ᠰᠣᠨᠣᠮᠷᠠᠰᠢ
ᠨᠡᠶᠢᠲᠡᠯᠡᠭᠰᠡᠨ ᠴᠠᠭ᠄
2023/11/2
      ᠰᠣᠨᠣᠮᠷᠠᠰᠢ᠄ ᠮᠣᠩᠭᠤᠯ ᠦᠨᠳᠦᠰᠦᠲᠡᠨ᠂ ᠡᠷᠡᠭᠲᠡᠢ᠂ ᠥᠭᠡᠷ᠎ᠡ ᠨᠡᠷ᠎ᠡ ᠨᠢ ᠪᠠᠲᠣᠪᠠᠶᠠᠷ ᠭᠡᠳᠡᠭ᠂ 1866 ᠣᠨ ᠳᠤ ᠣᠳᠣ ᠶᠢᠨ ᠣᠲᠤᠭ ᠤᠨ ᠡᠮᠦᠨᠡᠲᠦ ᠬᠤᠰᠢᠭᠤᠨ ᠤ ᠪᠤᠯᠠᠭ ᠰᠤᠮᠤᠨ ᠳᠤ ᠲᠥᠷᠥᠵᠡᠢ᠃ ᠲᠠᠶᠢᠵᠢ ᠰᠠᠩᠵᠠᠢ ᠶᠢᠨ ᠠᠬᠠᠮᠠᠳ ᠬᠥᠪᠡᠭᠦᠨ ᠪᠣᠯᠣᠨ᠎ᠠ᠃ ᠰᠣᠨᠣᠮᠷᠠᠰᠢ ᠶᠢᠨ ᠥᠰᠴᠦ ᠪᠣᠶᠢᠵᠢᠭᠰᠠᠨ ᠴᠠᠭ ᠦᠶ᠎ᠡ ᠪᠣᠯ ᠪᠦᠬᠦ ᠬᠤᠰᠢᠭᠤᠨ ᠤ ᠬᠡᠪᠴᠢᠶᠡᠨ ᠳᠤ ᠳᠤᠭᠤᠶᠢᠯᠠᠩ ᠤᠨ ᠬᠥᠳᠡᠯᠭᠡᠭᠡᠨ ᠥᠷᠨᠢᠨ ᠪᠣᠰᠴᠤ ᠪᠠᠶᠢᠭᠰᠠᠨ ᠦᠶ᠎ᠡ ᠪᠣᠯᠣᠨ᠎ᠠ᠃ ᠰᠣᠨᠣᠮᠷᠠᠰᠢ ᠲᠡᠷᠡ ᠦᠶ᠎ᠡ ᠳᠤ ᠨᠢᠭᠡᠨᠳᠡ ᠶᠠᠮᠤᠨ ᠤ ᠪᠢᠴᠢᠭᠡᠴᠢ ᠪᠣᠯᠣᠭᠰᠠᠨ ᠪᠦᠭᠡᠳ ᠦᠷᠭᠦᠯᠵᠢ ᠨᠣᠶᠠᠳ ᠲᠦᠰᠢᠮᠡᠳ ᠢ ᠳᠠᠭᠠᠵᠤ ᠶᠠᠳᠠᠭᠤ ᠠᠷᠠᠳ ᠢ ᠬᠢᠬᠠᠨ ᠳᠠᠷᠤᠯᠠᠳᠠᠭ ᠪᠣᠯᠬᠤᠷ ᠳᠤᠭᠤᠶᠢᠯᠠᠩ ᠤᠨ ᠣᠯᠠᠨ ᠳᠤ ᠵᠢᠭᠰᠢᠭᠳᠡᠵᠦ᠂ ᠦᠷᠭᠦᠯᠵᠢ ᠳᠤᠭᠤᠶᠢᠯᠠᠩ ᠤᠨ ᠰᠢᠳᠬᠡᠯ ᠢ ᠬᠦᠷᠲᠡᠲᠡᠭ ᠪᠠᠶᠢᠵᠠᠢ᠃ ᠭᠡᠪᠡᠴᠦ ᠲᠡᠷᠡ ᠮᠠᠭᠤ ᠪᠠᠨ ᠬᠠᠶᠠᠵᠤ ᠮᠣᠷᠤᠢ ᠪᠠᠨ ᠵᠠᠰᠠᠭᠰᠠᠨ ᠦᠭᠡᠢ᠂ ᠵᠡᠷᠭᠡ ᠳᠠᠪᠰᠢᠵᠤ ᠪᠠᠶᠠᠵᠢᠬᠤ ᠵᠡᠷᠯᠢᠭ ᠰᠠᠨᠠᠭ᠎ᠠ ᠨᠢ ᠤᠯᠠᠮ ᠤᠯᠠᠮ ᠨᠡᠮᠡᠭᠳᠡᠵᠡᠢ᠃ ᠰᠣᠨᠣᠮᠷᠠᠰᠢ ᠶᠠᠮᠤᠨ ᠤ ᠲᠡᠷᠢᠭᠦᠯᠡᠭᠴᠢ ᠶᠢᠨ ᠲᠤᠰᠢᠶᠠᠯ ᠳᠤ ᠪᠠᠶᠢᠬᠤ ᠦᠶᠡᠰ᠂ ᠠᠶᠤᠷᠽᠠᠨ᠎ᠠ ᠮᠠᠶᠢᠷᠠᠨ ᠦᠷᠭᠦᠯᠵᠢ ᠭᠡᠷ ᠲᠡᠭᠡᠨ ᠰᠠᠭᠤᠭᠠᠳ ᠶᠠᠮᠤᠨ ᠳᠤ ᠣᠴᠢᠵᠤ ᠲᠤᠰᠢᠶᠠᠯ ᠢᠶᠠᠨ ᠭᠦᠢᠴᠡᠳᠬᠡᠳᠡᠭ ᠦᠭᠡᠢ ᠪᠠᠶᠢᠵᠠᠢ᠃ ᠰᠣᠨᠤᠮᠷᠠᠰᠢ ᠡᠷᠬᠡ ᠲᠤᠰᠢᠶᠠᠯ ᠢᠶᠠᠨ ᠠᠰᠢᠭᠯᠠᠨ ᠶᠠᠮᠤᠨ ᠤ ᠨᠡᠷ᠎ᠡ ᠪᠠᠷ ᠠᠯᠪᠠᠨ ᠪᠢᠴᠢᠭ ᠭᠠᠷᠭᠠᠵᠤ᠂ ᠠᠶᠤᠷᠽᠠᠨ᠎ᠠ ᠶᠢ᠄ ︽ᠶᠠᠮᠤᠨ ᠤ ᠲᠤᠰᠢᠶᠠᠯ ᠳᠤ ᠪᠠᠶᠢᠴᠠᠪᠠᠴᠤ ᠳᠤᠷ᠎ᠠ ᠪᠠᠷ ᠤᠰᠣᠯᠳᠠᠵᠤ᠂ ᠠᠯᠪᠠᠨ ᠤ ᠶᠠᠪᠤᠳᠠᠯ ᠢ ᠴᠠᠯᠠᠭᠠᠶᠢᠳᠠᠭᠤᠯᠪᠠ︾ ᠬᠡᠮᠡᠨ ᠵᠢᠮᠡᠯᠡᠵᠦ᠂ ᠬᠡᠷᠪᠡ ᠲᠤᠰᠢᠶᠠᠯ ᠳᠠᠭᠠᠨ ᠵᠢᠳᠬᠦᠬᠦ ᠦᠭᠡᠢ ᠪᠣᠯᠪᠠᠰᠤ ᠲᠦᠷᠬᠡᠬᠡᠨ ᠴᠢᠯᠤᠭᠡᠯᠡᠲᠤᠭᠡᠢ ᠭᠡᠵᠤ ᠱᠠᠭᠠᠷᠳᠠᠵᠠᠢ᠃ ᠲᠡᠭᠦᠨ ᠤ ᠰᠢᠬᠠᠮᠳᠠᠭᠤᠯᠭ᠎ᠠ ᠳᠤᠤᠷ᠎ᠠ ᠠᠶᠤᠷᠽᠠᠨ᠎ᠠ ᠠᠷᠭ᠎ᠠ ᠪᠤᠰᠤ ᠮᠠᠶᠢᠷᠠᠨ ᠤ ᠲᠤᠰᠢᠶᠠᠯ ᠠᠴᠠ ᠪᠠᠨ ᠭᠠᠷᠴᠠᠢ᠃ ᠳᠠᠷᠠᠭ᠎ᠠ ᠵᠢᠯ ᠨᠢ ᠰᠣᠨᠣᠮᠷᠠᠰᠢ ᠬᠤᠰᠢᠭᠤ ᠮᠠᠶᠢᠷᠠᠨ ᠤ ᠵᠡᠷᠭᠡ ᠳᠡᠪᠰᠢᠵᠠᠢ᠃ ᠲᠡᠷᠡ ᠲᠤᠰᠢᠶᠠᠯ ᠳᠤ ᠭᠠᠷᠤᠭᠰᠠᠨ ᠤ ᠳᠠᠷᠠᠭ᠎ᠠ ᠬᠤᠰᠢᠭᠤᠨ ᠤ ᠥᠷᠢ ᠲᠥᠯᠥᠪᠦᠷᠢ ᠶᠢ ᠬᠤᠯᠠᠬᠤ ᠨᠡᠷ᠎ᠡ ᠪᠠᠷ ᠭᠠᠶᠢᠯᠢ ᠲᠠᠲᠠᠪᠤᠷᠢ ᠶᠢ ᠶᠡᠭᠡ ᠪᠠᠷ ᠨᠡᠮᠡᠭᠳᠡᠭᠦᠯᠵᠦ ᠮᠠᠯᠴᠢᠨ ᠠᠷᠠᠳ ᠤᠨ ᠡᠭᠦᠷᠭᠡᠯᠡᠯ ᠢ ᠲᠤᠩ ᠰᠦᠷᠡᠬᠡᠢ ᠬᠦᠨᠳᠦᠷᠡᠭᠦᠯᠵᠡᠢ᠃ 1911 ᠣᠨ ᠳᠤ᠂ ᠤᠲᠤᠭ ᠬᠤᠰᠢᠭᠤᠨ ᠤ ᠨᠠᠢᠮᠠᠨ ᠳᠤᠭᠤᠶᠢᠯᠠᠩ ᠪᠤᠷᠠᠬᠠᠲᠤ ᠭᠡᠳᠡᠭ ᠭᠠᠵᠠᠷ ᠪᠣᠯᠵᠤᠭ᠎ᠠ ᠲᠣᠭᠲᠠᠵᠤ᠂ ᠰᠣᠨᠣᠮᠷᠠᠰᠢ ᠶᠢ ᠪᠠᠷᠢᠵᠤ ᠠᠪᠤᠭᠰᠠᠨ ᠪᠠᠶᠢᠨ᠎ᠠ᠃ ᠭᠡᠪᠡᠴᠦ ᠲᠡᠷᠡ ᠪᠤᠰᠤᠳ ᠢ ᠭᠤᠶᠤᠵᠤ ᠭᠡᠷ ᠠᠴᠠ ᠪᠠᠨ ᠠᠷᠢᠬᠢ ᠮᠢᠬ᠎ᠠ ᠠᠪᠴᠢᠷᠠᠭᠤᠯᠤᠭᠠᠳ᠂ ᠲᠡᠭᠦᠨ ᠢ ᠰᠠᠬᠢᠨ ᠬᠠᠷᠠᠵᠤ ᠪᠠᠶᠢᠭᠰᠠᠨ ᠬᠥᠮᠥᠰ ᠢ ᠵᠣᠴᠢᠯᠠᠨ ᠰᠤᠭᠲᠤᠭᠠᠵᠤ᠂ ᠵᠠᠪᠰᠢᠶᠡᠨ ᠢ ᠲᠠᠯᠢᠮᠳᠠᠭᠤᠯᠤᠨ ᠳᠤᠲᠠᠭᠠᠨ ᠭᠠᠷᠴᠠᠢ᠃ ᠡᠭᠦᠨ ᠠᠴᠠ ᠬᠤᠶᠢᠰᠢ᠂ ᠲᠡᠷᠡ ᠳᠤᠭᠤᠶᠢᠯᠠᠩ ᠢ ᠨᠡᠩ ᠵᠠᠨᠤᠨ ᠬᠤᠷᠣᠰᠬᠤ ᠪᠣᠯᠵᠤ᠂ ᠭᠠᠶᠢᠯᠢ ᠲᠠᠲᠠᠪᠤᠷᠢ ᠶᠢ ᠤᠯᠠᠮ ᠨᠡᠮᠡᠭᠳᠡᠭᠦᠯᠵᠦ᠂ ᠮᠠᠯᠴᠢᠳ ᠤᠨ ᠬᠤᠪᠢ ᠤᠩᠭᠠᠰᠤ ᠨᠤᠤᠰᠤ ᠶᠢ ᠬᠦᠷᠲᠡᠯ᠎ᠡ ᠴᠥᠮ ᠠᠯᠪᠠᠨ ᠳᠤ ᠬᠤᠷᠢᠶᠠᠮᠵᠢᠯᠠᠵᠤ ᠪᠣᠷᠣᠯᠠᠭᠤᠯᠤᠭᠠᠳ ᠵᠠᠪᠰᠠᠷ ᠠᠴᠠ ᠨᠢ ᠬᠤᠨᠵᠢᠳᠠᠭ ᠪᠣᠯᠵᠠᠢ᠃ 1915 ᠣᠨ ᠳᠤ᠂ ᠪᠣᠷᠣᠲᠣᠯᠣᠭᠠᠢ ᠶᠢᠨ ᠳᠤᠭᠤᠶᠢᠯᠠᠩ ᠴᠤᠭᠯᠠᠷᠠᠨ ᠰᠣᠨᠣᠮᠷᠠᠰᠢ ᠶᠢ ᠲᠠᠬᠢᠨᠳᠡ ᠪᠠᠷᠢᠵᠤ ᠠᠪᠤᠭᠠᠳ ᠣᠯᠠᠨ ᠲᠦᠮᠡᠨ ᠨᠡᠷ᠎ᠡ ᠬᠤᠯᠪᠣᠨ ᠳᠡᠭᠡᠭᠰᠢ ᠵᠠᠭᠠᠯᠳᠤᠵᠤ᠂ ᠲᠡᠭᠦᠨ ᠤ ᠮᠠᠶᠢᠷᠠᠨ ᠲᠤᠰᠢᠶᠠᠯ ᠢ ᠣᠭᠴᠠᠷᠠᠭᠤᠯᠬᠤ ᠪᠠᠷ ᠱᠠᠭᠠᠷᠳᠠᠵᠠᠢ᠃ ᠨᠤᠶᠠᠨ ᠵᠡᠷᠭᠡ ᠪᠠᠨ ᠠᠯᠳᠠᠵᠤ ᠨᠣᠬᠠᠢ ᠶᠢᠨ ᠠᠮᠢ ᠪᠠᠨ ᠭᠡᠭᠡᠬᠦ ᠰᠢᠬᠠᠭᠰᠠᠨ ᠰᠣᠨᠣᠮᠷᠠᠰᠢ ᠬᠤᠰᠢᠭᠤ ᠸᠠᠩ ᠢ ᠪᠢᠯᠳᠠᠤᠴᠢᠯᠠᠵᠤ ᠪᠠᠶᠢᠭᠠᠳ ᠪᠠᠰᠠ ᠲᠠᠬᠢᠨ ᠵᠡᠷᠭᠡ ᠳᠠᠪᠰᠢᠵᠤ ᠬᠤᠰᠢᠭᠤ ᠵᠠᠬᠢᠷᠤᠭᠴᠢ ᠪᠣᠯᠵᠠᠢ᠃ ᠲᠡᠷᠡ ᠣᠯᠠᠨ ᠲᠦᠮᠡᠨ ᠢᠶᠠᠷ ᠬᠠᠷ᠎ᠠ ᠲᠠᠮᠠᠬᠢ ᠲᠠᠷᠢᠭᠤᠯᠵᠤ᠂ ᠭᠠᠶᠢᠯᠢ ᠭᠤᠪᠴᠢᠭᠤᠷ ᠢ ᠲᠠᠬᠢᠨ ᠢᠶᠠᠷ ᠨᠡᠮᠡᠵᠦ᠂ ᠦᠷᠭᠦᠯᠵᠢᠯᠡᠨ ᠮᠥᠯᠵᠢᠨ ᠳᠠᠷᠤᠯᠠᠳᠠᠭ ᠲᠤᠯᠠ ᠠᠷᠠᠳ ᠣᠯᠠᠨ ᠤ ᠴᠢᠩᠭ᠎ᠠ ᠡᠰᠡᠷᠭᠦᠴᠡᠯ ᠢ ᠣᠯᠪᠠ᠃ 1921 ᠣᠨ ᠳᠤ 2 ᠳ᠋ᠤᠭᠠᠷ ᠰᠠᠷ᠎ᠠ ᠶᠢᠨ 4 ᠤ ᠡᠳᠦᠷ ︽ᠳ᠋ᠧᠩᠶ᠋ᠢᠩᠽᠢ︾ ᠵᠠᠪᠠ ᠪᠠᠷ ᠲᠣᠯᠣᠭᠠᠶᠢᠯᠠᠭᠤᠯᠤᠭᠰᠠᠨ ᠬᠤᠰᠢᠭᠤᠨ ᠤ ᠡᠮᠦᠨ᠎ᠡ ᠪᠡᠶ᠎ᠡ ᠶᠢᠨ ᠳᠤᠭᠤᠶᠢᠯᠠᠩ ᠤᠨ 16 ᠨᠡᠷ᠎ᠡ ᠬᠥᠮᠥᠨ ᠰᠣᠨᠣᠮᠷᠠᠰᠢ ᠶᠢᠨ ᠭᠡᠷ ᠲᠤ ᠳᠠᠭᠠᠷᠢᠨ ᠣᠷᠣᠭᠠᠳ ᠠᠯᠠᠵᠤ ᠠᠮᠠᠷᠠᠪᠠ᠃            ︽ᠣᠲᠤᠭ ᠬᠤᠰᠢᠭᠤᠨ ᠤ ᠣᠶᠢᠯᠠᠯᠭ᠎ᠠ︾ ︽ᠣᠲᠤᠭ ᠬᠤᠰᠢᠭᠤᠨ ᠤ ᠣᠶᠢᠯᠠᠯᠭ᠎ᠠ︾ ᠨᠠᠶᠢᠷᠠᠭᠤᠯᠬᠤ ᠺᠣᠮᠢᠰ ᠨᠠᠶᠢᠷᠠᠭᠤᠯᠪᠠ
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ