ᠶᠠᠫᠤᠨ ᠤ ᠬᠡᠥᠬᠡᠳ ᠤᠨ ᠴᠡᠴᠡᠷᠯᠢᠭ ᠤᠨ ᠰᠤᠷᠭᠠᠨ ᠬᠦᠮᠦᠵᠢᠯ
ᠨᠡᠶᠢᠲᠡᠯᠡᠭᠰᠡᠨ ᠴᠠᠭ᠄
2023/10/10
      ᠶᠠᠫᠤᠨ ᠤ ᠴᠡᠴᠡᠷᠯᠢᠭ ᠤᠨ ᠰᠤᠷᠭᠠᠨ ᠬᠦᠮᠦᠵᠢᠯ ᠨᠢ ᠬᠡᠤᠬᠡᠳ ᠦᠶ᠎ᠠ ᠶᠢᠨ ᠤᠨᠴᠡᠯᠢᠬ ᠰᠢᠨᠵᠢ ᠵᠢᠴᠢ ᠬᠡᠤᠬᠡᠳ ᠨᠠᠶᠢᠬᠡᠮ ᠤᠨ ᠤᠷᠴᠢᠨ ᠲᠤᠭᠤᠷᠢᠨ ᠲᠠᠢ ᠦᠢᠷᠡᠲᠦᠬᠤ ᠪᠠᠷ ᠰᠠᠭᠤᠷᠢ ᠪᠤᠯᠭᠠᠨ ᠬᠦᠮᠦᠵᠢᠯ ᠬᠢᠲᠡᠭ ᠪᠤᠯᠬᠤᠷ ᠪᠠᠭᠰᠢ ᠨᠡᠷ ᠪᠤᠯᠤᠨ ᠬᠡᠤᠬᠡᠳ ᠤᠳ ᠬᠠᠮᠲᠦᠪᠡᠷ ᠰᠠᠶᠢᠨ ᠰᠠᠶᠢᠬᠠᠨ ᠰᠤᠷᠭᠠᠨ ᠬᠦᠮᠦᠵᠢᠯ ᠤᠨ ᠤᠷᠴᠢᠨ ᠲᠤᠭᠤᠷᠢᠨ ᠢ ᠪᠤᠢ ᠪᠤᠯᠭᠠᠬᠤ ᠪᠠᠷ ᠴᠢᠷᠮᠠᠶᠢᠵᠡᠭᠠᠲᠠᠬ᠃       ᠶᠠᠫᠤᠨ ᠤ ᠬᠡᠤᠬᠡᠳ ᠤᠨ ᠴᠡᠴᠡᠷᠯᠢᠭ ᠤᠨ ᠠᠮᠢᠲᠦᠷᠡᠯ ᠤᠨ ᠬᠡᠯᠪᠡᠷᠢ ᠶᠢ ᠲᠤᠷ᠎ᠠ ᠶᠢᠨ ᠠᠵᠢᠯᠯᠠᠭ᠎ᠠ ᠪᠡ ᠬᠠᠮᠲᠦ ᠶᠢᠨ ᠠᠵᠢᠯᠯᠠᠭ᠎ᠠ ᠬᠡᠵᠤ ᠬᠤᠪᠢᠶᠠᠲᠠᠬ᠃ ᠶᠠᠫᠤᠨ ᠤ ᠬᠡᠤᠬᠡᠳ ᠤᠨ ᠴᠡᠴᠡᠷᠯᠢᠭ ᠲᠤᠷ᠎ᠠ ᠶᠢᠨ ᠠᠵᠢᠯᠯᠠᠭ᠎ᠠ ᠪᠠᠷ ᠭᠤᠤᠯ ᠴᠤᠬᠴᠡ ᠪᠤᠯᠭᠠᠵᠤ᠂ ᠠᠩᠬᠢ ᠨᠢᠬᠡᠴᠡ᠂ ᠡᠯ᠎ᠠ ᠨᠠᠰᠤᠨ ᠤ ᠱᠠᠲᠤᠨ ᠳᠠᠬᠢ ᠬᠡᠤᠬᠡᠳ ᠲᠤ ᠦᠪᠡᠷ ᠤᠨ ᠲᠤᠷ᠎ᠠ ᠰᠤᠨᠢᠷᠬᠠᠯ ᠢᠶᠠᠨ ᠦᠨᠲᠦᠰᠤᠯᠡᠨ ᠬᠡᠷ ᠤᠨ ᠭᠠᠲᠠᠨᠠᠬᠢ ᠲᠤᠮᠤ ᠬᠡᠯᠪᠡᠷᠢ ᠶᠢᠨ ᠪᠠᠶ᠎ᠠ ᠶᠢᠨ ᠬᠦᠲᠡᠯᠬᠡᠬᠡᠨ ᠤ ᠪᠠᠭᠠᠵᠢ ᠲᠤᠨᠤᠬ ︵ᠲᠡᠬᠦᠵᠢᠩ᠂ ᠲᠡᠪᠭᠡᠷᠭᠡ ᠤᠷᠤ᠂ ᠠᠪᠡᠷᠢᠬᠤ ᠵᠢᠶᠠᠰᠡ ᠵᠡᠷᠬᠡ︶᠂ ᠪᠠᠭ᠎ᠠ ᠬᠡᠯᠪᠡᠷᠢ ᠶᠢᠨ ᠬᠦᠲᠡᠯᠭᠡᠭᠡᠨ ᠤ ᠪᠠᠭᠠᠵᠢ ᠬᠡᠷᠡᠭᠰᠡᠯ ︵ᠪᠦᠮᠪᠦᠭᠡ᠂ ᠲᠡᠭᠡᠰᠤ᠂ ᠡᠯᠡᠰᠤ ᠵᠡᠷᠭᠡ ᠪᠠᠭᠠᠵᠢ ᠭᠡᠷᠡᠭᠰᠡᠯ︶ ᠵᠢᠴᠢ ᠭᠡᠷ ᠲᠤᠲᠤᠷᠡᠬᠢ ᠨᠠᠭᠠᠲᠦᠮ ᠲᠤᠬᠯᠠᠭᠠᠮ ᠤᠨ ᠵᠦᠢᠯᠡᠰ ︵ᠵᠡᠷᠬᠡᠯᠡᠬᠦ ᠮᠤᠲᠤᠨ ᠲᠤᠬᠯᠠᠭᠠᠮ᠂ ᠨᠤᠮ ᠪᠢᠴᠢᠭ ᠵᠢᠷᠤᠬ ᠲᠡᠪᠲᠡᠷ ᠵᠡᠷᠬᠡ︶ ᠢ ᠰᠠᠶᠢᠨ ᠲᠤᠷ᠎ᠠ ᠠᠴᠠ ᠪᠠᠨ ᠰᠤᠩᠭᠤᠵᠤ ᠨᠠᠭᠠᠳᠬᠤ ᠪᠤᠶᠤ ᠰᠤᠨᠢᠷᠬᠠᠬᠤ᠂ ᠬᠡᠤᠬᠡᠳ ᠤᠨ ᠰᠡᠳᠬᠢᠴᠡ ᠶᠢᠨ ᠲᠠᠯ᠎ᠠ ᠪᠠᠷ ᠬᠢ ᠲᠤᠷ᠎ᠠ ᠪᠠᠬ᠎ᠠ ᠶᠢ ᠠᠯᠢ ᠴᠢᠲᠠᠬᠤᠶᠢᠢᠴᠡ ᠪᠠᠷ ᠬᠠᠨᠭ᠍ᠭᠠᠵᠤ᠂ ᠡᠷᠡᠬᠦᠯ ᠬᠦᠭᠵᠢᠯᠲᠡ ᠶᠢ ᠠᠬᠢᠭᠤᠯᠲᠠᠬ᠃       ᠶᠠᠫᠤᠨ ᠤ ᠬᠡᠤᠬᠡᠳ ᠤᠨ ᠴᠡᠴᠡᠷᠯᠢᠭ ᠨᠢ ᠲᠤᠬᠯᠠᠭᠠᠮ ᠢᠶᠠᠷ ᠵᠠᠭᠤᠴᠢ ᠪᠤᠯᠭᠠᠵᠤ᠂ ᠬᠡᠤᠬᠡᠳ ᠤᠨ ᠮᠡᠲᠡᠷᠡᠬᠦ ᠴᠢᠲᠡᠪᠤᠷᠢ ᠶᠢ ᠬᠦᠢᠴᠡᠳ ᠬᠦᠮᠦᠵᠢᠬᠦᠯᠵᠤ᠂ ᠨᠠᠭᠠᠲᠦᠮ ᠤᠨ ᠶᠠᠪᠤᠴᠡ ᠳᠤ ᠮᠡᠲᠡᠯᠬᠡ ᠬᠤᠷᠡᠮᠲᠦᠭᠤᠯᠤᠨ᠂ ᠲᠤᠷᠰᠢᠯᠭ᠎ᠠ ᠪᠠᠨ ᠪᠠᠲᠤᠳᠬᠠᠵᠤ᠂ ᠡᠬᠦᠨ ᠤ ᠤᠯᠡᠮ ᠢᠶᠠᠷ ᠪᠦᠬᠦ ᠲᠠᠯ᠎ᠠ ᠶᠢᠨ ᠬᠦᠭᠵᠢᠯᠲᠡ ᠶᠢ ᠠᠬᠢᠭᠤᠯᠲᠠᠬ᠃ ᠡᠲᠦᠷ ᠪᠦᠷᠢ ᠲᠦᠯᠤᠪᠯᠡᠭᠡ ᠲᠠᠢ᠂ ᠵᠤᠬᠢᠶᠡᠨ ᠪᠠᠶᠢᠭᠤᠯᠤᠯᠲᠡ ᠲᠠᠢ ᠰᠤᠷᠭᠠᠨ ᠬᠦᠮᠦᠵᠢᠯ ᠤᠨ ᠠᠵᠢᠯᠯᠠᠭ᠎ᠠ ᠲᠤᠲᠤᠷ᠎ᠠ᠂ ᠬᠠᠮᠲᠦ ᠶᠢᠨ ᠠᠵᠢᠯᠯᠠᠭ᠎ᠠ ᠶᠢᠨ ᠴᠠᠬ ᠤᠨ ᠡᠵᠡᠯᠡᠬᠦ ᠬᠠᠷᠢᠴᠡᠯ ᠨᠢ ᠲᠤᠩ ᠪᠠᠭ᠎ᠠ᠂ ᠪᠠᠷᠤᠬ ᠡᠲᠦᠷ ᠲᠤ 20 ᠊᠊᠊᠊ 50 ᠮᠢᠨᠦ᠋ᠲ ᠯᠡ ᠪᠠᠶᠢᠲᠠᠬ᠃ ᠡᠬᠦᠡ ᠳᠡᠭᠡᠨ ᠭᠤᠤᠯᠲᠠᠭᠤ ᠮᠠᠨᠲᠦ ᠠᠰᠠᠭᠤᠬᠤ᠂ ᠲᠠᠭᠤᠤ ᠲᠠᠭᠤᠯᠠᠬᠤ᠂ ᠦᠯᠢᠭᠡᠷ ᠰᠤᠨᠤᠰᠬᠤ᠂ ᠴᠠᠭᠠᠰᠤ ᠨᠤᠭᠤᠯᠬᠤ ᠠᠵᠢᠯᠯᠠᠭ᠎ᠠ ᠵᠡᠷᠬᠡ ᠰᠠᠭᠤᠷᠢ ᠮᠡᠲᠡᠯᠬᠡ᠂ ᠦᠨᠲᠦᠰᠤᠨ ᠤᠷ᠎ᠠ ᠴᠢᠲᠡᠪᠤᠷᠢ ᠶᠢᠨ ᠬᠦᠮᠦᠵᠢᠯ ᠬᠢᠲᠡᠭ ᠃   
ᠢᠷᠡᠯᠲᠡ᠄ ᠲᠤᠮᠳᠠᠳᠦ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ