10 ᠰᠠᠷ᠎ᠠ ᠶᠢᠨ 12 ᠤᠨ ᠡᠳᠦᠷ ᠤᠨ ᠦᠳᠡ ᠶᠢᠨ ᠡᠮᠦᠨ᠎ᠡ᠂ ᠤᠲᠤᠭ ᠬᠤᠰᠢᠭᠤᠨ ᠤ ᠤᠳᠬ᠎ᠠ ᠵᠤᠬᠢᠶᠠᠯ ᠤᠷᠠᠯᠢᠭ ᠤᠨ ᠬᠢᠨ ᠤ ᠬᠤᠯᠪᠤᠭ᠎ᠠ᠂ ᠤᠲᠤᠭ | ᠬᠤᠰᠢᠭᠤᠨ ᠤ ᠦᠨᠳᠦᠰᠦᠲᠡᠨ ᠤ ᠬᠡᠷᠡᠭ ᠡᠷᠬᠢᠯᠡᠬᠦ ᠵᠥᠪᠯᠡᠯ᠂ ᠤᠲᠤᠭ ᠬᠤᠰᠢᠭᠤᠨ ᠤ ᠮᠦᠽᠸᠢ ᠠᠴᠠ ᠭᠤᠤᠯᠯᠠᠨ ᠡᠷᠬᠢᠯᠡᠭᠰᠡᠨ ᠵᠤᠬᠢᠶᠠᠭᠴᠢ ᠮ᠊ · ᠬᠠᠰᠪᠠᠭᠠᠨ᠎ᠠ ᠶᠢᠨ | ︽ᠤᠷᠠᠨ ᠵᠤᠬᠢᠶᠠᠯ ᠤᠨ ᠰᠤᠳᠤᠨ ᠬᠡᠯᠡᠯᠭᠡ︾ ᠶᠢᠨ ᠤᠷᠠᠨ ᠪᠢᠴᠢᠯᠭᠡ ᠶᠢᠨ ᠳᠡᠯᠭᠡᠨ ᠦᠵᠡᠭᠦᠯᠭᠡ ᠤᠲᠤᠭ ᠬᠤᠰᠢᠭᠤᠨ ᠤ ᠮᠦᠽᠸᠢ ᠳᠤ ᠶᠠᠪᠤᠭᠳᠠᠪᠠ᠃ | ᠠᠬᠤᠢ ᠲᠠᠯᠠᠪᠠᠢ ᠳᠤ ᠤᠷᠠᠨ ᠪᠢᠴᠢᠯᠭᠡ ᠤᠷᠠᠨ ᠪᠥᠲᠥᠭᠡᠯ ᠳᠤ ᠰᠤᠨᠢᠷᠬᠠᠯᠲᠠᠢ ᠬᠦᠮᠦᠰ ᠬᠤᠷᠠᠨ ᠴᠤᠭᠯᠠᠷᠠᠵᠤ᠂ ᠭᠤᠶᠢᠳᠠ ᠰᠠᠶᠢᠬᠠᠨ ᠮᠤᠩᠭᠤᠯ ᠤᠷᠠᠨ | ᠪᠢᠴᠢᠯᠭᠡ ᠤᠯᠠᠨ ᠳᠠᠶᠠᠭᠠᠷ ᠤᠨ ᠬᠠᠷᠠᠭ᠎ᠠ ᠶᠢ ᠪᠤᠯᠢᠶᠠᠨ ᠰᠡᠳᠬᠢᠯ ᠢ ᠳᠠᠲᠠᠵᠤ ᠪᠠᠶᠢᠯ᠎ᠠ᠃ ᠨᠡᠩ ᠴᠦ ᠠᠯᠳᠠᠷᠲᠤ ᠵᠤᠬᠢᠶᠠᠭᠴᠢ ᠮ᠊ · ᠬᠠᠰᠪᠠᠭᠠᠨ᠎ᠠ ᠪᠤᠯᠤᠨ ᠬᠠᠰᠪᠤᠯᠠᠭ | ᠤᠨ ᠨᠤᠮ ᠪᠥᠲᠥᠭᠡᠯ ᠢ ᠭᠠᠷ ᠤᠨ ᠦᠰᠦᠭ ᠵᠢᠷᠤᠭᠤᠯᠤᠨ ᠠᠪᠬᠤ ᠪᠠᠷ ᠮᠥᠷᠯᠡᠨ ᠵᠢᠭᠰᠠᠭᠰᠠᠨ ᠵᠢᠭᠰᠠᠭᠠᠯ ᠤᠷᠲᠤ ᠮᠥᠷ ᠪᠤᠯᠤᠨ ᠰᠤᠨᠵᠢᠷᠠᠵᠤ᠂ ᠵᠤᠬᠢᠶᠠᠭᠴᠢ ᠶᠢᠨ | ᠭᠠᠷ ᠤᠨ ᠦᠰᠦᠭ ᠵᠢᠷᠤᠭᠤᠯᠤᠭᠰᠠᠨ ᠰᠤᠩᠭᠤᠳᠠᠭ ᠪᠥᠲᠥᠭᠡᠯ ᠤᠳ ᠢ ᠲᠡᠪᠡᠷᠢᠭᠰᠡᠨ ᠬᠦᠮᠦᠰ ᠴᠢᠷᠠᠢ ᠳᠦᠭᠦᠷᠡᠩ ᠪᠠᠶᠠᠷ ᠤᠨ ᠮᠥᠰᠢᠶᠡᠯ ᠲᠤᠳᠤᠷᠠᠭᠤᠯᠵᠤ ᠰᠡᠳᠬᠢᠯ | ᠳᠦᠭᠦᠷᠡᠩ ᠪᠤᠴᠠᠵᠠᠭᠠᠨ᠎ᠠ᠃ | |