ᠲᠠᠪᠤᠨ ᠬᠤᠰᠢᠭᠤ ᠮᠠᠯ ᠤᠨ ᠰᠦ ᠪᠠᠷ ᠪᠤᠯᠪᠠᠰᠤᠷᠠᠭᠤᠯᠤᠭᠰᠠᠨ ᠢᠳᠡᠭᠡᠨ ᠢ ᠠᠷᠢᠭᠤᠨ ᠴᠠᠭᠠᠨ᠂ ᠠᠷᠢᠭ ᠴᠠᠶᠢᠯᠭᠠᠨ ᠬᠡᠮᠡᠬᠦ ᠰᠠᠨᠠᠭ᠎ᠠ ᠪᠠᠷ ᠴᠠᠭᠠᠨ ᠢᠳᠡᠭᠡ ᠭᠡᠵᠤ | ᠨᠡᠷᠡᠯᠡᠭᠰᠡᠨ ᠶᠤᠮ᠃ ᠴᠠᠭᠠᠨ ᠢᠳᠡᠭᠡ ᠪᠠᠨ ᠨᠠᠨᠳᠢᠩᠨᠠᠨ ᠬᠦᠨᠳᠦᠳᠭᠡᠳᠡᠭ ᠤᠴᠢᠷ ᠠᠴᠠ ᠭᠡᠶᠢᠴᠢᠨ ᠵᠤᠴᠢᠨ ᠢᠷᠡᠪᠡᠰᠦ ︽ᠴᠠᠶᠢᠯᠭᠠᠨ ᠰᠡᠳᠭᠢᠯ᠂ ᠴᠠᠭᠠᠨ ᠪᠤᠶᠠᠨ ᠤ | ᠳᠡᠭᠡᠵᠢ︾ ᠭᠡᠵᠤ ᠡᠩ ᠲᠡᠷᠢᠭᠦᠨ ᠳᠤ ᠴᠡᠭᠡ ᠰᠦ ᠶᠦᠭᠡᠨ ᠡᠷᠭᠦᠨ ᠪᠠᠷᠢᠵᠦ᠂ ᠪᠢᠴᠢᠬᠠᠨ ᠬᠡᠦᠬᠡᠳ ᠤᠨ ᠵᠤᠯᠠᠢ᠂ ᠮᠠᠩᠨᠠᠢ ᠳᠤᠨᠢ ᠦᠷᠦᠮ᠎ᠡ ᠪᠤᠶᠤ ᠰᠢᠷ᠎ᠠ ᠲᠤᠰᠤ ᠶᠢ | ᠢᠳᠠᠮ ᠬᠤᠷᠤᠭᠤ ᠪᠠᠷ ᠮᠢᠯᠢᠶᠠᠨ ᠲᠦᠷᠬᠢᠵᠦ᠂ ︽ᠲᠤᠰᠤᠨ ᠳᠡᠭᠡᠷ᠎ᠡ ᠲᠤᠭᠯᠠᠵᠦ᠂ ᠲᠤᠷᠭᠠᠨ ᠳᠡᠭᠡᠷ᠎ᠡ ᠦᠩᠭᠦᠷᠢᠲᠦᠭᠡᠢ︾ ᠬᠡᠮᠡᠨ ᠢᠷᠦᠭᠡᠵᠦ᠂ ᠢᠳᠠᠮ | ᠬᠤᠷᠤᠭᠤᠨ ᠠᠴᠠ ᠪᠤᠰᠤᠳ ᠬᠤᠷᠤᠭᠤ ᠪᠠᠷ ᠴᠠᠭᠠᠨ ᠢᠳᠡᠭᠡ ᠪᠠᠨ ᠡᠷᠭᠦᠬᠦ᠂ ᠦᠭᠭᠦ᠂ ᠠᠮᠠᠰᠠᠬᠤ ᠶᠤᠰᠤ ᠦᠢᠯᠡᠳᠬᠦ ᠶᠢ ᠴᠡᠭᠡᠷᠯᠡᠨ᠎ᠡ᠃ ᠴᠠᠭᠠᠨ ᠢᠳᠡᠭᠡ ᠶᠢ | ᠵᠤᠭᠰᠤᠭ᠎ᠠ ᠶᠠᠪᠤᠭ᠎ᠠ ᠪᠠᠷ ᠠᠮᠰᠠᠬᠤ᠂ ᠢᠳᠡᠬᠦ ᠶᠢ ᠴᠡᠭᠡᠷᠯᠡᠨ᠎ᠡ᠃ ᠲᠦᠪᠬᠢᠨᠡᠭᠦᠨ ᠰᠠᠭᠤᠵᠦ ᠢᠳᠡᠵᠦ ᠤᠤᠭᠤᠬᠤ ᠬᠡᠷᠡᠭᠲᠡᠢ᠃ ᠴᠠᠭᠠᠨ ᠢᠳᠡᠭᠡ ᠶᠢ ᠪᠤᠰᠤᠳ ᠲᠤ | ᠦᠭᠪᠡᠯ ᠪᠤᠶᠠᠨ ᠳᠠᠭᠠᠨ᠎ᠠ ᠭᠡᠵᠤ ᠰᠠᠪᠠ ᠶᠢ ᠳᠦᠭᠦᠷᠭᠡᠭᠡᠳ ᠡᠷᠭᠢᠭᠦᠯᠵᠦ ᠦᠪᠡᠷ ᠤᠨ ᠰᠠᠪᠠᠨ ᠳᠠᠭᠠᠨ ᠪᠠᠭ᠎ᠠ ᠬᠢᠵᠦ ᠦᠯᠡᠳᠡᠭᠡᠨ ᠠᠪᠤᠭᠠᠳ ᠦᠭᠳᠡᠭ ᠶᠤᠰᠤ ᠪᠤᠢ᠃ | ᠰᠦᠨᠢ ᠪᠣᠯ ᠴᠠᠭᠠᠨ ᠢᠳᠡᠭᠡ ᠶᠢ ᠬᠦᠮᠦᠨ ᠳᠤ ᠢᠯᠡ ᠪᠠᠷ ᠰᠢᠭᠤᠳ ᠦᠭᠭᠦ ᠶᠢ ᠴᠡᠭᠡᠷᠯᠡᠳᠡᠭ᠃ ᠬᠡᠷᠪᠡ ᠬᠦᠮᠦᠨ ᠳᠤ ᠵᠠᠪᠠᠯ ᠦᠭᠭᠦ ᠴᠢᠬᠤᠯᠠ ᠲᠠᠢ ᠪᠣᠯ ᠭᠡᠷ ᠤᠨ | ᠬᠦᠮᠦᠰ ᠨᠢ ᠰᠠᠪᠠᠯᠠᠵᠦ ᠨᠢᠭᠤᠭᠰᠠᠨ ᠪᠠᠶᠢᠳᠠᠯ ᠭᠠᠷᠭᠠᠨ᠂ ᠠᠪᠴᠤ ᠶᠠᠪᠤᠬᠤ ᠬᠦᠮᠦᠨ ᠨᠢ ᠦᠭᠡ ᠳᠠᠭᠤ ᠭᠠᠷᠭᠠᠯ ᠦᠭᠡᠢ ᠪᠠᠷ ᠰᠡᠮᠡᠬᠡᠨ ᠠᠪᠴᠤ ᠶᠠᠪᠤᠨ᠎ᠠ᠃ | ᠴᠠᠭᠠᠨ ᠢᠳᠡᠭᠡ ᠠᠮᠰᠠᠬᠤ ᠳᠠᠭᠠᠨ ᠬᠤᠪᠴᠠᠰᠤ ᠬᠤᠨᠠᠷ ᠰᠤᠯᠠ ᠵᠠᠳᠠᠭᠠᠢ ᠪᠠᠶᠢᠬᠤ ᠶᠢ ᠴᠡᠭᠡᠷᠯᠡᠨ᠎ᠡ᠃ ᠠᠶᠢᠷᠠᠭ ᠲᠤ ᠬᠤᠵᠢᠷ ᠳᠠᠪᠤᠰᠤ ᠬᠦᠷᠭᠡᠬᠦ᠂ ᠬᠤᠷᠤᠳ ᠢ | ᠭᠠᠯ ᠳᠤ ᠰᠢᠷᠠᠬᠤ᠂ ᠰᠢᠷ᠎ᠠ ᠲᠤᠰᠤ ᠪᠠᠷ ᠴᠠᠭᠠᠨ ᠢᠳᠡᠭᠡ ᠠᠮᠰᠠᠭᠤᠯᠬᠤ ᠵᠡᠷᠭᠡ ᠶᠢ ᠴᠡᠭᠡᠷᠯᠡᠨ᠎ᠡ᠃ ᠮᠤᠩᠭᠤᠯᠴᠤᠳ᠂ ᠴᠠᠭᠠᠨ ᠢᠳᠡᠭᠡᠨ ᠢᠶᠠᠨ ᠢᠳᠡᠭᠡᠨ ᠤ ᠵᠦᠢᠯ ᠪᠠ | ᠤᠮᠳᠠᠭᠠᠨ ᠤ ᠵᠦᠢᠯ ᠭᠡᠵᠤ ᠬᠤᠶᠠᠷ ᠵᠦᠢᠯ ᠳᠤ ᠠᠩᠭᠢᠯᠠᠳᠠᠭ᠃ ᠢᠳᠡᠭᠡᠨ ᠤ ᠵᠦᠢᠯ ᠳᠤ᠄ ᠠᠭᠠᠷᠤᠤᠯ᠂ ᠬᠤᠷᠤᠳ᠂ ᠪᠢᠰᠢᠯᠠᠭ᠂ ᠦᠷᠦᠮ᠎ᠡ᠂ ᠰᠢᠷ᠎ᠠ ᠲᠤᠰᠤ᠂ | ᠵᠦᠭᠡᠬᠡᠢ᠂ ᠴᠦᠴᠦᠭᠡᠢ ᠂ ᠡᠭᠡᠵᠡᠭᠡᠢ᠂ ᠰᠦᠨ ᠲᠠᠯᠬ᠎ᠠ ᠵᠡᠷᠭᠡ ᠪᠠᠶᠢᠵᠦ︔ ᠤᠮᠳᠠᠭᠠᠨ ᠤ ᠵᠦᠢᠯ ᠳᠤ᠄ ᠤᠭᠤᠷᠠᠭ᠂ ᠰᠦ᠂ ᠡᠰᠦᠭ᠂ ᠴᠡᠭᠡ᠂ ᠡᠭᠡᠳᠡᠮᠦᠭ᠂ ᠠᠶᠢᠷᠠᠭ᠂ | ᠲᠠᠷᠠᠭ ᠵᠡᠷᠭᠡ ᠪᠠᠭᠲᠠᠨ᠎ᠠ᠃ ᠴᠠᠭᠠᠨ ᠢᠳᠡᠭᠡ᠂ ᠤᠯᠠᠭᠠᠨ ᠢᠳᠡᠭᠡ ᠶᠢ ᠬᠤᠯᠢᠬᠤ ᠶᠢ ᠴᠡᠭᠡᠷᠯᠡᠳᠡᠭ᠃ ᠰᠦ ᠪᠣᠯ ᠴᠠᠭᠠᠨ᠂ ᠠᠷᠢᠭᠤᠨ᠂ ᠴᠢᠰᠤ ᠪᠣᠯ ᠤᠯᠠᠭᠠᠨ ᠤᠴᠢᠷ | ᠰᠦ ᠮᠡᠲᠦ ᠠᠷᠢᠭᠤᠨ ᠪᠢᠰᠢ ᠭᠡᠵᠤ ᠦᠵᠡᠳᠡᠭ᠃ ᠰᠦ ᠨᠢ ᠤᠰᠤ ᠴᠠᠢ ᠶᠢ ᠴᠠᠭᠠᠨ ᠪᠤᠯᠭᠠᠳᠠᠭ ᠴᠦ ᠴᠢᠰᠤ ᠶᠢ ᠴᠠᠶᠢᠷᠠᠭᠤᠯᠵᠦ᠂ ᠴᠢᠰᠤᠨ ᠤ ᠴᠢᠨᠠᠷ ᠢ | ᠬᠤᠪᠢᠷᠠᠭᠤᠯᠬᠤ ᠳᠤ ᠪᠡᠷᠬᠡ ᠲᠤᠯᠠ ᠤᠯᠠᠭᠠᠨ ᠴᠠᠭᠠᠨ ᠢᠳᠡᠭᠡ ᠶᠢ ᠬᠤᠯᠢᠳᠠᠭ ᠦᠭᠡᠢ᠃ | ᠲᠠᠬᠢᠯᠭ᠎ᠠ ᠪᠤᠶᠤ ᠳᠠᠶᠢᠯᠠᠯᠭ᠎ᠠ ᠳᠡᠭᠡᠷ᠎ᠡ ᠰᠢᠭᠦᠰᠦ ᠲᠠᠯᠪᠢᠬᠤ ᠳᠠᠭᠠᠨ ᠬᠤᠨᠢᠨ ᠤ ᠲᠤᠯᠤᠭᠠᠢ ᠳᠡᠭᠡᠷ᠎ᠡ ᠨᠢ ᠬᠤᠷᠤᠳ ᠴᠠᠭᠠᠨ ᠢᠳᠡᠭᠡ ᠪᠠᠷ ᠦᠩᠭᠡ ᠲᠠᠯᠪᠢᠵᠦ ︽ | ᠴᠠᠶᠢᠷᠠᠭᠤᠯᠳᠠᠭ︾ ᠠᠵᠢ᠃ ᠰᠦ ᠴᠠᠭ᠎ᠠ ᠪᠣᠯ ᠠᠷᠢᠭᠤᠨ ᠴᠢᠨᠠᠷᠲᠤ ᠢᠳᠡᠭᠡᠨ ᠤᠮᠳᠠᠭᠠᠨ ᠪᠤᠯᠬᠤᠷ ᠰᠦ ᠴᠠᠭ᠎ᠠ ᠲᠠᠢ ᠤᠷᠤᠯᠳᠤᠬᠤ ᠠᠯᠢᠪᠠ ᠳᠤᠬᠢᠶᠠᠯᠳᠤᠯ ᠳᠤ ᠵᠠᠪᠠᠯ | ᠠᠷᠢᠭᠤᠨ ᠴᠡᠪᠡᠷ ᠪᠠᠶᠢᠬᠤ ᠶᠢ ᠬᠢᠴᠢᠶᠡᠳᠡᠭ᠃ ᠭᠠᠷ ᠢᠶᠠᠨ ᠤᠬᠢᠶᠠᠯ ᠦᠭᠡᠢ ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠲᠠᠢ ᠤᠷᠤᠯᠳᠤᠬᠤ ᠶᠢ ᠲᠤᠩ | ᠴᠡᠭᠡᠷᠯᠡᠳᠡᠭ᠃ ᠰᠦ ᠰᠠᠭᠠᠯᠢ ᠪᠠ ᠴᠠᠭᠠᠨ ᠢᠳᠡᠭᠡᠨ ᠤ ᠳᠡᠭᠡᠭᠦᠷ ᠠᠯᠬᠤᠵᠦ ᠭᠢᠰᠭᠢᠬᠦ᠂ ᠬᠤᠷᠮᠤᠢ ᠪᠠᠨ ᠡᠷᠭᠢᠯᠳᠦᠭᠦᠯᠬᠦ᠂ ᠭᠤᠲᠤᠯ ᠤᠶᠢᠮᠤᠰᠤ᠂ ᠦᠮᠦᠳᠦ ᠮᠡᠲᠦ ︽ | ᠪᠤᠵᠠᠷ︾ ᠵᠦᠢᠯ ᠰᠦ ᠰᠠᠭᠠᠯᠢ ᠲᠠᠢ ᠤᠶᠢᠷᠠᠲᠤᠬᠤ ᠶᠢ ᠴᠡᠭᠡᠷᠯᠡᠳᠡᠭ᠃ ᠰᠦ ᠰᠠᠭᠠᠯᠢ ᠪᠤᠵᠠᠷᠲᠤᠪᠠᠯ ᠦᠨᠢᠶ᠎ᠡ ᠭᠡᠭᠦᠦ ᠶᠢᠨ ᠳᠡᠯᠡᠩ ᠬᠠᠪᠤᠳᠬᠤ ᠪᠤᠶᠤ ᠰᠦ ᠭᠠᠰᠢᠯᠬᠤ᠂ | ᠴᠡᠭᠡ ᠠᠶᠢᠷᠠᠭ ᠤᠨ ᠬᠦᠷᠦᠩᠭᠡ ᠬᠦᠴᠦ ᠰᠤᠯᠠᠷᠠᠵᠦ᠂ ᠬᠦᠮᠦᠨ ᠤ ᠬᠡᠶᠢᠮᠦᠷᠢ ᠬᠡᠪᠲᠡᠵᠦ᠂ ᠬᠢᠵᠢᠭ ᠡᠪᠡᠳᠴᠢᠨ ᠢᠷᠡᠨ᠎ᠡ᠃ ᠨᠤᠬᠠᠢ᠂ ᠮᠤᠤᠷ᠂ ᠰᠢᠪᠠᠭᠤ | ᠱᠠᠭᠠᠵᠠᠭᠠᠢ ᠶᠢᠨ ᠠᠮᠠ ᠬᠤᠩᠰᠢᠶᠠᠷ ︽ᠪᠤᠵᠠᠷ︾ ᠲᠤᠯᠠ ᠰᠦ ᠰᠠᠭᠠᠯᠢ ᠪᠠ ᠢᠳᠡᠭᠡᠨ ᠤᠮᠳᠠᠭᠠᠨ ᠤ ᠰᠠᠪᠠᠨ ᠳᠤ ᠤᠶᠢᠷᠠᠳᠬᠤ ᠶᠢ ᠴᠡᠭᠡᠷᠯᠡᠳᠡᠭ᠃ ᠰᠦ ᠶᠢ | ᠬᠠᠷᠠᠩᠭᠤᠢ ᠰᠦᠨᠢ ᠭᠠᠳᠠᠭᠰᠢ ᠭᠠᠷᠭᠠᠬᠤ᠂ ᠠᠶᠢᠯ ᠵᠤᠨ ᠳᠤ ᠦᠭᠭᠦ ᠶᠢ ᠴᠡᠭᠡᠷᠯᠡᠳᠡᠭ᠃ ᠰᠦ ᠪᠣᠯ ᠠᠷᠢᠭᠤᠨ ᠴᠠᠭᠠᠨ ᠪᠤᠯᠬᠤᠷ ᠬᠠᠷ᠎ᠠ ᠬᠠᠷᠠᠩᠭᠤᠢ ᠲᠠᠢ ᠨᠡᠶᠢᠯᠡᠳᠡᠭ | ᠦᠭᠡᠢ᠂ ᠠᠯᠪᠠ ᠪᠠᠷ ᠨᠡᠶᠢᠯᠡᠭᠦᠯᠪᠡᠯ ᠰᠦ ᠪᠤᠵᠠᠷᠳᠤᠨᠠ᠃ ᠰᠦ ᠠᠰᠬᠠᠪᠠᠯ ᠠᠮᠠᠨ ᠤ ᠬᠡᠰᠢᠭ ᠲᠤ ᠮᠠᠭᠤ ᠭᠡᠨ᠎ᠡ᠃ ᠰᠠᠨᠠᠭᠠᠨ ᠳᠤ ᠦᠭᠡᠢ ᠠᠰᠬᠠᠬᠰᠠᠨ ᠪᠠᠶᠢᠪᠠᠯ | ᠳᠤᠮᠳᠠ ᠬᠤᠷᠤᠭᠤ ᠪᠠᠷ ᠢᠶᠠᠨ ᠳᠤᠬᠤᠨ ᠳᠠᠭᠠᠨ ᠲᠦᠷᠬᠢᠵᠦ ᠴᠡᠭᠡᠷ ᠲᠠᠶᠢᠯᠤᠨ᠎ᠠ᠃ ᠰᠦ ᠲᠠᠢ ᠢᠳᠡᠭᠡᠨ ᠲᠠᠢ ᠳᠠᠪᠤᠰᠤᠯᠢᠭ ᠵᠦᠢᠯ ᠢ ᠬᠤᠯᠢᠵᠦ ᠢᠳᠡᠬᠦ ᠶᠢ ᠴᠡᠭᠡᠷᠯᠡᠨ᠎ᠡ᠃ | ᠰᠦ ᠳᠡᠭᠡᠷ᠎ᠡ ᠬᠠᠷ᠎ᠠ ᠤᠰᠤ᠂ ᠴᠢᠰᠤ ᠳᠤᠰᠤᠭᠠᠬᠤ ᠶᠢ ᠴᠡᠭᠡᠷᠯᠡᠨ᠎ᠡ᠃ ᠠᠶᠢᠯ ᠳᠤ ᠬᠦᠷᠬᠦ ᠳᠤ ᠠᠶᠢᠯ ᠤᠨ ᠬᠦᠮᠦᠨ ᠬᠤᠲᠠᠨ ᠳᠤᠲᠤᠷ᠎ᠠ ᠪᠠᠨ ᠰᠦ ᠰᠠᠭᠠᠵᠦ | ᠪᠠᠶᠢᠭᠠᠳ ᠰᠠᠭᠤᠯᠭ᠎ᠠ ᠲᠠᠢ ᠰᠦ ᠪᠠᠨ ᠪᠠᠷᠢᠵᠦ ᠤᠭᠲᠤᠵᠦ ᠢᠷᠡᠬᠦ ᠳᠠᠭᠠᠷᠢᠯᠳᠤᠪᠠᠯ᠂ ᠡᠷᠬᠡᠪᠰᠢ ᠰᠦ ᠲᠠᠢ ᠰᠠᠪᠠ ᠶᠢ ᠨᠢ ᠠᠪᠴᠤ ᠪᠠᠷᠢᠭᠠᠳ ᠭᠡᠷ ᠲᠤᠨᠢ ᠤᠷᠤᠬᠤ | ᠶᠤᠰᠤᠲᠠᠢ᠃ ᠡᠨᠡ ᠨᠢ ᠴᠠᠭᠠᠨ ᠢᠳᠡᠭᠡ ᠶᠢ ᠲᠡᠷᠢᠭᠦᠨ ᠵᠡᠷᠭᠡ ᠶᠢᠨ ᠢᠳᠡᠭᠡᠨ ᠭᠡᠵᠤ ᠬᠦᠨᠳᠦᠳᠭᠡᠵᠦ ᠪᠠᠶᠢᠭ᠎ᠠ ᠶᠠᠪᠤᠳᠠᠯ ᠮᠥᠨ᠃ ᠴᠠᠭᠠᠨ ᠢᠳᠡᠭᠡ ᠢᠳᠡᠬᠦ ᠳᠡᠭᠡᠨ | ᠰᠠᠪᠬ᠎ᠠ ᠬᠡᠷᠡᠭᠯᠡᠪᠡᠯ ᠴᠠᠭᠠᠨ ᠢᠳᠡᠭᠡ ᠢᠳᠡᠬᠦ ᠠᠮᠠᠨ ᠤ ᠬᠡᠰᠢᠭ ᠦᠭᠡᠢ ᠪᠤᠯᠤᠨ᠎ᠠ᠃ ᠴᠠᠭᠠᠨ ᠢᠳᠡᠭᠡ ᠢᠳᠡᠭᠡᠳ ᠰᠠᠪᠠ ᠶᠢ ᠨᠢ ᠬᠦᠮᠦᠷᠢᠵᠦ ᠲᠠᠯᠪᠢᠪᠠᠯ ᠪᠤᠶᠠᠨ | ᠬᠡᠰᠢᠭ ᠲᠤ ᠮᠠᠭᠤ᠂ ᠰᠦ ᠴᠠᠭᠠᠨ ᠢᠳᠡᠭᠡᠨ ᠤ ᠡᠭᠦᠳᠡ ᠬᠠᠭᠠᠭᠳᠠᠨ᠎ᠠ᠃ ᠴᠠᠭᠠᠨ ᠢᠳᠡᠭᠡ ᠶᠢ ᠤᠷᠢᠳᠤ ᠵᠦᠭ ᠲᠤ ᠬᠠᠷᠠᠭᠤᠯᠤᠨ ᠠᠶᠠᠭᠠᠯᠠᠬᠤ ᠰᠠᠪᠠᠯᠠᠬᠤ ᠶᠢ | ᠴᠡᠭᠡᠷᠯᠡᠨ᠎ᠡ᠃ ᠵᠦᠷᠢᠴᠡᠪᠡᠯ ᠭᠠᠷᠤᠵᠠ ᠭᠠᠷᠤᠯᠭ᠎ᠠ ᠨᠢᠭᠤᠷᠯᠠᠨ᠎ᠠ᠃ | | |