ᠬᠡᠦᠬᠡᠳ ᠢ ᠴᠡᠬᠡᠨ ᠳᠡᠯᠬᠡᠴᠡ ᠠᠴᠠ ᠬᠤᠯᠠᠬᠠᠨ ᠪᠠᠶᠢᠯᠭᠠᠶ᠎ᠠ
ᠨᠡᠶᠢᠲᠡᠯᠡᠭᠰᠡᠨ ᠴᠠᠭ᠄
2023/10/8
      ᠬᠢᠵᠢᠭ ᠤᠨ ᠨᠦᠯᠦᠬᠡ ᠠᠴᠠ ᠪᠤᠯᠵᠤ ᠰᠦᠯᠵᠢᠶᠡᠨ ᠳᠡᠬᠡᠷ᠎ᠡ ᠬᠢᠴᠢᠶᠡᠯᠯᠡᠬᠦ᠂ ᠪᠠᠭᠰᠢ ᠶᠢᠨ ᠦᠯᠡᠳᠡᠬᠡᠭᠰᠡᠨ ᠤᠩᠰᠢᠯᠭ᠎ᠠ ᠶᠢᠨ ᠳᠠᠰᠬᠠᠯ ᠢ ᠳ᠋ᠢᠩ ᠳ᠋ᠢᠩ APP ᠪᠠᠷ ᠢᠯᠡᠬᠡᠬᠦ᠂ ᠵᠢᠷᠬᠢᠶ᠎ᠠ ᠶᠢᠨ ᠴᠤᠭᠯᠠᠷᠠᠯ ᠳᠤ ᠤᠩᠰᠢᠯᠭ᠎ᠠ ᠬᠢᠬᠦ᠂ ᠬᠡᠷ ᠤᠨ ᠠᠬᠠᠮᠠᠳ ᠬᠡᠦᠬᠡᠳ ᠢᠶᠠᠨ ᠡᠯ᠎ᠠ ᠬᠢᠴᠢᠶᠡᠯ ᠲᠦᠷᠦᠯ ᠤᠨ ᠰᠦᠯᠵᠢᠶᠡᠨ ᠬᠢᠴᠢᠶᠡᠯ ᠤᠷᠤᠭᠤᠯᠬᠤ ᠬᠡᠬᠦ ᠮᠡᠳᠦ ᠶᠢᠨ ᠱᠠᠭᠠᠷᠳᠠᠯᠭ᠎ᠠ ᠠᠴᠠ ᠪᠤᠯᠵᠤ ᠰᠤᠷᠤᠭᠴᠢᠳ ᠭᠠᠷ ᠤᠳᠠᠰᠤ ᠮᠡᠳᠤ ᠶᠢᠨ ᠡᠯᠧᠺᠳ᠋ᠷᠣᠨ ᠪᠦᠳᠦᠬᠡᠭᠳᠡᠬᠦᠨ ᠲᠠᠢ ᠤᠶᠢᠢᠷᠠᠳᠤᠯᠴᠠᠬᠤ ᠶᠠᠪᠤᠳᠠᠯ ᠤᠯᠠᠮ ᠠᠴᠠ ᠤᠯᠠᠮ ᠤᠯᠠᠰᠢᠷᠠᠵᠤ ᠪᠤᠢ᠃       ᠣᠶᠢᠷ᠎ᠠ ᠳᠤ᠂ ᠰᠤᠷᠭᠠᠨ ᠬᠥᠮᠦᠵᠢᠯ ᠤᠨ ᠶᠠᠮᠤᠨ ᠤ ᠠᠯᠪᠠᠨ ᠲᠢᠩᠬᠢᠮ ︽ᠳᠤᠮᠳᠠᠳᠤ ᠪᠠᠭ᠎ᠠ ᠰᠤᠷᠭᠠᠭᠤᠯᠢ ᠶᠢᠨ ᠰᠣᠷᠣᠭᠴᠢ ᠶᠢᠨ ᠭᠠᠷ ᠤᠲᠠᠰᠤᠨ ᠤ ᠬᠠᠮᠢᠶᠠᠷᠤᠯᠲᠠ ᠶᠢᠨ ᠠᠵᠢᠯ ᠢ ᠴᠢᠩᠭᠠᠳᠬᠠᠬᠤ ᠲᠤᠬᠠᠶ ᠮᠡᠳᠡᠭᠳᠡᠯ︾ ᠢ ᠳᠠᠷᠤᠮᠠᠯᠯᠠᠨ ᠲᠠᠷᠬᠠᠭᠠᠵᠤ᠂ ᠳᠤᠮᠳᠠᠳᠤ ᠪᠠᠭ᠎ᠠ ᠰᠤᠷᠭᠠᠭᠤᠯᠢ ᠶᠢᠨ ᠰᠣᠷᠣᠭᠴᠢ ᠵᠠᠷᠴᠢᠮ ᠳᠡᠭᠡᠷ᠎ᠡ ᠪᠠᠨ ᠬᠤᠪᠢ ᠬᠥᠮᠦᠨ ᠤ ᠭᠠᠷ ᠤᠲᠠᠰᠤ ᠪᠠᠨ ᠰᠤᠷᠭᠠᠭᠤᠯᠢ ᠶᠢᠨ ᠬᠦᠷᠢᠶᠡᠨ ᠳᠤ ᠠᠪᠴᠤ ᠣᠷᠣᠵᠤ ᠪᠣᠯᠬᠤ ᠥᠬᠡᠶ᠃ ᠦᠨᠡᠨ ᠬᠦ ᠬᠡᠷᠡᠭᠴᠡᠭᠡ ᠲᠠᠢ ᠪᠣᠯ ᠬᠡᠷ ᠤᠨ ᠠᠬᠠᠮᠠᠳ ᠢᠶᠠᠷ ᠵᠥᠪᠰᠢᠶᠡᠷᠡᠭᠦᠯᠦᠭᠡᠳ ᠪᠢᠴᠢᠭ ᠢᠶᠠᠷ ᠭᠤᠶᠤᠴᠢᠯᠠᠯ ᠭᠠᠷᠭᠠᠵᠤ᠂ ᠰᠤᠷᠭᠠᠭᠤᠯᠢ ᠳᠤ ᠤᠷᠤᠭᠰᠠᠨ ᠤ ᠳᠠᠷᠠᠭ᠎ᠠ ᠭᠠᠷ ᠤᠲᠠᠰᠤ ᠪᠠᠨ ᠰᠤᠷᠭᠠᠭᠤᠯᠢ ᠠᠴᠠ ᠨᠢᠭᠡᠳᠦᠯᠲᠡᠶ ᠬᠠᠳᠠᠭᠠᠯᠠᠨ ᠬᠠᠮᠢᠶᠠᠷᠤᠭᠤᠯᠵᠤ᠂ ᠬᠢᠴᠢᠶᠡᠯ ᠤᠨ ᠲᠠᠩᠬᠢᠮ ᠳᠤ ᠠᠪᠴᠤ ᠣᠷᠣᠬᠤ ᠶᠢ ᠴᠠᠭᠠᠵᠠᠯᠠᠬᠤ ᠬᠡᠷᠡᠭᠲᠡᠶ ᠬᠡᠵᠦ ᠱᠠᠭᠠᠷᠳᠠᠭᠰᠠᠨ ᠪᠠᠶᠢᠨ᠎ᠠ᠃ ᠭᠠᠷ ᠤᠳᠠᠰᠤ ᠮᠡᠳᠤ ᠶᠢᠨ ᠡᠯᠧᠺᠳ᠋ᠷᠣᠨ ᠪᠦᠳᠦᠬᠡᠭᠳᠡᠬᠦᠨ ᠨᠢ ᠨᠢᠬᠡ ᠳᠠᠯ᠎ᠠ ᠪᠠᠷ ᠰᠤᠷᠭᠠᠨ ᠬᠦᠮᠦᠵᠢᠯ ᠳᠤ ᠲᠦᠬᠦᠮ ᠲᠦᠳᠡ ᠠᠪᠴᠢᠷᠠᠭᠰᠠᠨ ᠪᠤᠯᠪᠠᠴᠤ ᠳᠡᠬᠦᠨ ᠤ ᠨᠠᠵᠠᠭᠠᠢ ᠨᠦᠯᠦᠬᠡ ᠶᠢ ᠰᠤᠷᠭᠠᠭᠤᠯᠢ ᠬᠡᠷ ᠤᠨ ᠠᠬᠠᠮᠠᠳ ᠤᠮᠳᠤᠭᠠᠶᠢᠢᠯᠠᠵᠤ ᠪᠤᠯᠬᠤ ᠦᠬᠡᠢ᠃ ᠭᠠᠷ ᠤᠲᠠᠰᠤ ᠶᠢ ᠵᠥᠪ ᠬᠡᠷᠡᠭᠯᠡᠬᠦ ᠨᠢ ᠣᠳᠣᠬᠠᠨ ᠤ ᠰᠤᠷᠭᠠᠨ ᠬᠥᠮᠦᠵᠢᠯ ᠤᠨ ᠨᠢᠭᠡ ᠬᠡᠰᠡᠭ ᠬᠡᠵᠦ ᠬᠡᠯᠡᠵᠦ ᠪᠤᠯᠤᠮᠠᠷ ᠶᠤᠮ᠃ ᠤᠶᠤᠨᠴᠢ ᠭᠠᠷ ᠤᠳᠠᠰᠤ ᠨᠢ ᠬᠦᠮᠦᠰ ᠤᠨ ᠤᠳᠠᠰᠤᠳᠠᠵᠤ ᠬᠠᠷᠢᠯᠴᠠᠬᠤ ᠪᠠᠭᠠᠵᠢ ᠳᠡᠳᠦᠢ ᠯᠡ ᠪᠢᠰᠢ ᠬᠠᠷᠢᠨ ᠰᠦᠯᠵᠢᠶᠡᠨ ᠳᠤ ᠭᠠᠷᠬᠤ᠂ ᠡᠯᠧᠺᠳ᠋ᠷᠣᠨ ᠳᠤᠭᠯᠠᠭᠠᠮ ᠨᠠᠭᠠᠳᠬᠤ᠂ ᠪᠤᠰᠢᠭᠤ ᠭᠠᠷ᠂ ᠵᠢᠷᠬᠢᠶ᠎ᠠ ᠮᠡᠳᠤ ᠶᠢᠨ ᠨᠡᠶᠢᠬᠡᠮ ᠤᠨ ᠬᠠᠷᠢᠯᠴᠠᠭᠠᠨ ᠤ ᠤᠯᠠᠨ ᠴᠢᠳᠠᠮᠵᠢ ᠲᠠᠢ ᠪᠤᠯᠤᠭᠰᠠᠨ ᠢᠶᠠᠷ ᠪᠡᠶ᠎ᠠ ᠪᠠᠨ ᠪᠠᠷᠢᠬᠤ ᠴᠢᠳᠠᠪᠤᠷᠢ ᠪᠠᠷ ᠠᠨᠠᠢ ᠰᠤᠷᠤᠭᠴᠢᠳ ᠰᠦᠯᠵᠢᠶᠡᠨ ᠳᠡᠬᠡᠷ᠎ᠡ ᠰᠤᠷᠤᠯᠴᠠᠨ᠎ᠠ᠂ ᠳᠠᠰᠬᠠᠯ ᠬᠢᠨ᠎ᠡ᠂ ᠤᠩᠰᠢᠯᠭ᠎ᠠ ᠬᠢᠨ᠎ᠡ ᠬᠡᠬᠦ ᠰᠢᠯᠳᠠᠭ ᠢᠶᠠᠷ ᠭᠠᠷ ᠤᠳᠠᠰᠤ ᠠᠳᠬᠤᠭᠠᠳ ᠴᠢᠨᠠᠭᠰᠢᠳᠠ ᠡᠯᠧᠺᠳ᠋ᠷᠣᠨ ᠳᠤᠭᠯᠠᠭᠠᠮ ᠳᠤ ᠰᠢᠨᠤᠬᠤ᠂ ᠴᠠᠭ ᠢᠶᠠᠨ ᠳᠠᠯᠠᠭᠠᠷ ᠪᠦᠷᠢᠯᠬᠡᠬᠦ᠂ ᠨᠢᠳᠤᠨ ᠬᠠᠷᠠᠭ᠎ᠠ ᠪᠠᠨ ᠮᠠᠭᠤᠳᠠᠭᠤᠯᠬᠤ᠂ ᠡᠷᠡᠬᠦᠯ ᠪᠤᠰᠤ ᠮᠡᠳᠡᠭᠡ ᠵᠠᠩᠬᠢ ᠦᠵᠡᠬᠦ ᠬᠡᠬᠦ ᠮᠡᠳᠤ ᠶᠢᠨ ᠤᠯᠠᠨ ᠨᠠᠵᠠᠭᠠᠢ ᠨᠦᠯᠦᠬᠡ ᠳᠤ ᠨᠦᠯᠦᠬᠡᠯᠡᠭᠳᠡᠵᠦ ᠮᠡᠳᠡᠨ᠎ᠡ᠃       ︽ᠮᠡᠳᠡᠭᠳᠡᠯ︾ ᠳᠤ ᠪᠠᠰᠠ ᠡᠯ᠎ᠡ ᠰᠤᠷᠭᠠᠭᠤᠯᠢ ᠨᠤᠭᠤᠳ ᠬᠡᠷ ᠪᠦᠯᠢ ᠪᠠ ᠰᠤᠷᠭᠠᠭᠤᠯᠢ ᠯᠤᠭ᠎ᠠ ᠶᠢᠨ ᠨᠡᠪᠲᠡᠷᠡᠯᠴᠡᠭᠡ ᠤᠶᠢᠢᠯᠠᠭᠠᠯᠴᠠᠭ᠎ᠠ ᠶᠢ ᠰᠠᠶᠢᠳᠤᠷ ᠬᠢᠵᠦ᠂ ᠬᠡᠷ ᠤᠨ ᠠᠬᠠᠮᠠᠳ ᠰᠤᠷᠭᠠᠨ ᠬᠦᠮᠦᠵᠢᠬᠦᠯᠬᠦ ᠬᠠᠷᠢᠭᠤᠴᠠᠯᠭ᠎ᠠ ᠪᠠᠨ ᠦᠨᠡᠨ ᠬᠦ ᠬᠦᠢᠴᠡᠳᠬᠡᠵᠣ᠂ ᠬᠡᠷ ᠪᠦᠯᠢ ᠪᠠ ᠰᠤᠷᠭᠠᠭᠤᠯᠢ ᠬᠠᠮᠵᠢᠯᠴᠠᠨ ᠬᠥᠮᠦᠨ ᠬᠥᠮᠦᠵᠢᠭᠦᠯᠬᠦ ᠨᠡᠶᠢᠯᠡᠯ ᠬᠦᠴᠦᠨ ᠢ ᠪᠦᠷᠢᠯᠳᠦᠬᠦᠯᠬᠦ ᠬᠡᠷᠡᠭᠳᠡᠢ ᠬᠡᠵᠡᠢ᠃ ᠰᠢᠯᠵᠢᠮᠡᠯ ᠮᠡᠳᠡᠭᠡ ᠬᠤᠯᠪᠤᠭᠠᠨ ᠤ ᠴᠠᠭ ᠦᠶ᠎ᠠ ᠳᠤ ᠤᠯᠠᠩᠬᠢ ᠬᠦᠮᠦᠰ ᠤᠶᠤᠨᠴᠢ ᠭᠠᠷ ᠤᠳᠠᠰᠤᠨ ᠳᠤ ᠨᠠᠶᠢᠳᠠᠮᠠᠳᠠᠭᠠᠢ ᠪᠤᠯᠵᠤ᠂ ᠪᠠᠭ᠎ᠠ ᠰᠤᠷᠭᠠᠭᠤᠯᠢ ᠶᠢᠨ ᠰᠤᠷᠤᠭᠴᠢ ᠠᠴᠠ ᠤᠶᠤᠳᠠᠳ ᠲᠤ ᠬᠦᠷᠳᠡᠯ᠎ᠡ᠂ ᠬᠢᠴᠢᠶᠡᠯ ᠰᠤᠷᠤᠯᠭ᠎ᠠ ᠬᠡᠳ ᠯᠡ ᠭᠠᠷ ᠤᠳᠠᠰᠤᠨ ᠳᠤ ᠲᠦᠰᠢᠭᠯᠡᠬᠦ ᠪᠤᠯᠤᠭᠰᠠᠨ ᠢᠶᠠᠷ᠂ ᠬᠡᠷ ᠤᠨ ᠠᠬᠠᠮᠠᠳ ᠪᠠᠭᠰᠢ ᠨᠠᠷ ᠠᠴᠠ ᠰᠤᠷᠤᠭᠴᠢᠳ ᠤᠨ ᠭᠠᠷ ᠤᠳᠠᠰᠤ ᠶᠢ ᠵᠦᠪ ᠬᠡᠷᠡᠭᠯᠡᠬᠦ ᠶᠢ ᠵᠦᠪ ᠰᠠᠶᠢᠬᠠᠨ ᠵᠢᠯᠤᠭᠤᠳᠬᠤ ᠦᠬᠡᠢ ᠪᠤᠯ ᠦᠨᠡᠬᠡᠷ ᠰᠤᠷᠬᠤ ᠶᠢᠨ ᠰᠠᠶᠢᠬᠠᠨ ᠪᠠᠭ᠎ᠠ ᠨᠠᠰᠤ ᠵᠠᠯᠠᠭᠤ ᠨᠠᠰᠤ ᠪᠠᠨ ᠳᠠᠯᠠᠭᠠᠷ ᠦᠩᠬᠡᠷᠡᠬᠡᠵᠦ ᠮᠡᠳᠡᠬᠦ ᠶᠤᠮ᠃ ᠡᠪᠦᠯ ᠵᠤᠨ ᠤ ᠠᠮᠠᠷᠠᠯᠳᠠ ᠳᠤ ᠠᠵᠢᠯ ᠠᠯᠪᠠ ᠬᠡᠳ ᠬᠡᠦᠬᠡᠳ ᠲᠡᠭᠡᠨ ᠳᠤᠷ᠎ᠠ ᠪᠠᠷ ᠭᠠᠷ ᠤᠳᠠᠰᠤ ᠠᠳᠬᠤᠭᠤᠯᠵᠤ᠂ ᠭᠠᠭᠴᠠᠭᠠᠷ ᠢ ᠬᠡᠷ ᠲᠡᠭᠡᠨ ᠤᠷᠬᠢᠭᠰᠠᠨ ᠬᠡᠷ ᠤᠨ ᠠᠬᠠᠮᠠᠳ ᠬᠡᠦᠬᠡᠳ ᠤᠨ ᠭᠠᠷ ᠤᠳᠠᠰᠤ ᠨᠠᠭᠠᠳᠬᠤ ᠳᠠᠳᠬᠠᠯ ᠲᠠᠢ ᠪᠤᠯᠬᠤ ᠠᠴᠠ ᠬᠢᠴᠢᠶᠡᠬᠦ ᠬᠡᠷᠡᠭᠳᠡᠢ᠃       ᠬᠡᠦᠬᠡᠳ ᠤᠨ ᠬᠦᠮᠦᠵᠢᠯ ᠳᠤ ᠤᠬᠠᠭᠠᠯᠢᠭ ᠬᠦᠮᠦᠵᠢᠯ ᠴᠢᠬᠤᠯᠠ ᠲᠠᠢ᠃ ᠳᠡᠬᠡᠬᠦ ᠪᠠᠷ ᠬᠡᠷ ᠤᠨ ᠠᠬᠠᠮᠠᠳ ᠪᠤᠯᠤᠭᠰᠠᠳ ᠰᠤᠷᠭᠠᠭᠤᠯᠢ ᠪᠠ ᠪᠠᠭᠰᠢ ᠨᠠᠷ ᠲᠠᠢ ᠰᠠᠶᠢᠳᠤᠷ ᠬᠠᠮᠳᠤᠷᠠᠯᠴᠠᠵᠤ᠂ ᠬᠡᠦᠬᠡᠳ ᠤᠨ ᠰᠤᠷᠤᠯᠴᠠᠬᠤ ᠠᠮᠠᠷᠠᠬᠤ ᠨᠠᠭᠠᠳᠬᠤ ᠴᠠᠭ ᠢ ᠰᠠᠶᠢᠳᠤᠷ ᠳᠤᠬᠢᠷᠠᠭᠤᠯᠤᠨ ᠦᠭᠴᠦ᠂ ᠬᠡᠦᠬᠡᠳ ᠲᠡᠭᠡᠨ ᠭᠠᠷ ᠤᠳᠠᠰᠤ ᠶᠢᠨ ᠨᠠᠵᠠᠭᠠᠢ ᠬᠤᠤᠷ ᠨᠦᠯᠦᠬᠡ ᠶᠢ ᠵᠦᠪ ᠰᠠᠶᠢᠬᠠᠨ ᠲᠠᠨᠢᠭᠤᠯᠵᠤ ᠵᠦᠪ ᠢᠶᠠᠷ ᠵᠢᠯᠤᠭᠤᠳᠴᠤ᠂ ᠬᠡᠤᠬᠡᠳ ᠲᠡᠭᠡᠨ ᠭᠠᠷ ᠤᠲᠠᠰᠤ ᠶᠢ ᠵᠦᠶ ᠵᠣᠬᠢᠰᠲᠠᠶ ᠬᠡᠷᠡᠭᠯᠡᠬᠦ ᠰᠠᠶᠢᠬᠠᠨ ᠳᠠᠳᠬᠠᠯ ᠢ ᠬᠦᠮᠦᠵᠢᠬᠦᠯᠦᠶ᠎ᠠ᠃  
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ