ᠮᠤᠩᠭᠤᠯᠴᠤᠳ ᠬᠡᠤᠬᠡᠳ ᠢᠶᠠᠨ ᠬᠠᠷᠠᠬᠠᠨ ᠪᠠᠭ᠎ᠠ ᠠᠴᠠ ᠨᠢ ᠠᠵᠢᠯ ᠬᠦᠳᠡᠯᠮᠦᠷᠢ ᠳᠤ ᠢᠯᠡᠬᠦᠦ ᠰᠤᠷᠭᠠᠳᠠᠭ ᠤᠯᠠᠮᠵᠢᠯᠠᠯ ᠲᠠᠢ᠃ ᠠᠵᠢᠯ ᠬᠦᠳᠡᠯᠮᠦᠷᠢ ᠳᠤ | ᠪᠠᠶᠠᠴᠢᠯᠡᠨ ᠤᠷᠤᠯᠴᠠᠭᠤᠯᠬᠤ ᠪᠠᠷ ᠳᠠᠮᠵᠢᠨ ᠬᠡᠤᠬᠡᠳ ᠤᠨ ᠰᠡᠳᠬᠢᠬᠦᠢ ᠶᠢ ᠳᠡᠯᠡᠬᠦ᠂ ᠳᠡᠩᠴᠡᠬᠦᠷᠢ ᠪᠠᠨ ᠤᠯᠬᠤ ᠳᠤ ᠳᠤᠰᠠᠯᠠᠬᠤ᠂ ᠡᠪ ᠳᠡᠮ ᠢᠶᠠᠨ ᠤᠯᠵᠦ ᠭᠠᠷ ᠢ ᠨᠢ | ᠡᠪᠰᠢᠬᠦᠯᠬᠦ᠂ ᠠᠷᠭ᠎ᠠ ᠪᠤᠳᠤᠵᠦ ᠤᠴᠢᠷ ᠶᠠᠪᠤᠳᠠᠯ ᠢ ᠰᠢᠢᠳᠪᠤᠷᠢᠯᠡᠵᠦ ᠳᠡᠶᠢᠯᠳᠡᠭ ᠪᠤᠯᠬᠤ ᠵᠡᠷᠭᠡ ᠳᠠᠯ᠎ᠠ ᠪᠠᠷ ᠳᠤᠰᠠᠯᠠᠳᠠᠭ ᠶᠤᠮ᠃ ᠠᠵᠢᠯ ᠬᠦᠳᠡᠯᠮᠦᠷᠢ ᠪᠠᠷ ᠳᠠᠮᠵᠢᠨ | ᠰᠤᠷᠭᠠᠨ ᠬᠦᠮᠦᠵᠢᠬᠦᠯᠬᠦ ᠨᠢ ᠨᠢᠭᠡ ᠳᠠᠯ᠎ᠠ ᠪᠠᠷ ᠠᠪᠤ ᠡᠵᠢ ᠪᠠᠨ ᠳᠠᠭᠤᠷᠢᠶᠠᠵᠦ ᠬᠢᠬᠦ ᠪᠤᠯᠬᠤᠷ ᠬᠡᠤᠬᠡᠳ ᠤᠨ ᠬᠠᠮᠤᠭ ᠤᠨ ᠰᠠᠶᠢᠨ ᠴᠢᠳᠠᠳᠠᠭ ᠳᠠᠭᠤᠷᠢᠶᠠᠬᠤ | ᠴᠢᠳᠠᠪᠤᠷᠢ ᠶᠢ ᠪᠠᠳᠠᠷᠠᠭᠤᠯᠳᠠᠭ᠂ ᠨᠦᠬᠦᠭᠡ ᠳᠠᠯ᠎ᠠ ᠪᠠᠷ ᠡᠨᠡ ᠨᠢ ᠮᠠᠰᠢ ᠠᠶᠠᠨᠳᠠᠭᠠᠨ ᠤ ᠠᠶᠢᠵᠠᠮ ᠳᠤᠮᠳᠠ ᠶᠠᠪᠤᠭᠳᠠᠳᠠᠭ ᠪᠤᠯᠬᠤᠷ ᠠᠯᠪᠠᠳᠠᠯᠭ᠎ᠠ ᠶᠢᠨ ᠴᠢᠨᠠᠷ | ᠤᠭᠳᠤᠬᠠᠨ ᠴᠦ ᠦᠭᠡᠢ ᠪᠠᠶᠢᠵᠦ᠂ ᠬᠡᠤᠬᠡᠳ ᠲᠤ ᠳᠠᠷᠤᠯᠳᠠ ᠰᠢᠬᠠᠯᠳᠠ ᠦᠭᠡᠢ ᠪᠠᠶᠢᠵᠦ᠂ ᠡᠳᠦᠷ ᠤᠨ ᠤᠳᠠᠭᠠᠨ ᠳᠤ ᠪᠠᠨ ᠬᠢᠵᠦ ᠰᠤᠷᠬᠤ ᠴᠠᠭ ᠵᠠᠪ ᠢ | ᠬᠡᠤᠭᠡᠳ ᠲᠤ ᠦᠭᠳᠡᠭ ᠶᠤᠮ᠃ ᠨᠠᠶᠢᠮᠠᠳᠤᠭᠠᠷ ᠰᠠᠷ᠎ᠠ ᠶᠢᠨ ᠳᠤᠮᠳᠠᠴᠢ ᠪᠠᠷ ᠤᠯᠠᠭᠠᠢ ᠬᠠᠮᠢᠶᠠᠷᠤᠯᠳᠠ ᠶᠢᠨ ᠤᠷᠤᠨ ᠤ ᠬᠡᠰᠡᠭᠡᠨᠭᠤᠯᠠ ᠮᠠᠯᠵᠢᠯ ᠤᠨ ᠳᠠᠯᠠᠪᠠᠢ ᠪᠠᠷ | ᠰᠤᠷᠪᠤᠯᠵᠢᠯᠠᠵᠦ ᠶᠠᠪᠤᠬᠤ ᠳᠤ ᠪᠠᠨ ᠨᠢᠭᠡ ᠬᠦᠬᠡᠷᠦᠬᠦᠨ ᠬᠦᠦ ᠲᠠᠢ ᠳᠠᠨᠢᠯᠴᠠᠯ᠎ᠠ᠃ ᠳᠡᠬᠦᠨ ᠢ ᠵᠤᠯᠳᠠᠢ ᠭᠡᠳᠡᠭ᠃ | ᠵᠤᠯᠳᠠᠢ ᠪᠤᠯ ᠤᠯᠠᠭᠠᠢ ᠬᠠᠮᠢᠶᠠᠷᠤᠯᠳᠠ ᠶᠢᠨ ᠤᠷᠤᠨ ᠤ ᠮᠤᠩᠭᠤᠯ ᠰᠤᠷᠭᠠᠭᠤᠯᠢ ᠶᠢᠨ ᠭᠤᠷᠪᠠᠳᠤᠭᠠᠷ ᠤᠨ ᠤ ᠰᠤᠷᠤᠭᠴᠢ ᠶᠤᠮ᠃ ᠶᠢᠰᠦᠳᠠᠢ ᠳᠡᠷᠡᠪᠡᠷ ᠠᠪᠤ | ᠡᠵᠢ ᠪᠠᠨ ᠬᠠᠪᠰᠤᠷᠴᠦ ᠭᠡᠷ ᠤᠨ ᠭᠠᠳᠠᠨ᠎ᠠ ᠳᠤᠳᠤᠨᠠᠬᠢ ᠤᠯᠠᠨ ᠠᠵᠢᠯ ᠢ ᠬᠠᠮᠵᠢᠵᠦ ᠬᠢᠵᠦ ᠴᠢᠳᠠᠬᠤ ᠪᠤᠯᠵᠠᠢ᠃ ᠳᠡᠳᠡᠨ ᠤ ᠳᠤ ᠤᠴᠢᠬᠤ ᠳᠤ ᠠᠪᠤ ᠡᠵᠢ ᠨᠢ | ᠢᠷᠡᠭᠰᠡᠨ ᠵᠤᠴᠢᠳ ᠲᠤ ᠪᠠᠨ ᠬᠤᠭᠤᠯᠠ ᠤᠮᠳᠠ ᠪᠡᠯᠡᠳᠭᠡᠵᠦ ᠶᠠᠭᠠᠷᠠᠬᠤ ᠳᠤ ᠵᠤᠯᠳᠠᠢ ᠮᠠᠨᠢ ᠰᠢᠷᠡᠭᠡ ᠵᠦᠯᠬᠦᠵᠦ ᠰᠠᠨᠳᠠᠯᠢ ᠵᠦᠭᠡᠭᠡᠭᠡᠳ ᠬᠠᠷᠠᠬᠤ ᠳᠤ ᠯᠡ ᠪᠠᠶᠢᠡᠭᠭᠤ | ᠡᠨᠡ ᠠᠵᠢᠯ ᠳᠤ ᠬᠠᠮᠵᠢᠯᠴᠠᠳᠠᠭ ᠨᠢ ᠢᠯᠡᠭᠡᠨ ᠪᠠᠶᠢᠯ᠎ᠠ᠃ ᠤᠳᠠᠭᠰᠠᠨ ᠦᠭᠡᠢ ᠳᠡᠷᠡ ᠡᠵᠢ ᠶᠢᠨ ᠢᠶᠠᠨ ᠵᠠᠬᠢᠶ᠎ᠡ ᠪᠠᠷ ᠬᠤᠭᠤᠰᠤᠨ ᠰᠠᠭᠤᠯᠠᠭ᠎ᠠ ᠪᠠᠨ ᠪᠠᠷᠢᠵᠦ ᠬᠦᠶᠦᠭᠡᠳ | ᠬᠡᠳᠦᠭᠡᠨ ᠮᠢᠨᠦ᠋ᠲ ᠤᠨ ᠳᠤᠳᠤᠷ᠎ᠠ ᠳᠦᠬᠦᠷᠡᠩ ᠠᠷᠭᠠᠯ ᠠᠪᠤᠭᠠᠳ ᠢᠷᠡᠯ᠎ᠡ᠃ ᠠᠷᠭᠠᠯ ᠳᠦᠯᠡᠭᠡ ᠤᠶᠢᠢᠷᠠᠳᠤᠭᠤᠯᠬᠤ ᠪᠤᠯ ᠬᠡᠤᠬᠡᠳ ᠤᠨ ᠬᠠᠮᠤᠭ ᠤᠨ ᠳᠦᠷᠦᠬᠦᠦ | ᠬᠢᠵᠦ ᠰᠤᠷᠳᠠᠭ ᠠᠵᠢᠯ ᠪᠠᠶᠢᠵᠦ ᠳᠠᠭᠠᠷᠠᠨ᠎ᠠ᠃ ᠵᠤᠯᠳᠠᠢ ᠴᠦ ᠡᠨᠡ ᠠᠵᠢᠯ ᠢ ᠳᠠᠪᠤ ᠵᠢᠷᠭᠤᠭᠠᠨ ᠨᠠᠰᠤᠨ ᠠᠴᠠ ᠪᠠᠨ ᠬᠢᠵᠦ ᠰᠤᠷᠤᠭᠠᠳ ᠤᠳᠤ ᠪᠤᠯᠬᠤ ᠳᠤ ᠬᠠᠭᠤᠴᠢᠨ | ᠭᠠᠷ ᠪᠤᠯᠤᠭᠰᠠᠨ ᠪᠠᠶᠢᠨ᠎ᠠ᠃ ᠵᠤᠯᠳᠠᠢ ᠡᠵᠢ ᠳᠤ ᠪᠠᠨ ᠠᠷᠭᠠᠯ ᠤᠶᠢᠢᠷᠠᠳᠤᠭᠤᠯᠵᠦ ᠦᠭᠬᠦᠭᠡᠳ ᠭᠡᠷ ᠤᠨ ᠢᠶᠠᠨ ᠤᠶᠢᠢᠷᠠᠬᠠᠨ ᠪᠠᠶᠢᠭᠰᠠᠨ ᠭᠡᠳᠦᠨ ᠬᠤᠨᠢ ᠪᠠᠨ | ᠬᠦᠭᠡᠭᠡᠵᠦ ᠠᠪᠴᠢᠷᠠᠭᠠᠳ ᠠᠪᠤ ᠲᠠᠢ ᠪᠠᠨ ᠬᠠᠮᠵᠢᠨ ᠤᠰᠤᠯᠠᠪᠠ᠃ ᠵᠤᠯᠳᠠᠢ ᠬᠦᠦ ᠶᠢᠨ ᠠᠪᠤ ᠡᠵᠢ ᠨᠢ ︽ ᠢᠡᠭᠬᠢ ᠴᠢᠩᠬᠢ︾ ᠭᠡᠬᠦ ᠶᠢᠨ ᠬᠠᠷᠢᠭᠤ ᠳᠤ ︽ᠬᠢᠬᠦ | ᠦᠭᠡᠢ ᠴᠢᠳᠠᠬᠤ ᠦᠭᠡᠢ︾ ᠭᠡᠬᠦ ᠦᠭᠡ ᠶᠢ ᠬᠡᠯᠡᠬᠦ ᠦᠭᠡᠢ᠂ ᠪᠠᠰᠠ ᠵᠠᠯᠬᠠᠭᠤᠷᠠᠯ ᠦᠭᠡᠢ ᠪᠠᠶᠢᠬᠤ ᠨᠢ ᠳᠤᠮᠤᠭ᠎ᠠ ᠲᠠᠢ ᠪᠠᠶᠢᠳᠠᠭ ᠢ ᠨᠢ ᠬᠠᠷᠠᠭᠤᠯᠤᠨ᠎ᠠ ᠠᠵᠢ᠃ | ᠤᠰᠤᠯᠠᠭᠰᠠᠨ ᠬᠤᠨᠢ ᠪᠠᠨ ᠬᠦᠷᠢᠶᠠᠨ ᠳᠤ ᠤᠷᠤᠭᠤᠯᠴᠢᠬᠠᠭᠠᠳ ᠬᠦᠷᠢᠶᠠᠨ ᠤ ᠪᠠᠨ ᠡᠬᠦᠳᠡ ᠶᠢ ᠰᠠᠶᠢᠨ ᠴᠢᠩᠳᠠᠯᠠᠵᠦ ᠤᠶᠠᠭᠠᠳ ᠨᠢᠭᠡ ᠶᠡᠭᠡ ᠠᠵᠢᠯ ᠢ | ᠠᠮᠵᠢᠭᠤᠯᠤᠭᠰᠠᠨ ᠬᠦᠮᠦᠨ ᠪᠤᠯᠵᠦ ᠮᠠᠩᠨᠠᠢ ᠪᠠᠨ ᠠᠷᠴᠢᠬᠤ ᠨᠢ ᠬᠦᠭᠡᠷᠦᠬᠦᠨ ᠬᠠᠷᠠᠭᠳᠠᠨ᠎ᠠ᠃ ᠳᠡᠷᠡ ᠪᠠᠰᠠ ᠬᠤᠳᠠᠴᠢ ᠠᠯᠠᠭ ᠢᠶᠠᠨ ᠳᠡᠵᠢᠭᠡᠬᠦ ᠠᠵᠢᠯ ᠢᠶᠠᠨ ᠵᠠᠪ | ᠦᠭᠡᠢ ᠠᠮᠵᠢᠭᠤᠯᠵᠦ᠂ ᠬᠤᠨᠢ ᠳᠡᠵᠢᠭᠡᠬᠦ ᠤᠡᠭᠭᠤᠴᠠ ᠪᠠᠨ ᠴᠦ ᠱᠦᠬᠦᠷᠳᠡᠪᠡ᠃ ᠡᠳᠡᠭᠡᠷ ᠠᠵᠢᠯ ᠪᠤᠯ ᠳᠡᠬᠦᠨ ᠤ ᠪᠠᠶᠢᠡᠭᠭᠤ ᠰᠠᠨᠠᠭᠠᠨ ᠠᠴᠠ ᠪᠠᠨ ᠬᠢᠴᠢᠭᠡᠳᠡᠭ ᠠᠵᠢᠯ | ᠶᠤᠮ᠃ ︽ ᠬᠦᠦ ᠴᠢᠨᠢ ᠶᠤᠰᠤᠳᠠᠢ ᠠᠵᠢᠯᠴᠢ ᠪᠠᠶᠢᠨ᠎ᠠ ᠰᠢᠤ︾ ᠭᠡᠬᠦ ᠪᠠᠷ ᠵᠤᠯᠳᠠᠢ ᠶᠢᠨ ᠠᠪᠤ ᠰᠠᠶᠢᠨᠪᠠᠶᠠᠷ᠄ ︽ᠵᠠᠪᠳᠤᠬᠤ ᠦᠭᠡᠢ ᠪᠤᠯᠪᠠᠯ ᠵᠠᠷᠤᠭᠠᠳ ᠪᠠᠶᠢᠳᠠᠭ | ᠪᠤᠯᠬᠤᠷ ᠮᠠᠨ ᠤ ᠬᠦᠦ ᠤᠯᠠᠨ ᠠᠵᠢᠯ ᠬᠢᠵᠦ ᠴᠢᠳᠠᠬᠤ ᠪᠤᠯᠤᠭᠰᠠᠨ︾ ᠭᠡᠪᠡ᠃ ᠤᠳᠤ ᠶᠢᠨ ᠬᠦᠮᠦᠰ ᠬᠡᠤᠬᠡᠳ ᠢ ᠠᠵᠢᠯ ᠬᠦᠳᠡᠯᠮᠦᠷᠢ ᠳᠤ ᠤᠷᠤᠯᠴᠠᠭᠤᠯᠬᠤ ᠶᠢ | ᠬᠦᠨᠳᠦᠳᠭᠡᠨ ᠪᠤᠳᠤᠬᠤ ᠦᠭᠡᠢ ᠮᠦᠷᠳᠡᠭᠡᠨ ᠡᠮᠦᠨ᠎ᠡ ᠠᠴᠠ ᠨᠢ ᠪᠦᠬᠦ ᠶᠠᠭᠤᠮ᠎ᠠ ᠶᠢ ᠬᠢᠵᠦ ᠪᠠᠶᠢᠭ᠎ᠠ ᠪᠠᠨ ᠬᠡᠤᠬᠡᠳ ᠢᠶᠠᠨ ᠬᠠᠶᠢᠷᠠᠯᠠᠵᠦ ᠪᠠᠶᠢᠬᠤ ᠪᠠᠷ ᠪᠤᠷᠤᠭᠤ | ᠤᠶᠢᠢᠯᠠᠭᠠᠴᠢᠬᠠᠭᠰᠠᠨ ᠨᠢ ᠵᠦᠡᠭᠳᠡᠭᠡᠨ ᠪᠤᠢ᠃ ᠢᠡᠭᠬᠢᠵᠦ ᠬᠡᠤᠬᠡᠳ ᠠᠴᠠ ᠪᠠᠨ ᠠᠮᠵᠢᠵᠦ ᠬᠢᠬᠦ ᠨᠢ ᠴᠠᠭ ᠲᠤ ᠠᠷᠪᠢᠳᠠᠢ ᠭᠡᠳᠡᠭ ᠨᠢ ᠴᠦ ᠪᠤᠢ᠃ | ᠦᠨᠡᠨ ᠳᠤ ᠪᠠᠨ ᠬᠡᠤᠬᠡᠳ ᠤᠯᠠᠨ ᠠᠵᠢᠯ ᠢ ᠬᠢᠵᠦ ᠴᠢᠳᠠᠳᠠᠭ ᠪᠦᠭᠡᠳ ᠳᠠᠪᠤ ᠳᠤᠯᠤᠭ᠎ᠠ ᠬᠦᠷᠦᠭᠡᠳ ᠢᠷᠡᠬᠦ ᠪᠠᠷ ᠡᠪ ᠳᠡᠮ ᠢᠶᠠᠨ ᠤᠯᠬᠤ ᠱᠠᠭᠠᠷᠳᠠᠯᠭ᠎ᠠ ᠲᠠᠢ | ᠪᠠᠶᠢᠳᠠᠭ ᠪᠤᠯᠬᠤᠷ ᠠᠵᠢᠯ ᠬᠦᠳᠡᠯᠮᠦᠷᠢ ᠳᠤ ᠤᠷᠤᠯᠴᠠᠭᠤᠯᠬᠤ ᠨᠢ ᠮᠠᠰᠢ ᠴᠢᠬᠤᠯᠠ ᠪᠠᠶᠢᠳᠠᠭ᠃ ᠬᠡᠤᠬᠡᠳ ᠠᠵᠢᠯ ᠳᠤ ᠡᠷᠳᠡ ᠳᠠᠰᠴᠢᠬᠠᠪᠠᠯ ᠴᠠᠭ ᠲᠤ ᠤᠯᠠᠮ | ᠠᠷᠪᠢᠳᠠᠢ ᠪᠤᠯᠳᠠᠭ ᠢ ᠠᠪᠤ ᠡᠵᠢ ᠨᠠᠷ ᠪᠤᠳᠤᠵᠦ᠂ ᠬᠡᠤᠬᠡᠳ ᠢ ᠭᠠᠷ ᠬᠦᠳᠡᠯᠦᠨ ᠬᠢᠬᠦ ᠪᠤᠯᠭᠠᠴᠢᠬᠠᠪᠠᠯ ᠤᠷᠢᠳ ᠠᠴᠠ ᠨᠢ ᠪᠦᠬᠦᠨ ᠢ ᠬᠢᠬᠦ ᠱᠠᠭᠠᠷᠳᠠᠯᠭ᠎ᠠ ᠦᠭᠡᠢ | ᠪᠤᠯᠳᠠᠭ᠃ ᠡᠨᠡ ᠨᠢ ᠬᠡᠤᠬᠡᠳ ᠲᠤ ᠦᠪᠡᠷ ᠤᠨ ᠠᠵᠢᠯ ᠢᠶᠠᠨ ᠦᠪᠡᠷ ᠢᠶᠠᠨ ᠬᠢᠭᠰᠡᠨ ᠪᠤᠶᠤ ᠠᠪᠤ ᠡᠵᠢ ᠪᠠᠨ ᠬᠠᠪᠰᠤᠷᠴᠦ ᠴᠢᠳᠠᠭᠰᠠᠨ ᠭᠡᠳᠡᠭ ᠪᠠᠭ᠋ᠠᠳᠤᠯᠳᠦ | ᠰᠡᠳᠬᠢᠯᠭᠡ ᠶᠢ ᠳᠦᠷᠦᠬᠦᠯᠳᠡᠭ ᠪᠤᠯᠬᠤᠷ ᠪᠠᠶ᠎ᠠ ᠰᠡᠳᠬᠢᠴᠡ ᠶᠢᠨ ᠪᠤᠶᠢᠵᠢᠯᠳᠠ ᠳᠤ ᠨᠢ ᠴᠦ ᠠᠰᠢᠭᠳᠠᠢ ᠪᠠᠶᠢᠳᠠᠭ ᠪᠢᠯᠡ ᠃ ᠵᠤᠯᠳᠠᠢ ᠶᠢᠨ ᠡᠵᠢ ᠨᠢ᠄ ︽ᠮᠢᠨᠦ ᠬᠦᠦ | ᠤᠯᠠᠭᠠᠢ ᠬᠠᠮᠢᠶᠠᠷᠤᠯᠳᠠ ᠶᠢᠨ ᠤᠷᠤᠨ ᠤ ᠮᠤᠩᠭᠤᠯ ᠰᠤᠷᠭᠠᠭᠤᠯᠢ ᠳᠤ ᠰᠠᠭᠤᠳᠠᠭ ᠶᠤᠮ᠃ ᠭᠠᠷᠠᠭ ᠤᠨ ᠳᠠᠪᠤᠨ ᠤ ᠤᠷᠤᠢ ᠪᠤᠯᠪᠠᠯ ᠭᠡᠷ ᠲᠤ ᠪᠠᠨ ᠳᠤᠰᠤᠭᠠᠳ | ᠠᠪᠴᠢᠷᠠᠴᠢᠬᠠᠳᠠᠭ᠃ ᠮᠠᠨ ᠤ ᠬᠤᠶᠠᠷ ᠲᠤ ᠬᠠᠮ ᠳᠠᠮ ᠪᠤᠯᠤᠨ᠎ᠠ ᠰᠢᠤ᠂ ᠤᠨᠴᠠᠭᠠᠶᠢᠢᠯᠠᠨ ᠳᠦᠯ ᠤᠨ ᠦᠶ᠎ᠡ ᠳᠤ ᠶᠤᠮ ᠪᠤᠯ ᠬᠤᠷᠠᠭ᠎ᠠ ᠵᠦᠭᠡᠭᠡᠭᠡᠳ ᠬᠡᠮᠵᠢᠶ᠎ᠡ ᠦᠭᠡᠢ | ᠳᠤᠰᠠ ᠪᠤᠯᠤᠨ᠎ᠠ︾ ᠭᠡᠵᠦ ᠶᠠᠷᠢᠨ᠎ᠠ᠃ ᠬᠦᠳᠡᠭᠡ ᠶᠢᠨ ᠬᠡᠤᠬᠡᠳ ᠠᠷᠪᠠ ᠤᠶᠢᠢᠷᠠᠳᠤᠭᠠᠳ ᠢᠷᠡᠬᠦ ᠪᠠᠷ ᠪᠦᠷ ᠵᠤᠯᠳᠠᠢ ᠰᠢᠭ᠋ ᠠᠪᠤ ᠡᠵᠢ ᠶᠢᠨ ᠢᠶᠠᠨ ᠨᠢᠳᠦᠨ ᠤ ᠬᠢᠨᠢ | ᠬᠠᠵᠠᠭᠤ ᠳᠤ ᠨᠢᠳᠦ᠂ ᠭᠠᠷ ᠤᠨ ᠬᠢᠨᠢ ᠬᠠᠵᠠᠭᠤ ᠳᠤ ᠭᠠᠷ ᠪᠤᠯᠴᠢᠬᠠᠳᠠᠭ ᠨᠢ ᠡᠩ ᠤᠨ ᠤᠴᠢᠷ᠃ ᠬᠡᠤᠬᠡᠳ ᠢ ᠠᠵᠢᠯ ᠬᠦᠳᠡᠯᠮᠦᠷᠢ ᠳᠤ ᠢᠯᠡᠬᠦᠦ ᠰᠤᠷᠭᠠᠬᠤ ᠨᠢ | ᠮᠠᠨ ᠤ ᠦᠨᠳᠦᠰᠦᠳᠡᠨ ᠤ ᠤᠯᠠᠮᠵᠢᠯᠠᠯᠳᠦ ᠰᠤᠷᠭᠠᠨ ᠬᠦᠮᠦᠵᠢᠯ ᠤᠨ ᠤᠨᠴᠠᠯᠢᠭ ᠪᠠᠶᠢᠵᠦ᠂ ᠦᠶ᠎ᠡ ᠶᠢᠨ ᠦᠶ᠎ᠡ ᠤᠯᠠᠮᠵᠢᠯᠠᠨ ᠪᠠᠷᠢᠮᠳᠠᠯᠠᠬᠤ ᠭᠡᠷᠡᠭᠳᠡᠢ ᠪᠢᠯᠡ᠃ | | | |