ᠬᠡᠤᠭᠡᠳ ᠤᠨ ᠴᠡᠭᠡᠷ ᠬᠤᠷᠢᠭ᠎ᠠ ᠶᠢᠨ ᠲᠤᠬᠠᠢ
ᠨᠡᠶᠢᠲᠡᠯᠡᠭᠰᠡᠨ ᠴᠠᠭ᠄
2023/10/10
      ᠮᠤᠩᠭᠤᠯᠴᠤᠳ ᠬᠡᠤᠬᠡᠳ ᠲᠤ ᠪᠠᠭ᠎ᠠ ᠠᠴᠠ ᠨᠢ ᠴᠡᠭᠡᠷ ᠬᠤᠷᠢᠭ᠎ᠠ ᠶᠢ ᠮᠡᠳᠡᠭᠦᠯᠵᠦ᠂ ᠶᠤᠰᠤ ᠨᠤᠮ ᠲᠠᠢ ᠬᠦᠮᠦᠵᠢᠬᠦᠯᠬᠦ ᠶᠢ ᠤᠨᠴᠠ ᠠᠩᠬᠠᠷᠳᠠᠭ᠃ ᠬᠡᠤᠬᠡᠳ  ᠤᠨ ᠴᠡᠭᠡᠷ ᠬᠤᠷᠢᠭ᠎ᠠ ᠭᠡᠵᠦ ᠤᠯᠠᠨ ᠵᠦᠢᠯ ᠪᠠᠶᠢᠳᠠᠭ᠃ ᠬᠡᠤᠭᠡᠳ ᠠᠷᠢᠬᠢ ᠲᠠᠮᠠᠬᠢ ᠤᠤᠭᠤᠵᠤ ᠲᠠᠳᠠᠵᠤ ᠪᠤᠯᠬᠤ ᠦᠭᠡᠢ᠂ ᠡᠯᠳᠡᠪ ᠪᠤᠯᠬᠢ ᠪᠦᠳᠦᠭᠦᠯᠢᠭ ᠦᠭᠡ ᠪᠠᠷ ᠬᠦᠮᠦᠨ ᠢ ᠬᠠᠷᠢᠶᠠᠵᠤ ᠪᠤᠯᠬᠤ ᠦᠭᠡᠢ᠂ ᠬᠦᠮᠦᠨ ᠤ ᠶᠠᠭᠤᠮ᠎ᠠ ᠶᠢ ᠲᠤᠷ᠎ᠠ ᠪᠠᠷ ᠠᠪᠴᠤ ᠪᠤᠯᠬᠤ ᠦᠭᠡᠢ᠂ ᠬᠤᠳᠠᠯ ᠭᠡᠯᠡᠬᠦ ᠶᠢ ᠲᠠᠰᠤ ᠴᠡᠭᠡᠷᠯᠡᠳᠡᠭ᠃ ᠶᠡᠬᠡᠴᠤᠳ ᠲᠠᠢ ᠨᠢᠭᠡ ᠦᠶ᠎ᠡ ᠶᠢᠨ ᠬᠦᠮᠦᠰ ᠢ ᠠᠪᠠᠭ᠎ᠠ᠂ ᠨᠠᠭ᠎ᠠ᠂ ᠠᠶᠢᠯ ᠤᠨ ᠠᠪᠤ᠂ ᠠᠶᠢᠯ ᠤᠨ ᠡᠵᠢ᠂ ᠡᠮᠡᠭᠡ ᠡᠪᠦᠭᠡ ᠭᠡᠵᠦ ᠬᠦᠨᠳᠤᠳᠭᠡᠨ ᠲᠠᠭᠤᠳᠠᠬᠤ ᠠᠴᠠ ᠪᠢᠰᠢ ᠬᠠᠷᠢᠨ ᠨᠡᠷ᠎ᠡ ᠪᠠᠷ ᠨᠢ ᠲᠠᠭᠤᠳᠠᠵᠤ ᠪᠤᠯᠬᠤ ᠦᠭᠡᠢ᠃ ᠠᠬ᠎ᠠ ᠡᠭᠡᠴᠢ ᠲᠠᠢ ᠨᠢᠭᠡ ᠦᠶ᠎ᠡ ᠶᠢᠨ ᠬᠢᠨ ᠢ ᠠᠶᠢᠯ ᠤᠨ ᠠᠬ᠎ᠠ᠂ ᠠᠶᠢᠯ ᠤᠨ ᠡᠭᠡᠴᠢ ᠬᠡᠮᠡᠨ ᠲᠠᠭᠤᠳᠠᠵᠤ᠂ ᠲᠡᠬᠦᠦ ᠨᠠᠷ ᠬᠡᠤᠬᠡᠳ ᠤᠳ ᠢ ᠲᠡᠭᠦᠦ ᠭᠡᠮᠡᠨ ᠲᠠᠭᠤᠳᠠᠵᠤ ᠲᠤᠳᠤᠨᠤᠴᠢᠯᠠᠳᠠᠭ᠃ ᠬᠡᠤᠬᠡᠳ ᠬᠠᠶᠢᠴᠢ ᠬᠢᠳᠤᠭ᠎ᠠ ᠮᠡᠳᠦ ᠶᠢᠨ ᠢᠷ ᠲᠠᠢ ᠡᠳ᠋ᠯᠡᠯ ᠬᠡᠷᠡᠭᠰᠡᠯ ᠢᠶᠠᠷ ᠨᠠᠭᠠᠳᠴᠤ ᠪᠤᠯᠬᠤ ᠦᠭᠡᠢ᠂ ᠨᠡᠩ ᠴᠦ ᠡᠳᠡᠭᠡᠷ ᠶᠠᠭᠤᠮ᠎ᠠ ᠶᠢ ᠬᠦᠮᠦᠨ ᠤ ᠵᠦᠭ ᠬᠠᠨᠳᠤᠭᠤᠯᠬᠤ ᠪᠤᠶᠤ ᠠᠮᠠᠨ ᠳᠤ ᠪᠠᠨ ᠵᠠᠭᠤᠵᠤ ᠪᠤᠯᠬᠤ ᠦᠭᠡᠢ᠃ ᠡᠭᠦᠳᠦᠨ ᠤ ᠪᠤᠷᠤᠭᠤ ᠲᠠᠯ᠎ᠠ ᠪᠠᠷ ᠤᠷᠤᠵᠤ ᠭᠠᠷᠴᠤ ᠪᠤᠯᠬᠤ ᠦᠭᠡᠢ᠂ ᠭᠠᠯ ᠤᠰᠤ ᠪᠠᠷ ᠨᠠᠭᠠᠳᠴᠤ ᠪᠤᠯᠬᠤ ᠦᠭᠡᠢ᠂ ᠪᠤᠰᠤᠳ ᠤᠨ ᠮᠠᠯᠠᠭᠠᠢ ᠬᠤᠪᠴᠠᠰᠤᠨ ᠤ ᠲᠡᠭᠡᠭᠦᠷ ᠠᠯᠬᠤᠵᠤ ᠪᠤᠯᠳᠠᠭ ᠦᠭᠡᠢ᠃ ᠪᠤᠳᠠᠭ᠎ᠠ ᠢᠳᠡᠬᠦ ᠳᠤ ᠪᠠᠨ ᠠᠶᠠᠭ᠎ᠠ ᠰᠢᠨᠠᠭ᠎ᠠ ᠪᠠᠨ ᠴᠤᠬᠢᠵᠤ ᠪᠠᠯᠪᠠᠵᠤ ᠪᠤᠯᠬᠤ ᠦᠭᠡᠢ᠃ ᠶᠡᠭᠡ ᠬᠦᠮᠦᠰ ᠤᠨ ᠶᠠᠷᠢᠶᠠᠨ ᠤ ᠲᠤᠮᠳᠠ ᠤᠷᠤᠵᠤ ᠪᠤᠯᠬᠤ ᠦᠭᠡᠢ᠃ ᠬᠡᠤᠬᠡᠳ ᠬᠤᠷᠤᠬᠠᠢ ᠰᠢᠪᠠᠵᠢ ᠪᠤᠯᠵᠤᠮᠤᠷ ᠢ ᠠᠯᠠᠵᠤ ᠪᠤᠯᠬᠤ ᠦᠭᠡᠢ᠂ ᠭᠡᠷ ᠲᠤᠳᠤᠷ᠎ᠠ ᠢᠰᠭᠡᠷᠴᠦ ᠪᠤᠯᠬᠤ ᠦᠭᠡᠢ᠂ ᠡᠷᠲᠡ ᠪᠤᠰᠤᠮᠠᠭᠴᠠ ᠤᠷᠤᠨ ᠲᠤᠳᠤᠷ᠎ᠠ  ᠪᠠᠨ ᠲᠠᠭᠤᠤ ᠠᠶᠠᠯᠠᠬᠤ ᠪᠠ ᠦᠳᠡᠰᠢ ᠤᠨᠳᠠᠬᠤ ᠳᠤ ᠪᠠᠨ ᠲᠠᠭᠤᠤ ᠠᠶᠠᠯᠠᠵᠤ ᠪᠤᠯᠬᠤ ᠦᠭᠡᠢ ᠭᠡᠲᠡᠭ᠃ ᠬᠡᠤᠬᠡᠳ ᠢ ᠡᠨᠡ ᠮᠡᠳᠦ ᠭᠡᠷ ᠤᠨ ᠰᠤᠷᠭᠠᠯ ᠢᠶᠠᠷ ᠦᠰᠭᠡᠨ ᠬᠦᠮᠦᠵᠢᠬᠦᠯᠵᠤ᠂ ᠨᠠᠰᠤᠨ ᠳᠤ ᠬᠦᠷᠪᠡᠯ ᠬᠦᠪᠡᠬᠦᠨ ᠨᠢ ᠪᠡᠷᠢ ᠠᠪᠴᠤ ᠡᠭᠦᠳᠡ ᠡᠷᠦᠬᠡ ᠪᠠᠨ ᠵᠠᠯᠭᠠᠮᠵᠢᠯᠠᠵᠤ᠂ ᠦᠬᠢᠨ ᠨᠢ ᠬᠦᠮᠦᠨ ᠤ ᠡᠭᠦᠳᠡᠨ ᠳᠤ ᠮᠤᠷᠳᠠᠵᠤ ᠭᠠᠯ ᠭᠤᠯᠤᠮᠲᠠ  ᠶᠢ ᠨᠢ ᠰᠡᠷᠭᠦᠭᠡᠨ ᠶᠠᠪᠤᠬᠤ ᠶᠢᠷᠲᠢᠨᠴᠦ ᠶᠢᠨ ᠶᠤᠰᠤᠨ ᠢ ᠲᠠᠭᠠᠨ᠎ᠠ᠃ ᠡᠬᠦᠨ ᠢ ︽ᠭᠠᠷ ᠢ ᠨᠢ ᠭᠠᠨᠵᠤᠭᠠᠨ ᠳᠤ ᠬᠦᠷᠭᠡᠵᠦ᠂ ᠬᠦᠯ ᠢ ᠨᠢ ᠲᠦᠷᠦᠭᠡᠨ ᠳᠤ ᠭᠦᠷᠭᠡᠯ᠎ᠡ︾ ᠭᠡᠵᠦ ᠶᠠᠷᠢᠳᠠᠭ ᠰᠠᠨ᠃ 
ᠢᠷᠡᠯᠲᠡ᠄ ᠪᠠᠶᠠᠨ ᠨᠠᠭᠤᠷ ᠤᠨ ᠰᠤᠨᠢᠨ ᠤ ︽ᠲᠡᠯᠭᠡᠷ ᠬᠠᠩᠭᠠᠢ︾ ᠪᠤᠯᠤᠩ