨᠠᠯᠢᠶᠠᠳ ᠴᠢᠨᠡᠭᠡᠯᠢᠭ ᠰᠢᠭ | ᠠᠶᠢᠯ ᠪᠠᠶᠢᠪᠠ᠃ ᠡᠳᠡᠨ ᠤ ᠬᠢᠨ ᠵᠢᠷᠤᠭ᠎ᠠ ᠮᠤᠷᠢ ᠲᠠᠰᠤᠷᠠᠭᠰᠠᠨ ᠦᠭᠡᠢ ᠭᠡᠳᠡᠭ᠃ | 1999 ᠤᠨ ᠠᠴᠠ ᠡᠭᠢᠯᠡᠵᠤ᠂ ᠡᠯ᠎ᠡ ᠱᠠᠳᠤᠨ ᠤ ᠮᠤᠷᠢᠨ ᠤᠷᠤᠯᠳᠤᠭᠠᠨ ᠳᠤ ᠤᠷᠤᠯᠴᠠᠵᠤ᠂ ᠱᠠᠩᠨᠠᠯ ᠭᠦᠭᠢᠭᠦᠯᠦᠯ ᠲᠤᠰᠬᠤ ᠪᠤᠯᠪᠠ᠃ ᠤᠷᠢᠳ ᠬᠤᠵᠢᠳ | ᠤᠳᠤᠭ ᠬᠤᠰᠢᠭᠤᠨ ᠤ ᠡᠯ᠎ᠡ ᠰᠤᠮᠤ ᠪᠠᠯᠭᠠᠰᠤᠨ ᠤ ᠨᠠᠶᠢᠷ ᠨᠠᠭᠠᠳᠤᠮ᠂ ᠤᠷᠳᠤᠰ ᠬᠤᠳᠠ ᠶᠢᠨ ᠦᠤᠰᠢᠨ᠂ ᠬᠠᠨᠭ᠍ᠭᠢᠨ᠂ ᠡᠮᠦᠨᠡᠳᠥ ᠬᠤᠰᠢᠭᠤ᠂ ᠡᠵᠡᠨ ᠬᠤᠷᠤᠭ᠎ᠠ | ᠵᠡᠷᠭᠡ ᠬᠤᠰᠢᠭᠤᠨ ᠤ ᠨᠠᠶᠢᠷ ᠴᠤᠭᠯᠠᠭᠠᠨ ᠪᠠ ᠤᠷᠤᠨ ᠤ ᠲᠦᠪ ᠭᠦᠭᠡᠬᠤᠳᠠ᠂ ᠪᠠᠶᠠᠨᠨᠠᠭᠤᠷ᠂ ᠲᠦᠷᠪᠡᠳ᠂ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠂ | ᠠᠯᠠᠱᠠ᠂ ᠶᠦᠨᠨᠡᠨ ᠵᠡᠷᠭᠡ ᠭᠠᠳᠠᠷ ᠲᠤᠳᠤᠷ᠎ᠠ ᠤᠷᠤᠨ ᠤ ᠠᠯᠢ ᠤᠯᠠᠨ ᠨᠠᠶᠢᠷ ᠴᠤᠭᠯᠠᠭᠠᠨ ᠳᠤ ᠤᠷᠤᠯᠴᠠᠵᠤ᠂ ᠲᠡᠭᠦᠨ ᠤ ᠵᠢᠷᠤᠭ᠎ᠠ ᠮᠤᠷᠢ ᠨᠢ ᠠᠯᠳᠠᠨ ᠮᠧᠳᠠᠯ᠂ | ᠮᠦᠡᠭᠭᠦᠨ ᠮᠧᠳᠠᠯ᠂ ᠭᠠᠤᠯᠢᠨ ᠮᠧᠳᠠᠯ ᠵᠡᠷᠭᠡ ᠱᠠᠩᠨᠠᠯ ᠭᠦᠭᠢᠭᠦᠯᠦᠯ ᠢ ᠬᠤᠶᠠᠷ ᠵᠠᠭᠤ ᠭᠠᠷᠤᠢ ᠲᠤᠰᠴᠠᠢ᠃ ᠮᠦᠨ ᠴᠤ ᠤᠳᠤᠭ ᠬᠤᠰᠢᠭᠤᠨ ᠤ ᠮᠤᠷᠢᠨ | ᠤᠷᠤᠯᠳᠤᠭᠠᠨ ᠤ ᠲᠡᠷᠢᠭᠦᠨ ᠱᠠᠩᠨᠠᠯ ᠬᠠᠮᠤᠭ ᠤᠯᠠᠨ ᠲᠤᠰᠤᠭᠰᠠᠨ ᠭᠦᠮᠦᠨ ᠤ ᠨᠢᠭᠡ ᠨᠢ ᠪᠤᠯᠵᠠᠢ᠃ ᠤᠳᠤ ᠲᠡᠷᠨ ᠤᠷᠳᠤᠰ ᠤᠨ ᠠᠵᠢᠨᠠᠢ ᠭᠦᠯᠦᠭ ᠪᠡᠶ᠎ᠡ ᠲᠠᠮᠢᠷ | ᠤᠨ ᠨᠡᠶᠢᠭᠡᠮᠯᠢᠭ ᠤᠨ ᠲᠡᠳ᠋ ᠲᠠᠷᠤᠭ᠎ᠠ ᠶᠢᠨ ᠲᠤᠰᠢᠶᠠᠯ ᠳᠤ ᠪᠠᠶᠢᠵᠤ᠂ ᠤᠳᠤᠭ ᠤᠨ ᠠᠳᠤᠭᠤᠨ ᠰᠤᠶᠤᠯ ᠢ ᠲᠦᠯᠭᠢᠨ ᠠᠭᠢᠭᠤᠯᠬᠤ ᠪᠠᠷ ᠴᠢᠷᠮᠠᠶᠢᠨ ᠠᠵᠢᠯᠯᠠᠵᠤ | ᠪᠠᠶᠢᠨ᠎ᠠ᠃ | | ︽ᠤᠲᠤᠭ ᠬᠤᠰᠢᠭᠤᠨ ᠤ ᠮᠤᠩᠭᠤᠯ ᠦᠨᠳᠦᠰᠦᠲᠡᠨ ᠤ ᠪᠤᠳᠠᠰ ᠤᠨ ᠪᠤᠰᠤ ᠰᠤᠶᠤᠯ ᠤᠨ ᠥᠪ︾ ᠪᠠᠢ ᠭᠡᠷᠡᠯᠲᠦ ᠭᠤᠤᠯᠯᠠᠨ ᠨᠠᠶᠢᠷᠠᠭᠤᠯᠪᠠ ︵ | ᠤᠲᠤᠭ ᠬᠤᠰᠢᠭᠤᠨ ᠤ ᠤᠯᠤᠰ ᠲᠦᠷᠦ ᠶᠢᠨ ᠵᠥᠪᠯᠡᠯᠭᠡᠨ︶ |