ᠡᠷᠲᠡ ᠤᠷᠢᠳᠤ ᠠᠴᠠ ᠪᠠᠨ ᠮᠣᠩᠭᠤᠯ ᠭᠦᠮᠦᠨ ᠠᠶᠢᠯ ᠳᠤ ᠪᠠᠭᠤᠵᠤ ᠴᠠᠢ ᠤᠰᠤ ᠤᠤᠭᠤᠬᠤ ᠪᠤᠶᠤ ᠬᠤᠭᠤᠯᠠ ᠪᠤᠳᠠᠭ᠎ᠠ ᠢᠳᠡᠭᠦ ᠳᠡᠭᠡᠨ᠂ ᠠᠶᠢᠯ ᠤᠨ | ᠲᠠᠯᠪᠢᠵᠤ ᠦᠭᠭᠦᠭᠰᠡᠨ ᠪᠤᠭᠤᠷᠰᠤᠭ᠂ ᠰᠢᠭᠢᠷ ᠵᠢᠮᠢᠰ᠂ ᠬᠤᠷᠤᠤᠨ ᠴᠠᠭ᠎ᠠ ᠪᠤᠶᠤ ᠮᠢᠬ᠎ᠠ ᠰᠢᠭᠦᠰᠦ ᠶᠢ ᠲᠠᠪᠠᠭ᠂ ᠰᠠᠪᠠ ᠶᠢ ᠨᠢ ᠬᠤᠭᠤᠰᠤᠷᠠᠲᠠᠯ᠎ᠠ ᠢᠳᠡᠵᠤ | ᠤᠤᠭᠤᠬᠤ ᠶᠢ ᠶᠡᠭᠡ ᠴᠡᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠣᠰᠤᠨ ᠭᠡᠳᠡᠭ᠃ | ᠮᠣᠩᠭᠤᠯ ᠭᠦᠮᠦᠨ ᠵᠣᠴᠢᠨᠰᠠᠭ᠃ ᠮᠣᠩᠭᠤᠯ ᠨᠤᠲᠤᠭ ᠦᠷᠭᠡᠨ ᠠᠭᠤᠳᠠᠮ᠂ ᠵᠠᠮ ᠮᠦᠷ ᠬᠤᠯᠠ᠂ ᠶᠠᠪᠤᠵᠤ ᠰᠠᠭᠤᠬᠤ ᠴᠠᠭ ᠤᠷᠲᠤ᠃ ᠭᠡᠨ ᠳᠤ ᠪᠣᠯᠣᠭᠰᠠᠨ | ᠴᠤ᠂ ᠭᠡᠵᠢᠶ᠎ᠡ᠂ ᠶᠠᠮᠠᠷ ᠴᠠᠭ ᠦᠶ᠎ᠡ ᠳᠤ ᠴᠤ ᠭᠡᠰᠡᠨ᠂ ᠠᠶᠢᠯ ᠳᠤ ᠣᠴᠢᠵᠤ ᠵᠣᠴᠢᠯᠠᠭᠳᠠᠬᠤ ᠪᠤᠶᠤ ᠵᠠᠮ ᠮᠦᠷ ᠭᠦᠭᠡᠭᠡᠵᠦ ᠶᠠᠪᠣᠵᠤ ᠪᠠᠶᠢᠭᠠᠳ ᠠᠶᠢᠯ ᠳᠤ ᠪᠠᠭᠤᠵᠤ | ᠴᠡᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠭᠦ ᠶᠠᠪᠤᠳᠠᠯ ᠣᠯᠠᠨ ᠲᠣᠭᠢᠶᠠᠯᠳᠤᠳᠠᠭ᠃ ᠠᠯᠢ ᠨᠢᠭᠡ ᠠᠶᠢᠯ ᠡᠷᠦᠭᠡ ᠳᠤ ᠨᠢ ᠴᠦ ᠭᠡᠰᠡᠨ᠂ ᠵᠠᠯᠠᠭᠰᠠᠨ ᠵᠣᠴᠢᠨ | ᠢᠷᠡᠭᠦ ᠪᠤᠶᠤ ᠮᠦᠷ ᠭᠦᠭᠡᠭᠡᠵᠦ ᠶᠠᠪᠤᠵᠤ ᠪᠠᠶᠢᠭᠰᠠᠨ ᠭᠦᠮᠦᠨ ᠪᠠᠭᠤᠵᠤ ᠰᠠᠭᠤᠭᠠᠳ ᠭᠠᠷᠬᠤ ᠶᠠᠪᠤᠳᠠᠯ ᠴᠦ ᠵᠦᠩᠳᠡᠭᠡᠨ ᠲᠣᠭᠢᠶᠠᠯᠳᠤᠳᠠᠭ᠃ ᠪᠠᠭᠤᠭᠠᠳ ᠯᠠ ᠭᠠᠷᠳᠠᠭ | ᠂ ᠪᠤᠴᠠᠭᠠᠳ ᠯᠠ ᠮᠣᠷᠳᠠᠳᠠᠭ᠃ ᠠᠯᠢ ᠨᠢᠭᠡ ᠠᠶᠢᠯ ᠡᠷᠦᠭᠡ ᠪᠣᠯᠤᠭᠰᠠᠨ ᠴᠦ᠂ ᠲᠠᠨᠢᠬᠤ᠂ ᠲᠠᠨᠢᠬᠤ ᠦᠭᠡᠢ ᠭᠦᠮᠦᠨ ᠢᠷᠡᠯ᠎ᠡ ᠭᠡᠳ ︽ᠴᠠᠢ ᠴᠦ ᠦᠭᠡᠢ᠂ ᠴᠢᠷᠡᠢ | ᠴᠦ ᠦᠭᠡᠢ︾ ᠴᠠᠮᠪᠠᠶᠢᠵᠤ ᠲᠠᠮᠪᠠᠶᠢᠵᠤ ᠰᠠᠭᠤᠭᠠᠳ ᠦᠩᠭᠡᠷᠡᠭᠡᠴᠢᠭᠡᠳᠡᠭ ᠦᠭᠡᠢ᠃ ᠭᠡᠨ ᠨᠢ ᠢᠷᠡᠭᠰᠡᠨ ᠴᠦ ᠬᠠᠮᠢᠶ᠎ᠠ ᠦᠭᠡᠢ᠂ ᠪᠣᠭᠤᠷᠰᠤᠭ ᠢᠶᠠᠨ ᠭᠠᠷᠭᠠᠵᠤ᠂ | ᠰᠢᠭᠢᠷ ᠵᠢᠮᠢᠰ ᠢᠶᠠᠨ ᠲᠠᠯᠪᠢᠵᠤ᠂ ᠴᠠᠢ ᠤᠰᠤ ᠪᠠᠨ ᠠᠶᠠᠭᠠᠯᠠᠵᠤ ᠦᠭᠳᠡᠭ᠃ ᠠᠶᠢᠯ ᠳᠤ ᠵᠠᠯᠠᠭᠳᠠᠵᠤ ᠣᠴᠢᠭᠰᠠᠨ ᠵᠣᠴᠢᠨ ᠪᠤᠶᠤ ᠵᠠᠮ ᠢᠶᠠᠨ ᠢᠶᠠᠨ ᠭᠦᠷᠦᠭᠰᠡᠨ | ᠭᠡᠶᠢᠴᠢᠨ ᠭᠡᠰᠡᠨ ᠴᠦ᠂ ᠭᠡᠨ ᠨᠢ ᠴᠦ ᠪᠣᠯᠤᠭᠰᠠᠨ᠂ ᠶᠠᠮᠠᠷ ᠪᠠᠶᠢᠳᠠᠯ ᠳᠣᠣᠷ᠎ᠠ ᠴᠦ ᠭᠡᠰᠡᠨ᠂ ︽ᠢᠳᠡ᠂ ᠤᠤᠭᠤ ᠭᠡᠰᠡᠨ ᠶᠤᠮ᠂ ᠡᠷᠢᠶ᠎ᠡ ᠦᠭᠡᠢ ᠶᠤᠮ᠂ ᠵᠢᠷᠤᠭ᠎ᠠ | ᠦᠭᠡᠢ ᠶᠤᠮ᠃ ᠲᠠᠯᠪᠢᠭᠠᠳ ᠦᠭᠴᠢᠭᠡᠭᠰᠡᠨ ᠶᠤᠮ ᠴᠢᠨᠢ᠂ ᠲᠠᠪᠠᠭ ᠢ ᠨᠢ ᠬᠤᠭᠤᠰᠤᠷᠠᠲᠠᠯ᠎ᠠ ᠢᠳᠡᠴᠢᠭᠡᠶ᠎ᠡ᠂ ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠲᠠᠯᠪᠢᠵᠤ | ᠦᠭᠭᠦᠭᠰᠡᠨ ᠶᠠᠭᠤᠮ᠎ᠠ ᠶᠢ ᠨᠢ ︵ᠪᠤᠳᠠᠭ᠎ᠠ᠂ ᠬᠤᠭᠤᠯᠠ ᠴᠦ ᠪᠠᠭᠲᠠᠨ᠎ᠠ︶ ᠲᠠᠪᠠᠭ ᠰᠠᠪᠠ ᠶᠢ ᠨᠢ ᠬᠤᠭᠤᠰᠤᠷᠠᠲᠠᠯ᠎ᠠ ᠢᠲᠡᠴᠢᠭᠡᠳᠡᠭ ᠦᠭᠡᠢ᠂ ᠤᠤᠭᠤᠴᠢᠬᠠᠳᠠᠭ ᠦᠭᠡᠢ | ᠃ ᠲᠠᠯᠪᠢᠵᠤ ᠦᠭᠭᠦᠭᠰᠡᠨ ᠶᠠᠭᠤᠮ᠎ᠠ ᠨᠢ ᠠᠷᠪᠢᠨ — ᠭᠦᠷᠦᠯᠴᠡᠭᠡᠲᠡᠢ ᠪᠣᠯ ᠴᠠᠳᠲᠠᠯ᠎ᠠ ᠪᠤᠶᠤ ᠦᠯ ᠢᠶᠠᠨ ᠳᠠᠷᠤᠵᠤ ᠠᠩᠭᠠᠭ᠎ᠠ ᠴᠠᠩᠭᠠᠭ᠎ᠠ ᠪᠠᠨ ᠲᠠᠶᠢᠯᠲᠠᠯᠠ | ᠢᠳᠡᠵᠦ ᠤᠤᠭᠤᠵᠤ᠂ ᠲᠠᠯᠪᠢᠵᠤ ᠦᠭᠭᠦᠭᠰᠡᠨ ᠶᠠᠭᠤᠮ᠎ᠠ ᠨᠢ ᠪᠠᠭ᠎ᠠ᠂ ᠴᠦᠭᠡᠨ᠂ ᠭᠦᠷᠦᠯᠴᠡᠭᠡ ᠪᠠᠷ ᠠᠨᠠᠢ ᠰᠢᠭ᠋ ᠪᠣᠯ ᠠᠮᠰᠠᠭᠠᠳ ᠲᠠᠯᠪᠢᠴᠢᠬᠠᠵᠤ᠂ ᠠᠩᠭᠠᠭ᠎ᠠ | ᠴᠩᠭᠠᠭᠠ ᠪᠠᠨ ᠪᠠᠭ᠎ᠠ ᠳᠠᠷᠤᠭᠠᠳ ᠪᠣᠯᠴᠢᠬᠠᠳᠠᠭ᠃ ᠶᠠᠭᠠᠭᠢᠵᠦ ᠶᠡᠭᠡ ᠦᠯᠦᠰᠴᠦ ᠬᠠᠷᠠᠩᠭᠠᠰᠴᠣ ᠠᠩᠭᠠᠵᠤ ᠴᠠᠩᠭᠠᠵᠤ ᠪᠠᠶᠢᠭᠰᠠᠨ ᠴᠦ᠂ ︽ ᠭᠡᠰᠢᠭ︾᠂ ︽ᠳᠡᠭᠡᠵᠢ | ︾᠂ ︽ᠪᠤᠶᠠᠨ︾ ᠢ ᠨᠢ ᠦᠯᠡᠳᠡᠶ᠎ᠡ ᠭᠡᠳ᠂ ᠲᠠᠯᠪᠢᠵᠤ ᠦᠭᠭᠦᠭᠰᠡᠨ ᠪᠤᠳᠠᠭ᠎ᠠ᠂ ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠲᠠᠪᠠᠭ᠂ ᠰᠠᠪᠠ᠂ ᠭᠡᠷᠡᠭᠰᠡᠯ ᠤᠨ | ᠭᠢᠨᠢ ᠢᠷᠤᠭᠠᠷ ᠲᠤ ᠨᠢᠭᠡ ᠬᠤᠶᠠᠷ ᠭᠡᠰᠡᠭ ︵ ᠰᠢᠷᠭᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠦ ᠭᠡᠰᠡᠨ ᠦᠯᠡᠳᠡᠭᠡᠵᠦ ᠦᠭᠭᠦᠭᠡᠳ ᠮᠣᠷᠳᠠᠳᠠᠭ᠃ | ᠮᠣᠩᠭᠤᠯᠴᠤᠳ᠂ ᠠᠶᠢᠯ ᠳᠤ ᠣᠴᠢᠭᠰᠠᠨ ᠭᠡᠶᠢᠴᠢᠨ ᠵᠣᠴᠢᠨ ᠠᠶᠢᠯ ᠤᠨ ᠲᠠᠯᠪᠢᠵᠤ ᠦᠭᠭᠦᠭᠰᠡᠨ ᠶᠠᠭᠤᠮ᠎ᠠ ᠶᠢ ᠲᠠᠪᠠᠭ᠂ ᠰᠠᠪᠠ ᠶᠢ ᠨᠢ ᠬᠤᠭᠤᠰᠤᠷᠠᠲᠠᠯ᠎ᠠ | ᠢᠳᠡᠭᠦ ᠤᠤᠭᠤᠬᠤ ᠨᠢ ᠶᠣᠰᠤ ᠦᠭᠡᠢ᠂ ᠮᠣᠷᠠᠯ ᠦᠭᠡᠢ᠂ ᠶᠠᠭᠤᠮ᠎ᠠ ᠮᠡᠳᠡᠭᠦ ᠦᠭᠡᠢ᠂ ᠪᠦᠳᠦᠭᠦᠯᠢᠭ᠂ ᠦᠯᠦᠩᠭᠡᠷ ᠬᠤᠪᠳᠤᠭ ᠬᠠᠷᠠᠭᠳᠠᠨ᠎ᠠ ᠭᠡᠵᠦ ᠦᠵᠡᠳᠡᠭ᠃ |