ᠰᠡᠴᠤᠯᠢ ᠳᠠᠯᠠᠯᠭ᠎ᠠ ᠶᠢᠨ ᠵᠤᠷᠰᠢᠯ
ᠨᠡᠶᠢᠲᠡᠯᠡᠭᠰᠡᠨ ᠴᠠᠭ᠄
2023/10/9
      ᠪᠡᠯᠭᠡ ᠳᠡᠮᠪᠡᠷᠢᠯ ᠢ ᠡᠷᠬᠢᠮᠯᠡᠳᠡᠭ ᠪᠠᠭᠠᠷᠢᠨᠴᠤᠳ ᠤᠤᠯ ᠳᠠᠭᠠᠨ ᠠᠶᠠᠨ ᠵᠢᠩ ᠳᠤ ᠶᠠᠪᠤᠬᠤ᠂ ᠠᠪᠠ ᠭᠦᠷᠦᠭᠡ  ᠳᠤ ᠭᠠᠷᠬᠤ᠂ ᠨᠤᠳᠤᠭ ᠤᠰᠤ ᠰᠡᠯᠭᠦᠨ ᠨᠡᠭᠦᠭᠦ ᠵᠡᠷᠭᠡ ᠳᠤ ᠴᠦᠮ ᠰᠠᠴᠤᠯᠢ ᠡᠷᠭᠦᠳᠡᠭ ᠵᠠᠩᠰᠢᠯ ᠲᠠᠢ ᠪᠦᠭᠡᠳ ᠳᠠᠯᠠᠯᠭ᠎ᠠ ᠳᠠᠯᠠᠯᠳᠠᠭ ᠵᠤᠷᠰᠢᠯ ᠲᠠᠢ ᠪᠢᠯᠡ᠃ ᠡᠭᠦᠨ ᠤ ᠭᠦᠢᠴᠡᠳᠭᠡᠯ ᠨᠢ ᠳᠤᠩ ᠳᠦᠭᠦᠮ᠃ ᠮᠤᠷᠳᠠᠭᠰᠠᠳ ᠶᠠᠪᠤᠭᠰᠠᠳ ᠪᠡᠶ᠎ᠡ ᠪᠠᠨ ᠠᠷᠢᠭᠤᠯᠠᠨ᠂ ᠭᠦᠯᠦᠭ ᠤᠨᠤᠭ᠎ᠠ᠂ ᠡᠳ᠋ᠯᠡᠯ ᠭᠡᠷᠡᠭᠯᠡᠯ ᠢᠶᠠᠨ ᠮᠢᠯᠢᠶᠠᠭᠠᠳ ᠰᠠᠴᠤᠯᠢ ᠪᠠᠨ ᠡᠷᠭᠦᠪᠡᠯ ᠳᠠᠭᠤᠰᠴᠢᠬᠠᠳᠠᠭ᠃ ᠭᠡᠳᠡᠯ᠎ᠡ ᠳᠠᠯᠠᠯᠭ᠎ᠠ ᠠᠪᠬᠤ ᠵᠠᠩ ᠦᠢᠯᠡ ᠨᠢ ᠤᠯᠠᠷᠢᠯ ᠤᠨ ᠰᠤᠯᠢᠭᠳᠠᠯ᠂ ᠡᠰᠢ ᠡᠷᠭᠡᠳᠡᠨ ᠤ ᠡᠭᠡᠯᠵᠢᠯᠡᠯ᠂ ᠡᠷᠬᠢᠯᠡᠵᠤ ᠵᠤᠷᠢᠭᠰᠠᠨ ᠭᠦᠰᠡᠯ ᠵᠡᠷᠭᠡ ᠪᠠᠷ ᠰᠢᠯᠳᠠᠭᠠᠯᠠᠭᠳᠠᠨ ᠦᠪᠡᠷ ᠦᠪᠡᠷ ᠤᠨ ᠵᠠᠩ ᠦᠢᠯᠡ ᠲᠠᠢ ᠪᠠᠶᠢᠳᠠᠭ᠃ ᠳᠠᠯᠠᠯᠭ᠎ᠠ ᠶᠢ ᠡᠶᠢᠮᠦ ᠭᠡᠳᠦᠨ ᠵᠦᠢᠯ ᠢᠶᠠᠷ ᠢᠯᠭᠠᠵᠤ ᠪᠤᠯᠤᠨ᠎ᠠ᠃ ᠡᠩ ᠤᠨ ᠳᠠᠯᠠᠯᠭ᠎ᠠ᠂ ᠡᠩ ᠤᠨ ᠳᠠᠯᠠᠯᠭ᠎ᠠ ᠶᠢ ᠠᠳᠠᠯᠢ ᠪᠤᠰᠤ ᠠᠶᠢᠮᠠᠭ ᠤᠪᠤᠭ ᠤᠨ ᠬᠢᠨ᠂ ᠡᠰᠢ ᠡᠷᠭᠡᠳᠡᠨ ᠤ ᠡᠭᠡᠯᠵᠢᠯᠡᠯᠳᠡ᠂ ᠳᠠᠷᠤᠢ ᠭᠦᠭᠡ ᠬᠤᠯᠤᠭᠠᠨ᠎ᠠ᠂ ᠰᠢᠷᠠᠭᠴᠢᠨ ᠦᠭᠡᠷ ᠡᠳᠦᠷ᠂ ᠰᠠᠷ᠎ᠠ ᠪᠦᠷᠢ ᠶᠢᠨ ᠰᠢᠨ᠎ᠡ ᠶᠢᠨ ᠨᠢᠭᠡᠨ᠂ ᠠᠷᠪᠠᠨ ᠳᠠᠪᠤᠨ᠂ ᠬᠤᠷᠢᠨ ᠳᠠᠪᠤᠨ ᠪᠤᠶᠤ ᠪᠢᠳᠡᠭᠦᠨ ᠳᠤ ᠳᠠᠯᠠᠯᠳᠠᠭ᠃ ᠡᠩ ᠤᠨ ᠳᠠᠯᠠᠯᠭ᠎ᠠ ᠶᠢᠨ ᠵᠠᠩ ᠦᠢᠯᠡ ᠳᠤ᠂ ᠭᠡᠷ ᠤᠨ ᠡᠵᠡᠨ᠂ ᠡᠵᠡᠭᠳᠡᠢ ᠪᠦᠰᠡᠭᠦᠢ ᠂ ᠭᠤᠯᠤᠮᠳᠠ ᠵᠠᠯᠭᠠᠬᠤ ᠭᠦᠦ ᠭᠤᠤᠯᠯᠠᠵᠤ᠂ ᠭᠡᠷ ᠬᠤᠪᠢ ᠪᠠᠷ ᠢᠶᠠᠨ ᠤᠷᠤᠯᠴᠠᠨ᠂ ᠡᠷᠭᠦᠯᠳᠡ ᠰᠠᠴᠤᠯᠢ᠂ ᠳᠠᠯᠠᠯᠭ᠎ᠠ ᠬᠤᠷᠦ᠋ᠢᠯᠭ᠎ᠠ ᠪᠠᠨ ᠭᠦᠢᠴᠡᠳᠭᠡᠭᠡᠳ᠂ ᠬᠠᠮᠳᠤ ᠪᠠᠷ ᠢᠶᠠᠨ ᠬᠤᠭᠤᠯᠠ ᠴᠠᠢ ᠭᠦᠷᠳᠡᠵᠤ ᠤᠮᠳᠠᠯᠠᠪᠠᠯ ᠪᠠᠷᠠᠴᠢᠬᠠᠳᠠᠭ᠃ ᠳᠤᠰᠬᠠᠢ ᠳᠠᠯᠠᠯᠭ᠎ᠠ ᠡᠭᠦᠨ ᠳᠤ ᠭᠠᠯ ᠤᠨ ᠳᠠᠯᠠᠯᠭ᠎ᠠ᠂ ᠮᠠᠯ ᠤᠨ ᠭᠡᠰᠢᠭ ᠤᠨ ᠳᠠᠯᠠᠯᠭ᠎ᠠ᠂ ᠠᠶᠠᠨ ᠵᠢᠩ ᠤᠨ ᠳᠠᠯᠠᠯᠭ᠎ᠠ᠂ ᠠᠪᠠ ᠭᠦᠷᠦᠭᠡ ᠶᠢᠨ ᠳᠠᠯᠠᠯᠭ᠎ᠠ᠂ ᠮᠤᠷᠳᠠᠭᠤᠯᠭ᠎ᠠ ᠶᠢᠨ ᠳᠠᠯᠠᠯᠭ᠎ᠠ᠂ ᠰᠦᠨᠡᠰᠦᠨ ᠤ ᠳᠠᠯᠠᠯᠭ᠎ᠠ᠂ ᠰᠦᠯᠳᠡ  ᠶᠢᠨ ᠳᠠᠯᠠᠯᠭ᠎ᠠ᠂ ᠤᠪᠤᠭ᠎ᠠ ᠱᠠᠩᠰᠢ ᠶᠢᠨ ᠳᠠᠯᠠᠯᠭ᠎ᠠ ᠵᠡᠷᠭᠡ ᠪᠠᠶᠢᠳᠠᠭ᠃ ᠡᠳᠡᠭᠡᠷ ᠳᠠᠯᠠᠯᠭ᠎ᠠ ᠶᠢᠨ ᠵᠠᠩ ᠦᠢᠯᠡ ᠨᠢ ᠳᠤᠰ ᠳᠤᠰ ᠲᠠᠭᠠᠨ ᠤᠨᠴᠠᠯᠢᠭ ᠲᠠᠢ᠃ ᠭᠠᠯ ᠤᠨ ᠳᠠᠯᠠᠯᠭ᠎ᠠ ᠶᠢ ᠤᠯᠠᠷᠢᠯ ᠪᠦᠷᠢ ᠶᠢᠨ ᠬᠤᠷᠢᠨ ᠭᠤᠷᠪᠠᠨ ᠳᠤ᠂ ᠢᠯᠠᠩᠭᠤᠶ᠎ᠠ ᠡᠪᠦᠯ ᠤᠨ ᠰᠡᠭᠦᠯ ᠰᠠᠷ᠎ᠠ ᠮᠤᠷᠳᠠᠬᠤ ᠤᠨᠤᠭ᠎ᠠ ᠭᠦᠰᠭᠡ ᠶᠢ ᠵᠦᠪ ᠢᠶᠠᠷ ᠭᠤᠷᠪᠠ ᠳᠤᠭᠤᠷᠢᠨ ᠬᠤᠷᠦ᠋ᠢᠯᠠᠳᠠᠭ᠃ ᠡᠶᠢᠮᠦ ᠠᠴᠠ ᠮᠤᠷᠳᠠᠭᠰᠠᠨ ᠭᠡᠤᠭᠡᠨ ᠳᠦᠷᠭᠦᠮᠯᠡᠪᠡᠯ ᠬᠤᠳᠤᠭᠤᠳᠤ ᠦᠭᠭᠦ ᠦᠭᠡᠢ ᠴᠡᠭᠡᠷ ᠲᠠᠢ ᠪᠢᠯᠡ᠃       ᠰᠦᠨᠡᠰᠦᠨ ᠳᠠᠯᠠᠯᠭ᠎ᠠ ᠳᠤ ᠬᠤᠶᠠᠷ ᠵᠦᠢᠯ ᠪᠤᠢ᠃ ᠨᠢᠭᠡ ᠨᠢ᠂ ᠭᠡᠤᠭᠡᠳ ᠤᠨ ᠰᠦᠨᠡᠰᠦᠨ ᠤ ᠳᠠᠯᠠᠯᠭ᠎ᠠ ᠶᠢ ᠡᠭᠡ ᠶᠢᠨ ᠬᠢᠨᠢ ᠳᠤᠳᠤᠷ ᠬᠤᠪᠴᠠᠰᠤ᠂ ᠭᠦᠭᠦ᠂ ᠳᠤᠷᠠᠳᠠᠢ ᠬᠠᠶᠢᠷᠠᠳᠠᠢ ᠡᠮᠦᠰᠬᠡᠯ ᠢᠶᠠᠷ ᠨᠢ ᠳᠠᠯᠠᠯᠳᠠᠭ᠃ ᠱᠠᠰᠢᠨ ᠰᠢᠳᠦᠯᠭᠡ ᠶᠢᠨ ᠡᠷᠭᠡ ᠪᠠᠷ ᠫᠠᠶᠢᠰᠠᠨ ᠳᠡᠭᠡᠷ᠎ᠡ ᠨᠡᠷ᠎ᠡ ᠶᠢ ᠨᠢ ᠪᠢᠴᠢᠵᠤ ᠳᠤᠯᠤᠮ ᠳᠤ ᠠᠬᠤᠭᠤᠯᠤᠭᠠᠳ ᠂ ᠬᠤᠳᠠ ᠡᠷᠬᠢᠭᠦᠯᠭᠦ᠂ ᠨᠤᠮ ᠤᠩᠰᠢᠵᠤ ᠳᠤᠭᠤᠭ᠎ᠠ ᠲᠠᠢ ᠤᠰᠤᠨ ᠳᠤ ᠮᠤᠳᠤᠨ ᠠᠶᠠᠭ᠎ᠠ ᠲᠠᠢ ᠵᠤᠯᠠ ᠡᠷᠬᠢᠭᠦᠯᠭᠦ ᠮᠡᠳᠤ ᠪᠠᠷ ᠳᠠᠯᠠᠯᠤᠨ ᠳᠠᠭᠤᠳᠠᠳᠠᠭ᠃ ᠨᠦᠭᠦᠭᠡ ᠨᠢ ᠂ ᠪᠡᠶ᠎ᠡ ᠦᠷᠡᠭᠳᠡᠭᠰᠡᠳ ᠢ ᠭᠠᠳᠠᠭᠰᠢᠯᠠᠭᠤᠯᠬᠤ ᠦᠶ᠎ᠡ ᠳᠤ ᠦᠷ᠎ᠡ ᠭᠡᠤᠭᠡᠳ  ᠨᠢ ᠬᠠᠶᠢᠷᠠᠳᠠᠢ ᠬᠤᠪᠴᠠᠰᠤ᠂ ᠳᠤᠷᠠᠳᠠᠢ ᠢᠳᠡᠭᠡᠨ ᠢᠶᠠᠷ ᠨᠢ ᠳᠠᠯᠠᠯᠠᠳᠠᠭ᠃ ᠡᠳᠡᠭᠡᠷ ᠢ ᠰᠦᠨᠡᠰᠦᠨ ᠤ ᠳᠠᠯᠠᠯᠠᠭ᠎ᠠ ᠭᠡᠳᠡᠭ ᠪᠢᠯᠡ᠃ ᠰᠦᠯᠳᠡ ᠶᠢᠨ ᠳᠠᠯᠠᠯᠭ᠎ᠠ ᠶᠢ ᠴᠠᠭᠠᠨ ᠰᠠᠷ᠎ᠠ ᠶᠢᠨ ᠰᠢᠨ᠎ᠡ ᠶᠢᠨ ᠭᠤᠷᠪᠠᠨ ᠤ ᠵᠢᠯ ᠤᠨ ᠡᠬᠢᠨ ᠳᠤ᠂ ᠬᠤᠨᠢᠨ ᠤ ᠴᠢᠨᠠᠭᠰᠠᠨ ᠪᠦᠭᠦᠯᠢ ᠡᠷᠡᠤ ᠪᠠᠷ ᠠᠪᠳᠠᠭ᠃ ᠤᠪᠤᠭ᠎ᠠ ᠱᠠᠩᠰᠢ ᠶᠢᠨ ᠳᠠᠯᠠᠯᠭ᠎ᠠ ᠳᠤ ᠳᠠᠬᠢᠭᠴᠢᠳ ᠪᠦᠭᠦᠳᠡᠭᠡᠷ ᠤᠷᠤᠯᠴᠠᠨ᠂ ᠡᠷᠭᠦᠴᠡ ᠳᠤ ᠠᠪᠠᠴᠢᠭᠰᠠᠨ ᠢᠳᠡᠭᠡᠨ ᠤᠮᠳᠠᠭᠠᠨ ᠤ ᠵᠦᠢᠯ ᠢᠶᠠᠷ ᠢᠶᠠᠨ ᠳᠠᠭᠠᠳᠬᠠᠯ ᠳᠠᠯᠠᠯᠭ᠎ᠠ ᠠᠪᠳᠠᠭ᠃ ᠡᠩ ᠤᠨ ᠳᠠᠯᠠᠯᠭ᠎ᠠ ᠪᠠ ᠳᠤᠰᠬᠠᠢ ᠳᠠᠯᠠᠯᠭ᠎ᠠ ᠶᠢ ᠭᠡᠷ ᠤᠨ ᠡᠵᠡᠨ ᠪᠤᠶᠤ ᠠᠬᠠᠮᠠᠳ ᠳᠦᠷᠦᠭᠦᠳᠡᠨ ᠠᠴᠠ ᠭᠡᠷ ᠪᠦᠯᠢ ᠪᠠ ᠤᠯᠠᠨ ᠢᠶᠠᠨ ᠳᠠᠭᠠᠭᠤᠯᠤᠨ ᠵᠠᠩ ᠦᠢᠯᠡ ᠶᠢ ᠭᠦᠢᠴᠡᠳᠭᠡᠳᠡᠭ᠃ ᠳᠠᠯᠠᠯᠭ᠎ᠠ ᠶᠢᠨ ᠭᠡᠰᠢᠭ ᠭᠡᠵᠤ ᠢᠳᠡᠭᠡᠨ ᠤᠮᠳᠠᠭᠠᠨ ᠳᠦᠭᠡᠭᠡᠳᠡᠭ ᠪᠦᠭᠡᠳ ᠮᠠᠩᠯᠠᠢ ᠳᠡᠷᠢᠭᠦᠯᠡᠭᠴᠢᠳ ᠲᠤ ᠱᠠᠩᠨᠠᠳᠠᠭ᠃ ᠪᠠᠭᠠᠷᠢᠨᠴᠤᠳ ᠳᠠᠯᠠᠯᠭ᠎ᠠ ᠬᠤᠷᠦ᠋ᠢᠯᠭ᠎ᠠ ᠳᠤ ᠡᠷᠳᠡᠨ ᠤ ᠮᠤᠩᠭᠤᠯ ᠤᠨ ᠵᠠᠩ ᠰᠤᠷᠳᠠᠯ ᠢᠶᠠᠨ ᠤᠯᠠᠮᠵᠢᠯᠠᠨ ᠪᠠᠷᠢ᠊ᠮᠳᠠᠯᠠᠵᠤ ᠪᠠᠶᠢᠭᠰᠠᠨ ᠢᠶᠠᠨ ᠰᠢᠷ᠎ᠠ ᠶᠢᠨ ᠱᠠᠰᠢᠨ ᠨᠡᠪᠳᠡᠷᠡᠭᠰᠡᠨ ᠤ ᠳᠠᠷᠠᠭ᠎ᠠ ᠳᠦᠪᠡᠳ ᠨᠤᠮ ᠪᠤᠶᠤ ᠳᠡᠭᠦᠨ ᠢ ᠤᠷᠴᠢᠭᠤᠯᠤᠭᠰᠠᠨ ᠮᠤᠩᠭᠤᠯ ᠰᠠᠩ ᠤᠩᠰᠢᠭᠤᠯᠤᠨ ᠳᠠᠯᠪᠢᠬᠤ ᠪᠤᠯᠵᠠᠢ᠃ ᠳᠤᠭᠳᠠᠭᠠᠯ ᠲᠠᠢ ᠶᠡᠭᠡ ᠳᠠᠯᠠᠯᠭ᠎ᠠ ᠳᠤ ᠬᠤᠶᠠᠷ ᠵᠦᠢᠯ ᠪᠤᠢ᠃ ᠡᠪᠦᠯ ᠬᠠᠪᠤᠷ ᠤᠨ ᠬᠠᠷᠠᠰᠤ ᠵᠤᠳᠠᠷᠠᠭᠤ ᠤᠯᠠᠷᠢᠯ ᠢ ᠳᠤᠭᠤᠯᠵᠤ᠂ ᠮᠠᠯ ᠳᠡᠩᠭᠡᠷᠡᠨ ᠳᠦᠯ ᠳᠤᠷᠨᠢᠵᠤ᠂ ᠨᠡᠭᠦᠳᠡᠯ ᠤᠨ ᠰᠢᠪᠠᠭᠤ ᠢᠷᠡᠭᠰᠡᠨ ᠤ ᠳᠠᠷᠠᠭ᠎ᠠ ᠬᠤᠷᠦ᠋ᠢᠯᠠᠳᠠᠭ ᠢ ᠬᠠᠪᠤᠷ ᠤᠨ ᠳᠠᠯᠠᠯᠭ᠎ᠠ ᠭᠡᠳᠡᠭ᠃ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠡᠭᠦᠯᠴᠢ ᠪᠤᠶᠤ ᠨᠠᠶᠢᠮᠠᠨ ᠰᠠᠷ᠎ᠠ ᠳᠤ ᠠᠪᠳᠠᠭ ᠢ ᠨᠠᠮᠤᠷ ᠤᠨ ᠳᠠᠯᠠᠯᠭ᠎ᠠ ᠭᠡᠳᠡᠭ᠃ ᠬᠠᠪᠤᠷ ᠤᠨ ᠳᠠᠯᠠᠯᠭ᠎ᠠ ᠶᠢ ︽ᠴᠢᠩ ᠴᠠᠭᠠᠨ ᠰᠢᠪᠠᠭᠤ ᠢᠷᠡᠭᠦ ᠳᠤ᠂ ᠴᠡᠴᠡᠭ ᠨᠠᠪᠴᠢ ᠳᠡᠯᠭᠡᠷᠡᠭᠦ ᠳᠤ᠂ ᠴᠠᠭᠠᠭᠴᠢ ᠭᠡᠭᠦᠦ ᠤᠨᠠᠭᠠᠯᠠᠬᠤ ᠳᠤ᠂ ᠴᠠᠭᠯᠠᠰᠢ ᠦᠭᠡᠢ ᠳᠠᠯᠠᠯᠳᠠᠭ︾ ᠭᠡᠳᠡᠭ᠃ ᠨᠠᠮᠤᠷ ᠤᠨ ᠳᠠᠯᠠᠯᠭ᠎ᠠ ᠳᠤ ︽ᠨᠡᠭᠦᠳᠡᠯ ᠤᠨ ᠰᠢᠪᠠᠭᠤ ᠪᠤᠴᠠᠬᠤ ᠳᠤ᠂ ᠨᠠᠮᠤᠷ ᠤᠨ ᠰᠡᠷᠢᠭᠦᠨ ᠤᠷᠤᠬᠤ ᠳᠤ᠂ ᠨᠡᠶᠢᠳᠡ ᠤᠯᠠᠨ ᠢᠶᠠᠷ ᠢᠶᠠᠨ ᠴᠤᠭᠯᠠᠷᠠᠵᠤ᠂ ᠨᠠᠨᠳᠢᠨ ᠭᠡᠰᠢᠭ ᠢ ᠳᠠᠯᠠᠯᠵᠠᠭᠠᠶ᠎ᠠ︕︾ ᠭᠡᠳᠡᠭ᠃       ᠡᠭᠦᠨ ᠳᠤ ᠡᠷᠦᠭᠡ  ᠶᠢᠨ ᠡᠵᠡᠨ ᠳᠦᠷᠦᠭᠦᠯᠡᠨ ᠤᠯᠠᠨ ᠢᠶᠠᠷ ᠢᠶᠠᠨ ᠭᠠᠯ ᠳᠡᠭᠷᠢ ᠳᠤ ᠰᠠᠴᠤᠯᠢ ᠡᠷᠭᠦᠨ ᠳᠠᠯᠠᠯᠭ᠎ᠠ ᠠᠪᠴᠤ᠂ ᠮᠠᠯ ᠢᠶᠠᠨ ᠠᠷᠢᠭᠤᠯᠠᠨ ᠤᠩᠭᠤᠨ ᠰᠠᠳᠠᠷ ᠢᠶᠠᠨ ᠰᠡᠷᠭᠦᠭᠡᠭᠡᠳ ᠳᠠᠯᠠᠯᠭ᠎ᠠ ᠶᠢᠨ ᠭᠡᠰᠢᠭ ᠢ ᠭᠦᠷᠳᠡᠪᠡᠯ ᠳᠠᠭᠤᠰᠴᠢᠬᠠᠳᠠᠭ ᠪᠠᠶᠢᠵᠠᠢ᠃ ᠰᠢᠷ᠎ᠠ ᠶᠢᠨ ᠱᠠᠰᠢᠨ ᠨᠡᠪᠳᠡᠷᠡᠭᠰᠡᠨ ᠠᠴᠠ ᠬᠤᠶᠢᠨ᠎ᠠ᠂ ᠯᠠᠮᠠ ᠵᠠᠯᠠᠵᠤ ᠰᠠᠩ ᠳᠠᠯᠪᠢᠭᠤᠯᠤᠨ ᠡᠳ᠋ ᠡᠷᠳᠡᠨᠢᠰ ᠤᠨ ᠰᠢᠳᠦᠭᠡᠨ ᠭᠡᠭᠴᠢ ᠨᠠᠮᠰᠠᠷᠠᠢ ᠪᠤᠶᠤ ᠨᠠᠮᠳᠠᠭ ᠪᠤᠷᠬᠠᠨ ᠢ ᠳᠠᠬᠢᠬᠤ ᠪᠤᠯᠵᠠᠢ᠃ ᠳᠡᠷᠡᠴᠢᠯᠡᠨ᠂ ᠳᠠᠯᠠᠯᠭ᠎ᠠ ᠶᠢᠨ ᠳᠠᠭᠤᠳᠠᠯᠭ᠎ᠠ ᠶᠢ ᠰᠢᠳᠦᠭᠡᠨ ᠢᠶᠠᠷ ᠨᠢ ᠢᠯᠭᠠᠵᠤ ᠨᠠᠮᠰᠠᠷᠠᠢ ᠶᠢᠨ ᠳᠠᠯᠠᠯᠭ᠎ᠠ ᠪᠤᠶᠤ ᠨᠠᠮᠳᠠᠭ ᠤᠨ ᠳᠠᠯᠠᠯᠭ᠎ᠠ ᠭᠡᠭᠦ ᠪᠤᠯᠤᠭᠠᠳ᠂ ᠨᠠᠮᠰᠠᠷᠠᠢ ᠶᠢᠨ ᠳᠠᠯᠠᠯᠭ᠎ᠠ ᠶᠢ ᠤᠯᠠᠭᠠᠨ ᠢᠶᠠᠷ᠂ ᠨᠠᠮᠳᠠᠭ ᠤᠨ ᠳᠠᠯᠠᠯᠭ᠎ᠠ ᠶᠢ ᠴᠠᠭᠠᠨ ᠢᠶᠠᠷ ᠬᠢᠳᠡᠭ ᠪᠢᠯᠡ᠃ ᠳᠠᠯᠠᠯᠭ᠎ᠠ ᠠᠪᠬᠤ ᠵᠠᠩ ᠵᠢᠷᠦᠮ ᠨᠢ ᠳᠤᠩ ᠨᠢᠮᠪᠠᠢ ᠬᠢᠴᠢᠶᠡᠩᠭᠦᠢ ᠪᠠᠶᠢᠳᠠᠭ᠃ ᠳᠠᠯᠠᠯᠭ᠎ᠠ ᠠᠪᠬᠤ ᠶᠢᠨ ᠡᠮᠦᠨ᠎ᠡ ᠡᠳᠦᠷ ᠠᠯᠢᠪᠠ ᠪᠡᠯᠡᠳᠭᠡᠯ ᠢ ᠪᠦᠷ ᠭᠦᠢᠴᠡᠳᠭᠡᠨ᠎ᠡ᠃ ᠭᠡᠷ ᠭᠦᠷᠢᠶ᠎ᠡ ᠪᠠᠨ ᠰᠠᠶᠢᠬᠠᠨ ᠴᠡᠪᠡᠷᠯᠡᠵᠤ᠂ ᠠᠷᠴᠠ ᠰᠠᠩ ᠵᠡᠷᠭᠡ ᠭᠡᠷᠡᠭᠰᠡᠯ ᠤᠨ ᠵᠦᠢᠯ ᠪᠦᠭᠦᠨ ᠢ ᠴᠦᠮ ᠲᠢᠭ᠋ ᠲᠠᠭ ᠪᠡᠯᠡᠳᠭᠡᠵᠤ᠂ ᠰᠢᠨ᠎ᠡ ᠬᠤᠪᠴᠠᠰᠤ ᠬᠤᠨᠠᠷ ᠢᠶᠠᠨ ᠢᠯᠠ ᠳᠠᠯᠪᠢᠨ᠎ᠠ᠃ ᠪᠡᠶ᠎ᠡ ᠪᠠᠨ ᠠᠷᠢᠭᠤᠳᠬᠠᠨ ᠳᠠᠯᠠᠯᠭ᠎ᠠ ᠶᠢᠨ ᠰᠠᠭᠤᠯᠭ᠎ᠠ ᠶᠢ ᠴᠢᠮᠡᠨ᠎ᠡ᠃ ᠳᠠᠯᠠᠯᠭ᠎ᠠ ᠶᠢᠨ ᠰᠠᠭᠤᠯᠭ᠎ᠠ ᠶᠢ ᠨᠠᠷᠠᠰᠤ᠂ ᠴᠦᠭᠦᠷᠡᠰᠤ᠂ ᠮᠠᠶᠢᠯᠠᠰᠤ ᠮᠡᠳᠤ ᠶᠢᠨ ᠮᠦᠩᠬᠡ ᠨᠤᠭᠤᠭᠠᠨ ᠮᠤᠳᠤ ᠪᠤᠶᠤ ᠳᠡᠮᠡᠭᠡᠨ ᠪᠦᠭᠦ ᠶᠢᠨ ᠰᠢᠷᠢ ᠮᠡᠳᠤ  ᠶᠢᠨ ᠪᠡᠯᠭᠡ ᠲᠠᠢ ᠵᠦᠢᠯ ᠢᠶᠠᠷ ᠭᠡᠪ ᠪᠠᠷᠢᠮᠵᠢᠶ᠎ᠠ ᠶᠤᠰᠤᠭᠠᠷ ᠬᠢᠵᠤ᠂ ᠴᠠᠭᠠᠰᠤ ᠪᠤᠶᠤ ᠪᠦᠰ ᠳᠤᠷᠳᠤᠩ ᠢᠶᠠᠷ ᠳᠤᠳᠤᠷᠯᠠᠵᠤ᠂ ᠭᠠᠳᠠᠷ ᠲᠤᠨᠢ ᠪᠤᠳᠤᠭ ᠰᠢᠷ ᠢᠶᠠᠷ ᠳᠦᠷᠪᠡᠨ ᠡᠷᠳᠡᠨᠢ᠂ ᠨᠠᠶᠢᠮᠠᠨ ᠳᠠᠬᠢᠯ᠂ ᠴᠢᠨᠳᠠᠮᠤᠨᠢ ᠵᠡᠷᠭᠡ ᠶᠢ ᠵᠢᠷᠤᠳᠠᠭ᠃ ᠳᠠᠪᠤᠨ ᠳᠠᠷᠢᠶᠠᠨ ᠤ ᠦᠷ᠎ᠡ᠂ ᠳᠠᠪᠤᠨ ᠬᠤᠰᠢᠭᠤ ᠮᠠᠯ ᠤᠨ ᠤᠩᠭᠠᠰᠤ ᠨᠤᠤᠰᠤ᠂ ᠳᠡᠯ ᠰᠡᠭᠦᠯ ᠤᠯᠠᠭᠠᠨ ᠴᠠᠭᠠᠨ ᠢᠳᠡᠭᠡ᠂ ᠠᠯᠳᠠ ᠮᠦᠩᠭᠦ ᠠᠷᠴᠠ ᠳᠡᠷᠢᠭᠦᠳᠡᠨ ᠢᠶᠠᠷ ᠳᠦᠭᠦᠷᠭᠡᠭᠡᠳ ᠳᠠᠪᠤᠨ ᠦᠩᠭᠡ ᠶᠢᠨ ᠭᠬᠢᠪ᠂ ᠬᠠᠳᠠᠭ  ᠢᠶᠠᠨ ᠴᠢᠮᠡᠭᠰᠡᠨ ᠰᠤᠮᠤ ᠪᠠ ᠰᠦᠳᠤ ᠮᠤᠳᠤᠨ ᠤ ᠰᠠᠯᠠᠭ᠎ᠠ ᠳᠤ ᠮᠠᠯ ᠤᠨ ᠭᠡᠰᠢᠭ᠂ ᠰᠢᠮ᠎ᠡ ᠶᠢᠨ ᠳᠡᠭᠡᠵᠢ ᠲᠠᠢ ᠵᠢᠵᠢᠭ ᠴᠠᠭᠠᠨ ᠤᠭᠤᠳᠠ ᠡᠯᠭᠦᠵᠤ᠂ ᠳᠠᠯᠠᠯᠭ᠎ᠠ ᠶᠢᠨ ᠰᠠᠭᠤᠯᠠᠭ᠎ᠠ ᠳᠠᠭᠠᠨ ᠬᠠᠳᠬᠤᠳᠠᠭ᠃ ᠳᠠᠯᠠᠯᠭ᠎ᠠ ᠠᠪᠬᠤ ᠡᠳᠦᠷ ᠠᠶᠢᠯ ᠠᠶᠢᠮᠠᠭ᠂ ᠬᠠᠮᠢᠶᠠᠷᠳᠠᠨ ᠰᠠᠳᠤᠨ ᠪᠦᠷ ᠢᠷᠠᠯᠴᠡᠵᠤ᠂ ᠵᠤᠯᠠ ᠭᠦᠵᠢ ᠠᠰᠠᠭᠠᠵᠤ᠂ ᠬᠤᠳᠠᠨ ᠳᠤᠮᠳᠠ ᠠᠷᠴᠠ ᠤᠩᠭᠠᠰᠬᠠᠨ ᠳᠠᠯᠠᠯᠭ᠎ᠠ ᠶᠢᠨ ᠴᠠᠢ ᠢᠳᠡᠭᠡᠨ᠂ ᠠᠷᠢᠬᠢ ᠰᠢᠭᠦᠰᠤ ᠵᠡᠷᠭᠡ ᠶᠢ ᠤᠷᠤᠭ ᠬᠤᠷᠢᠮ ᠬᠢᠭᠦ‍ ᠰᠢᠭ ᠡᠯᠪᠡᠭ ᠳᠡᠯᠪᠡᠭ ᠪᠡᠯᠡᠳᠭᠡᠭᠡᠳ᠂ ᠬᠤᠨᠢ ᠪᠤᠴᠠᠬᠤ ᠶᠢᠨ ᠦᠶ᠎ᠡ ᠪᠠᠷ ᠮᠠᠯ ᠰᠦᠷᠦᠭ ᠪᠦᠭᠦᠨ ᠢᠶᠠᠨ ᠬᠤᠳᠠᠨ ᠳᠠᠭᠠᠨ ᠤᠶᠢᠷᠠᠳᠤᠭᠤᠯᠤᠨ ᠰᠠᠩ ᠳᠠᠯᠪᠢᠵᠤ ᠳᠠᠯᠠᠯᠭ᠎ᠠ ᠦᠪᠡᠳᠡᠭᠰᠢ ᠶᠡᠭᠡ ᠪᠠᠷ ᠡᠬᠢᠯᠡᠨ᠎ᠡ᠃ ᠭᠡᠷ ᠤᠨ ᠡᠵᠡᠨ ᠳᠤᠯᠭ᠎ᠠ ᠶᠢᠨ ᠢᠶᠠᠨ ᠡᠮᠦᠨ᠎ᠡ ᠵᠤᠭᠰᠤᠵᠤ᠂ ᠳᠠᠯᠠᠯᠭ᠎ᠠ ᠶᠢᠨ ᠰᠠᠭᠤᠯᠭ᠎ᠠ ᠪᠠᠷ ᠬᠤᠷᠦ᠋ᠢᠯᠠᠵᠤ ᠡᠬᠢᠯᠡᠭᠦ ᠳᠤ᠂ ᠡᠵᠡᠭᠳᠡᠢ ᠪᠦᠰᠡᠭᠦᠢ᠂ ᠭᠠᠯ ᠭᠦᠭᠵᠢᠭᠡᠨ ᠠᠷᠢᠬᠢ ᠳᠤᠰᠤ᠂ ᠳᠤᠷᠮ᠎ᠠ ᠵᠡᠷᠭᠡ ᠡᠷᠭᠦᠵᠤ᠂ ᠤᠷᠭᠤᠬᠤ ᠨᠠᠷᠠᠨ ᠤ ᠳᠠᠯ᠎ᠠ ᠶᠢᠨ ᠤᠴᠤᠭ ᠠᠴᠠ ᠡᠬᠢᠯᠡᠨ ᠵᠦᠪ ᠢᠶᠠᠷ ᠡᠷᠬᠢᠵᠤ ᠤᠴᠤᠭ ᠪᠦᠷᠢ ᠳᠤ ᠠᠷᠢᠬᠢ ᠳᠤᠰᠤ ᠳᠤᠰᠤᠭᠠᠬᠤ  ᠳᠤ᠂ ᠴᠤᠭᠯᠠᠷᠠᠭᠰᠠᠨ ᠤᠯᠠᠨ ᠬᠠᠳᠠᠭ ᠬᠤᠷᠤᠳ ᠪᠠᠷᠢᠭᠰᠠᠨ ᠵᠦᠢᠯ ᠪᠦᠭᠦᠨ ᠢᠶᠠᠷ ᠢᠶᠠᠨ ᠭᠡᠷ ᠤᠨ ᠡᠵᠡᠨ ᠢ ᠳᠠᠭᠠᠵᠤ᠂ ᠬᠤᠭᠤᠯᠠᠢ ᠭᠦᠩᠬᠢᠨᠡᠭᠦᠯᠦᠨ ᠠᠶᠠᠯᠭᠤ ᠨᠡᠶᠢᠯᠡᠭᠦᠯᠵᠤ᠂ ᠳᠠᠯᠠᠯᠭ᠎ᠠ ᠶᠢᠨ ᠳᠠᠭᠤᠳᠠᠯᠭ᠎ᠠ ᠶᠢ ᠳᠠᠭᠤᠯᠠᠨ ᠬᠤᠷᠦ᠋ᠢᠯᠠᠨ᠎ᠠ᠃ ᠳᠠᠭᠤᠳᠠᠯᠭ᠎ᠠ ᠶᠢᠨ ᠳᠠᠭᠤᠯᠠᠯ ᠳᠦᠷᠪᠡᠨ ᠵᠦᠭ ᠨᠠᠶᠢᠮᠠᠨ ᠵᠦᠪᠬᠢᠰ ᠠᠴᠠ ᠬᠤᠷᠦ᠋ᠢᠯᠠᠵᠤ ᠳᠠᠭᠤᠰᠬᠠᠬᠤ ᠰᠢᠬᠠᠬᠤ ᠳᠤ ᠭᠡᠷ ᠤᠨ ᠡᠵᠡᠨ ᠳᠠᠯᠠᠯᠭ᠎ᠠ ᠶᠢᠨ ᠰᠠᠭᠤᠯᠭ᠎ᠠ ᠪᠠᠨ ᠳᠠᠪᠡᠷᠢᠵᠤ ᠭᠠᠷᠤᠭᠠᠳ ᠮᠤᠷᠢᠨ ᠳᠠᠭᠠᠨ ᠮᠤᠷᠳᠠᠵᠤ ᠬᠤᠳᠠ ᠰᠦᠷᠦᠭ ᠢᠶᠠᠨ ᠡᠷᠬᠢᠨ᠎ᠡ᠃ ᠢᠩᠬᠢᠵᠤ ᠭᠤᠷᠪᠠᠨᠳᠠ ᠡᠷᠬᠢᠭᠦ ᠳᠡᠭᠡᠨ ᠳᠠᠪᠤᠨ ᠬᠤᠰᠢᠭᠤ ᠮᠠᠯ ᠤᠨ ᠭᠡᠰᠢᠭ ᠢ ᠳᠠᠭᠤᠳᠠᠨ ᠬᠤᠷᠦ᠋ᠢᠯᠠᠭᠰᠠᠨ ᠳᠠᠭᠤᠯᠠᠯ ᠢ ᠠᠭᠤᠯᠠ ᠤᠰᠤ ᠶᠢ ᠪᠠᠶᠠᠰᠳᠠᠯ᠎ᠠ ᠳᠠᠭᠤᠯᠠᠨ ᠬᠤᠷᠦ᠋ᠢᠯᠠᠳᠠᠭ᠃ ᠭᠡᠷ ᠤᠨ ᠡᠵᠡᠨ ᠭᠡᠷ ᠲᠤ ᠤᠷᠤᠵᠤ ᠢᠷᠡᠭᠰᠡᠨ ᠤ ᠳᠠᠷᠠᠭ᠎ᠠ᠂ ᠤᠯᠠᠨ ᠪᠦᠭᠦᠨ ᠢᠶᠠᠷ ᠢᠶᠠᠨ ︽ᠭᠡᠰᠢᠭ ᠪᠦᠭᠦᠨ ᠬᠤᠷᠠᠬᠤ ᠪᠤᠯᠳᠤᠭᠠᠢ︕ ᠪᠤᠮ ᠤᠨ ᠳᠠᠮᠠᠭ᠎ᠠ ᠳᠠᠷᠤᠬᠤ ᠪᠤᠯᠳᠤᠭᠠᠢ︕︾ ᠭᠡᠭᠦ ᠮᠡᠳᠤ ᠶᠢᠨ ᠢᠷᠦᠭᠡᠯ ᠬᠠᠶᠢᠯᠠᠳᠠᠭ᠃       ᠬᠤᠷᠦ᠋ᠢᠯᠠᠭ᠎ᠠ ᠴᠢᠭᠯᠡᠭᠰᠡᠨ ᠤ ᠳᠠᠷᠠᠭ᠎ᠠ ᠤᠯᠠᠨ ᠢᠶᠠᠷ ᠢᠶᠠᠨ ᠭᠠᠷᠴᠤ ᠠᠵᠢᠷᠭ᠎ᠠ᠂ ᠪᠤᠬ᠎ᠠ᠂ ᠬᠤᠴᠠ᠂ ᠪᠤᠤᠷ᠎ᠠ᠂ ᠤᠬᠤᠨ᠎ᠠ ᠵᠡᠷᠭᠡ ᠶᠢ ᠰᠡᠳᠡᠷᠯᠡᠨ᠎ᠡ᠃ ᠭᠡᠷᠪᠡ ᠤᠤᠯ ᠤᠨ ᠤᠩᠭᠤᠨ ᠨᠢ ᠭᠦᠭᠰᠢᠷᠡᠭᠰᠡᠨ ᠪᠤᠶᠤ ᠰᠡᠪᠳᠦᠭᠰᠡᠨ ᠪᠤᠯ ᠦᠭᠡᠷ᠎ᠡ ᠮᠠᠯ ᠳᠤ ᠤᠩᠭᠤᠨ ᠶᠡᠭᠦᠯᠡᠨ᠎ᠡ᠃ ᠢᠩᠬᠢᠭᠦ ᠳᠡᠭᠡᠨ ᠤᠩᠭᠤᠨ ᠢᠶᠠᠨ ᠶᠡᠭᠦᠯᠡᠭᠳᠡᠭᠰᠡᠨ ᠪᠠ ᠤᠩᠭᠤᠯᠠᠭᠳᠠᠭᠰᠠᠨ ᠮᠠᠯ ᠢ ᠳᠤᠯᠢ ᠳᠤ ᠪᠡᠶ᠎ᠡ ᠶᠢ ᠨᠢ ᠦᠵᠡᠭᠦᠯᠵᠤ᠂ ᠬᠠᠭᠤᠴᠢᠨ ᠤᠩᠭᠤᠨ ᠢ ᠠᠪᠴᠤ ᠰᠢᠨ᠎ᠡ ᠤᠩᠭᠤᠨ ᠶᠡᠭᠦᠯᠡᠭᠰᠡᠨ ᠮᠠᠯ ᠳᠤ ᠵᠡᠭᠦᠯᠭᠡᠭᠦ ᠳᠡᠭᠡᠨ ᠪᠡᠯᠭᠡ ᠲᠠᠢ ᠦᠭᠡᠰ ᠭᠡᠯᠡᠵᠤ ᠢᠷᠦᠭᠡᠳᠡᠭ᠃ ᠳᠠᠯᠠᠯᠭ᠎ᠠ ᠶᠢᠨ ᠵᠠᠩ ᠦᠢᠯᠡ ᠪᠦᠷ ᠳᠠᠭᠤᠰᠤᠭᠰᠠᠨ ᠤ ᠳᠠᠷᠠᠭ᠎ᠠ᠂ ᠴᠠᠢ ᠠᠶᠠᠭᠠᠯᠠᠨ ᠴᠠᠭᠠᠨ ᠢᠳᠡᠭᠡᠨ ᠳᠠᠪᠠᠭᠯᠠᠭᠠᠳ ᠠᠮᠰᠠᠵᠤ ᠪᠠᠶᠢᠳᠠᠯ᠎ᠠ ᠠᠷᠢᠬᠢ ᠭᠡᠮᠨᠡᠨ ᠰᠢᠭᠦᠰᠤ ᠤᠷᠤᠭᠤᠯᠤᠨ᠎ᠠ᠃ ᠴᠤᠭᠯᠠᠷᠠᠭᠰᠠᠨ ᠭᠦᠮᠦᠰ ᠨᠡᠶᠢᠯᠡᠯᠳᠦᠨ᠂ ᠳᠠᠯᠠᠯᠭ᠎ᠠ ᠶᠢᠨ ᠳᠤᠬᠠᠢ ᠬᠠᠭᠤᠴᠢ ᠳᠤᠮᠤᠭ ᠶᠠᠷᠢᠯᠴᠠᠨ ᠳᠠᠭᠤᠯᠠᠯᠴᠠᠬᠤ ᠶᠢᠨ ᠳᠠᠰᠢᠷᠠᠮ᠎ᠠ ᠵᠦᠰᠦᠭᠰᠡᠨ ᠢᠳᠡᠭᠡ᠂ ᠭᠡᠷᠴᠢᠭᠰᠡᠨ ᠬᠤᠷᠤᠳ᠂ ᠬᠠᠭᠠᠷᠢᠭᠰᠠᠨ ᠪᠤᠤᠪᠤ ᠵᠡᠷᠭᠡ ᠶᠢ ᠳᠠᠪᠠᠭᠯᠠᠭᠠᠳ᠂ ᠭᠡᠷ ᠤᠨ ᠡᠵᠡᠭᠳᠡᠢ ᠠᠴᠠ ᠠᠶᠢᠷᠠᠭ ᠤᠨ ᠭᠦᠷᠦᠩᠭᠡ ᠪᠠᠨ ᠡᠵᠡᠨ᠂ ᠭᠡᠤᠭᠡᠳ ᠤᠨ ᠳᠤᠮᠳᠠ ᠳᠠᠯᠪᠢᠵᠤ᠂ ᠳᠠᠯᠠᠯᠭ᠎ᠠ ᠶᠢᠨ ᠭᠡᠰᠢᠭ ᠢ ᠪᠤᠯᠢᠶᠠᠯᠳᠤᠭᠤᠯᠤᠨ᠎ᠠ᠃ ᠶᠡᠭᠡ ᠳᠠᠯᠠᠯᠭ᠎ᠠ ᠶᠢ ᠡᠳᠦᠷ ᠲᠤᠨᠢ ᠳᠠᠭᠤᠰᠬᠠᠳᠠᠭ᠃ ᠶᠡᠭᠡ ᠳᠠᠯᠠᠯᠭ᠎ᠠ ᠶᠢᠨ ᠳᠤᠯᠤᠭ᠎ᠠ ᠬᠤᠨᠤᠭ ᠲᠤ ᠭᠠᠳᠠᠭᠰᠢ ᠶᠠᠭᠤᠮ᠎ᠠ ᠭᠠᠷᠭᠠᠬᠤ ᠶᠢ ᠴᠡᠭᠡᠷᠯᠡᠳᠡᠭ᠃  
ᠢᠷᠡᠯᠲᠡ᠄ ᠪᠠᠭᠠᠷᠢᠨ ᠪᠠᠷᠠᠭᠤᠨ ᠤ ᠰᠤᠶᠤᠯ ᠲᠡᠦᠬᠡ