ᠥᠯᠵᠡᠶᠢᠪᠠᠭᠠᠲᠤᠷ
ᠨᠡᠶᠢᠲᠡᠯᠡᠭᠰᠡᠨ ᠴᠠᠭ᠄
2023/11/15
      ᠥᠯᠵᠡᠶᠢᠪᠠᠭᠠᠲᠤᠷ᠄ ᠮᠣᠩᠭᠤᠯ ᠦᠨᠳᠦᠰᠦᠲᠡᠨ᠂ ᠡᠷᠡᠭᠲᠡᠢ᠂ ᠬᠤᠴᠢ ᠨᠡᠷ᠎ᠡ ᠨᠢ ᠤᠯᠠᠭᠠᠨ ᠬᠠᠮᠠᠷᠲᠤ ᠪᠠᠭᠠᠲᠤᠷ᠂ ᠬᠢᠲᠠᠳ ᠨᠡᠷ᠎ᠡ ᠨᠢ ᠸᠠᠩ ᠶᠢᠨ ᠶᠢᠩ ᠭᠡᠳᠡᠭ᠃ 1866 ᠣᠨ ᠳᠤ ᠤᠲᠤ ᠶᠢᠨ ᠤᠲᠤᠭ ᠤᠨ ᠡᠮᠦᠨᠡᠲᠦ ᠬᠤᠰᠢᠭᠤᠨ ᠤ ᠪᠤᠯᠠᠭ ᠰᠤᠮᠤᠨ ᠳᠤ ᠲᠥᠷᠥᠵᠡᠢ᠃ ᠪᠠᠭ᠎ᠠ ᠨᠠᠰᠤᠨ ᠳᠠᠭᠠᠨ ᠮᠠᠯ ᠬᠠᠷᠢᠭᠤᠯᠵᠤ᠂ ᠬᠤᠵᠢᠮ ᠨᠢ ᠵᠠᠯᠠᠨ ᠵᠠᠩᠭᠢ ᠪᠣᠯᠵᠠᠢ᠃ 1923 ᠣᠨ ᠳᠤ ᠣᠲᠤᠭ ᠤᠨ ᠡᠮᠦᠨᠡᠲᠦ ᠭᠡᠰᠡᠭ ᠤᠨ ᠳᠤᠭᠤᠶᠢᠯᠠᠩ ᠤᠨ ᠲᠣᠯᠣᠭᠠᠶᠢᠯᠠᠭᠴᠢ᠂ ᠯᠢᠶᠠᠨᠵᠡᠩ ︽ᠳ᠋ᠧᠩᠶ᠋ᠢᠩᠽᠢ︾ ᠵᠠᠪᠠ ᠠᠯᠠᠭᠳᠠᠭᠰᠠᠨ ᠤ ᠳᠠᠷᠠᠭ᠎ᠠ ᠥᠯᠵᠡᠶᠢᠪᠠᠭᠠᠲᠤᠷ᠂ ᠯᠢᠶᠠᠨᠵᠡᠩ ᠤᠨ ᠲᠤᠰᠢᠶᠠᠯ ᠢ ᠵᠠᠯᠭᠠᠮᠵᠢᠯᠠᠵᠤ᠂ ᠬᠤᠰᠢᠭᠤᠨ ᠤ ᠡᠮᠦᠨᠡᠲᠦ ᠵᠠᠬ᠎ᠠ ᠶᠢᠨ ᠰᠠᠪᠠ ᠬᠢᠵᠠᠭᠠᠷ ᠢ ᠴᠠᠭᠳᠠᠨ ᠰᠡᠷᠭᠡᠶᠢᠯᠡᠵᠦ ᠪᠠᠶᠢᠪᠠ᠃ 1926 ᠣᠨ ᠳᠤ ᠲᠡᠮᠡᠭᠡᠲᠦ ᠬᠤᠲᠠ ᠶᠢ ᠰᠠᠬᠢᠨ ᠵᠠᠬᠢᠷᠤᠭᠴᠢ ᠵᠢᠩ ᠶᠤᠸᠠᠢ ᠰᠢᠤ ᠠᠴᠠ ᠥᠯᠵᠡᠶᠢᠪᠠᠭᠠᠲᠤᠷ ᠢ ᠮᠣᠷᠢᠲᠤ ᠴᠡᠷᠢᠭ ᠤᠨ ᠶᠢᠩ ᠤᠨ ᠶᠢᠩᠵᠡᠩ ᠢᠶᠠᠷ ᠲᠣᠮᠢᠯᠠᠪᠠ᠃ 1927 ᠣᠨ ᠤ ᠬᠠᠪᠤᠷ᠂ ᠥᠯᠵᠡᠶᠢᠪᠠᠭᠠᠲᠤᠷ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠠᠷᠪᠠᠨ ᠨᠢᠭᠡᠳᠦᠭᠡᠷ ᠲᠤᠸᠠᠨ ᠤ ᠲᠤᠸᠠᠨᠵᠠᠩ ᠤᠨ ᠲᠤᠰᠢᠶᠠᠯ ᠢ ᠬᠠᠷᠢᠭᠤᠴᠠᠵᠠᠢ᠃ ᠲᠤᠰ ᠵᠢᠯ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠬᠠᠷᠢᠭᠤᠴᠠᠯᠭᠠᠲᠠᠨ ᠰᠠᠷᠠᠩᠳᠤᠩᠷᠤᠪ ᠬᠤᠪᠢᠰᠬᠠᠯ ᠠᠴᠠ ᠤᠷᠪᠠᠵᠤ᠂ ᠤᠲᠤᠭ ᠬᠤᠰᠢᠭᠤᠨ ᠳᠠᠬᠢ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠨᠠᠮ ᠤᠨ ᠬᠠᠷᠢᠭᠤᠴᠠᠯᠭᠠᠲᠠᠨ ᠵᠠᠮᠶᠠᠩᠰᠢᠷᠠᠪ ᠤᠯᠠᠭᠠᠨᠪᠠᠭᠠᠲᠤᠷ ᠲᠤ ᠬᠤᠷᠠᠯ ᠳᠤ ᠣᠷᠣᠯᠴᠠᠵᠤ ᠪᠠᠶᠢᠭᠰᠠᠨ ᠵᠠᠪᠰᠢᠶᠠᠨ ᠢ ᠠᠰᠢᠭᠯᠠᠨ ᠠᠷᠪᠠᠨ ᠨᠢᠭᠡᠳᠦᠭᠡᠷ ᠲᠤᠸᠠᠨ ᠢ 3 ᠶᠢᠩ ᠪᠣᠯᠭᠠᠨ ᠥᠷᠭᠡᠳᠬᠡᠵᠦ᠂ ᠲᠠᠶᠢᠵᠢ ᠰᠡᠳᠡᠩᠳᠤᠷᠵᠢ ᠶᠢ ᠳᠡᠳ᠋ ᠳᠤᠸᠠᠨᠵᠡᠩ ᠢᠶᠠᠷ ᠲᠤᠮᠢᠯᠠᠪᠠ᠃ ᠵᠠᠮᠢᠶᠠᠩᠰᠢᠷᠠᠪ ᠤᠯᠠᠭᠠᠨᠪᠠᠭᠠᠲᠤᠷ ᠠᠴᠠ ᠪᠤᠴᠠᠵᠤ ᠢᠷᠡᠬᠦ ᠵᠠᠮ ᠳᠠᠭᠠᠨ ᠢᠷᠭᠠᠢ ᠬᠤᠲᠠ ᠳᠤ ᠪᠠᠷᠢᠭᠳᠠᠵᠤ᠂ ᠠᠪᠴᠤ ᠶᠠᠪᠤᠵᠤ ᠪᠠᠶᠢᠭᠰᠠᠨ ᠫᠣᠣ ᠵᠡᠪᠰᠡᠭ᠂ ᠵᠠᠷᠤᠳᠠᠯ ᠮᠥᠩᠭᠦ ᠪᠠᠨ ᠰᠡᠷᠡᠩᠳᠤᠩᠷᠤᠪ ᠲᠤ ᠬᠤᠷᠢᠶᠠᠭᠳᠠᠵᠤ ᠰᠤᠯᠡ ᠬᠤᠷᠢᠭᠳᠠᠪᠠ᠃ ᠥᠯᠵᠡᠶᠢᠪᠠᠭᠠᠲᠤᠷ᠂ ᠰᠡᠳᠡᠩᠳᠤᠷᠵᠢ ᠨᠠᠷ ᠰᠠᠯᠬᠢᠨ ᠤ ᠠᠶ᠎ᠠ ᠪᠠᠷ ᠣᠩᠭᠤᠴᠠ ᠰᠠᠯᠢᠵᠤ᠂ ᠵᠠᠮᠶᠠᠩᠰᠢᠷᠠᠪ ᠤᠨ ᠤᠳᠤᠷᠢᠳᠴᠤ ᠪᠠᠶᠢᠭᠰᠠᠨ ᠵᠢᠷᠠ᠂ ᠵᠤᠤᠬ᠎ᠠ ᠵᠡᠷᠭᠡ ᠭᠠᠵᠠᠷ ᠤᠨ ᠳᠤᠭᠤᠶᠢᠯᠠᠩ ᠢ ᠳᠠᠷᠠᠭᠠᠵᠤ᠂ ᠳᠤᠭᠤᠶᠢᠯᠠᠩ ᠤᠨ ᠵᠠᠷ ᠵᠡᠪᠰᠡᠭ ᠢᠶᠠᠷ ᠥᠪᠡᠷ ᠤᠨ ᠬᠦᠴᠦᠨ ᠢᠶᠠᠨ ᠵᠡᠪᠰᠡᠭᠯᠡᠵᠡᠢ᠃ 1928 ᠣᠨ ᠳᠤ ᠵᠠᠮᠶᠠᠩᠰᠢᠷᠠᠪ ᠪᠤᠯᠠᠭ ᠤᠨ ᠳᠤᠭᠤᠶᠢᠯᠠᠩ ᠳᠤ ᠠᠪᠤᠷᠠᠭᠳᠠᠨ ᠭᠠᠷᠴᠤ ᠢᠷᠡᠭᠡᠳ ᠲᠦᠷ ᠴᠠᠭ ᠵᠡᠭᠦᠨᠭᠠᠷ ᠬᠤᠰᠢᠭᠤᠨ ᠳᠤ ᠳᠠᠯᠳᠠᠯᠠᠨ ᠰᠠᠭᠤᠵᠠᠢ᠃ ᠵᠠᠮᠶᠠᠩᠰᠢᠷᠠᠪ ᠳᠤᠭᠤᠶᠢᠯᠠᠩ ᠤᠨ ᠬᠥᠮᠥᠰ ᠪᠠ ᠬᠠᠨᠢ ᠬᠠᠮᠰᠠᠭᠠᠲᠠᠨ ᠢᠶᠠᠨ ᠵᠢᠭᠠᠨ ᠲᠤᠬᠢᠵᠤ ᠪᠠᠶᠢᠭᠠᠳ᠂ ᠥᠪᠥᠷ ᠮᠣᠩᠭᠤᠯ ᠤᠨ ᠠᠷᠠᠳ ᠤᠨ ᠬᠤᠪᠢᠰᠬᠠᠯᠲᠤ ᠴᠡᠷᠢᠭ ᠤᠨ ᠠᠷᠪᠠᠨ ᠨᠢᠭᠡᠳᠦᠭᠡᠷ ᠲᠤᠸᠠᠨ ᠤ ᠳᠡᠳ᠋ ᠲᠤᠸᠠᠨᠵᠠᠩ ᠰᠡᠳᠡᠩᠳᠤᠷᠵᠢ ᠪᠠ ᠲᠡᠭᠦᠨ ᠤ ᠲᠤᠰᠠᠯᠠᠭᠴᠢ ᠸᠠᠩ ᠬᠤᠸ᠋ᠨ ᠹᠦ᠋ ᠶᠢ ᠠᠯᠠᠵᠠᠢ᠃ ᠲᠡᠭᠦᠨ ᠤ ᠳᠠᠷᠠᠭ᠎ᠠ ᠵᠠᠮᠶᠠᠩᠰᠢᠷᠠᠪ ᠠᠷᠠᠯ ᠤᠨ ᠰᠦᠮ᠎ᠡ ᠳᠡᠭᠡᠨ ᠬᠠᠷᠢᠵᠤ ᠢᠷᠡᠭᠰᠡᠨ ᠳᠤ᠂ ᠥᠯᠵᠡᠶᠢᠪᠠᠭᠠᠲᠤᠷ ᠬᠦᠨᠳᠦ ᠳᠠᠷᠤᠯᠲᠠ ᠳᠤ ᠤᠴᠠᠷᠠᠨ ᠭᠠᠯᠵᠠᠭᠤᠷᠠᠵᠤ᠂ 1930 ᠣᠨ ᠤ ᠨᠠᠰᠤ ᠪᠠᠷᠠᠪᠠ᠃          ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠣᠲᠤᠭ ᠬᠤᠰᠢᠭᠤᠨ ᠤ ᠠᠷᠠᠳ ᠤᠨ ᠵᠠᠰᠠᠭ ᠤᠨ ᠣᠷᠳᠣᠨ ᠤ ᠠᠯᠪᠠᠨ ᠭᠡᠷ