ᠰᠤᠷᠤᠭᠴᠢᠳ ᠢ ᠬᠠᠪᠰᠤᠷᠬᠤ
ᠨᠡᠶᠢᠲᠡᠯᠡᠭᠰᠡᠨ ᠴᠠᠭ᠄
2023/11/20
      ᠨᠣᠮ ᠤᠨ ᠲᠠᠯᠪᠢᠭᠤᠷ ᠠᠴᠠ 1982 ᠣᠨ ᠳᠤ ᠬᠤᠳᠠᠯᠳᠤᠨ ᠠᠪᠤᠭᠰᠠᠨ ︽ᠰᠡᠳᠦᠪ ᠢ ᠬᠡᠷᠬᠢᠨ ᠪᠤᠳᠤᠬᠤ ᠪᠤᠢ︾ ᠭᠡᠳᠡᠭ ᠨᠣᠮ ᠢ ᠠᠪᠴᠤ ᠤᠩᠰᠢᠨ ᠰᠠᠭᠤᠯ᠎ᠠ᠃ ᠡᠨᠡ ᠪᠣᠯ ᠠᠮᠧᠷᠢᠺᠠ ᠶᠢᠨ ᠲᠣᠭᠠᠨ ᠤ ᠤᠬᠠᠭᠠᠨᠲᠠᠨ᠂ ᠰᠤᠷᠭᠠᠨ ᠬᠦᠮᠦᠵᠢᠯᠳᠡᠨ ᠪᠤᠷᠢᠶ᠎ᠠ ︵波利亚︶ ᠶᠢᠨ 1944 ᠣᠨ ᠳᠤ ᠪᠢᠴᠢᠭᠰᠡᠨ ᠳᠡᠯᠡᠬᠡᠶ ᠶᠢᠨ ᠠᠯᠳᠠᠷᠲᠤ ᠪᠦᠲᠦᠭᠡᠯ ᠪᠣᠯᠤᠨ᠎ᠠ᠃ ᠣᠯᠠᠨ ᠵᠢᠯ ᠤᠨ ᠲᠤᠷᠰᠢ᠂ ᠳᠠᠬᠢᠨ ᠳᠠᠪᠲᠠᠨ ᠴᠥᠭᠡᠨ ᠪᠤᠰᠤ ᠤᠳᠠᠭ᠎ᠠ ᠤᠩᠰᠢᠯ᠎ᠠ᠂ ᠭᠡᠲᠡᠯ᠎ᠡ ᠡᠨᠡ ᠤᠳᠠᠭ᠎ᠠ ᠵᠥᠪᠬᠡᠨ ᠪᠠᠭ᠎ᠠ ᠬᠡᠰᠡᠭ ᠢ ᠤᠩᠰᠢᠭᠠᠳ᠂ ᠥᠭᠡᠷ᠎ᠡ ᠨᠢᠭᠡᠨ ᠲᠥᠷᠥᠭᠳᠡᠯ ᠤᠷᠤᠭᠰᠠᠨ ᠪᠠᠶᠢᠨ᠎ᠠ᠃ ᠰᠤᠷᠤᠭᠴᠢᠳ ᠢ ᠬᠠᠪᠰᠤᠷᠬᠤ ᠠᠮᠧᠷᠢᠺᠠ ᠶᠢᠨ ᠲᠣᠭᠠᠨ ᠤ ᠤᠬᠠᠭᠠᠨᠲᠠᠨ᠂ ᠰᠤᠷᠭᠠᠨ ᠬᠦᠮᠦᠵᠢᠯᠳᠡᠨ — ᠪᠤᠷᠢᠶ᠎ᠠ ᠪᠠᠭᠰᠢ ᠶᠢᠨ ᠴᠢᠬᠤᠯᠠ ᠡᠭᠦᠷᠭᠡ ᠶᠢᠨ ᠨᠢᠭᠡ ᠪᠣᠯ ᠰᠤᠷᠤᠭᠴᠢᠳ ᠢ ᠬᠠᠪᠰᠤᠷᠬᠤ ᠶᠠᠪᠤᠳᠠᠯ ᠪᠣᠯᠤᠨ᠎ᠠ᠃ ᠡᠨᠡ ᠡᠭᠦᠷᠭᠡ ᠲᠡᠶᠢᠮᠦ ᠬᠢᠯᠪᠠᠷᠬᠠᠨ ᠪᠢᠰᠢ᠂ ᠲᠡᠭᠦᠨ ᠳᠤ ᠴᠠᠭ᠂ ᠦᠢᠯᠡᠳᠦᠯᠭᠡ᠂ ᠬᠠᠯᠠᠭᠤᠨ ᠰᠡᠳᠬᠢᠯ ᠪᠠ ᠪᠦᠷᠢᠨ ᠲᠡᠭᠦᠯᠳᠡᠷ ᠵᠦᠢ ᠵᠣᠬᠢᠰᠲᠠᠶ ᠵᠠᠷᠴᠢᠮ ᠬᠡᠷᠡᠭ ᠲᠠᠢ ᠶᠤᠮ ᠃ ᠰᠤᠷᠤᠭᠴᠢᠳ ᠠᠯᠢ ᠪᠣᠯᠬᠤ ᠪᠠᠷ ᠢᠯᠡᠭᠦᠬᠡᠨ ᠪᠡᠶ᠎ᠡ ᠪᠠᠨ ᠳᠠᠭᠠᠭᠠᠵᠤ ᠠᠵᠢᠯᠯᠠᠭᠰᠠᠨ ᠲᠤᠷᠰᠢᠯᠭ᠎ᠠ ᠲᠠᠢ ᠪᠠᠶᠢᠬᠤ ᠬᠡᠷᠡᠭᠲᠡᠶ᠃ ᠭᠡᠪᠡᠴᠦ ᠲᠡᠭᠦᠨ ᠢ ᠭᠠᠭᠴᠠᠭᠠᠷ ᠢ ᠬᠠᠶᠠᠵᠤ ᠶᠠᠮᠠᠷ ᠴᠤ ᠬᠠᠪᠰᠤᠷᠤᠯᠭ᠎ᠠ ᠣᠯᠭᠤᠬᠤ ᠦᠭᠡᠢ ᠪᠤᠶᠤ ᠬᠠᠪᠰᠤᠷᠤᠯᠭ᠎ᠠ ᠬᠦᠷᠦᠯᠴᠡᠬᠦ ᠦᠭᠡᠢ ᠪᠣᠯᠬᠤ ᠳᠤ ᠬᠦᠷᠪᠡᠯ᠂ ᠲᠡᠷᠡ ᠲᠠᠪᠰᠢᠯᠳᠠ ᠲᠠᠢ ᠪᠤᠯᠵᠤ ᠴᠢᠳᠠᠬᠤ ᠦᠭᠡᠢ ᠪᠠᠶᠢᠵᠤ ᠮᠡᠳᠡᠨ᠎ᠡ᠃ ᠭᠡᠪᠡᠴᠦ ᠪᠠᠭᠰᠢ ᠠᠴᠠ ᠲᠡᠭᠦᠨ ᠳᠤ ᠬᠡᠲᠦᠷᠬᠡᠶ ᠶᠡᠭᠡ ᠬᠠᠪᠰᠤᠷᠤᠯᠭ᠎ᠠ ᠦᠵᠡᠭᠦᠯᠬᠦ ᠳᠤ ᠬᠦᠷᠪᠡᠯ᠂ ᠰᠤᠷᠤᠭᠴᠢᠳ ᠬᠢᠬᠦ ᠠᠵᠢᠯ ᠦᠭᠡᠢ ᠪᠤᠯᠤᠨ᠎ᠠ᠂ ᠪᠠᠭᠰᠢ ᠶᠢᠨ ᠬᠠᠪᠰᠤᠷᠤᠯᠭ᠎ᠠ ᠨᠢ ᠢᠯᠡᠭᠦᠦ ᠴᠦ ᠦᠭᠡᠢ ᠳᠤᠲᠠᠭᠤ ᠴᠤ ᠦᠭᠡᠢ ᠪᠠᠶᠢᠵᠤ᠂ ᠰᠤᠷᠤᠭᠴᠢᠳ ᠲᠤ ᠵᠦᠢ ᠵᠣᠬᠢᠰᠲᠠᠶ ᠠᠵᠢᠯ ᠣᠯᠭᠤᠬᠤ ᠬᠡᠷᠡᠭᠲᠡᠶ ᠃ ᠬᠡᠷᠪᠡ ᠰᠤᠷᠤᠭᠴᠢᠳ ᠪᠡᠶ᠎ᠡ ᠪᠠᠨ ᠳᠠᠭᠠᠭᠠᠵᠤ ᠠᠵᠢᠯᠯᠠᠵᠤ ᠴᠢᠳᠠᠬᠤ ᠦᠭᠡᠢ ᠪᠠᠶᠢᠪᠠᠯ ᠪᠠᠭᠰᠢ ᠠᠳᠠᠭ ᠲᠠᠭᠠᠨ ᠲᠠᠳᠡᠨᠠᠷ ᠢ ᠪᠡᠶ᠎ᠡ ᠪᠠᠨ ᠳᠠᠭᠠᠭᠠᠵᠤ ᠠᠵᠢᠯᠯᠠᠵᠤ ᠪᠠᠶᠢᠨ᠎ᠠ ᠭᠡᠰᠡᠨ ᠰᠡᠳᠬᠢᠭᠳᠡᠯ ᠲᠠᠢ ᠪᠣᠯᠭᠠᠬᠤ ᠭᠡᠷᠡᠭᠲᠡᠢ᠃ ᠡᠭᠦᠨ ᠢ ᠪᠡᠶᠡᠯᠡᠭᠦᠯᠬᠦ ᠶᠢᠨ ᠲᠥᠯᠥᠭᠡ ᠪᠠᠭᠰᠢ ᠡᠷᠬᠡᠪᠰᠢ ᠪᠦᠷᠢᠨ ᠭᠦᠢᠴᠡᠳ᠂ ᠢᠯᠡᠷᠡᠮ᠎ᠡ ᠪᠢᠰᠢ ᠪᠠᠷ ᠬᠠᠪᠰᠤᠷᠬᠤ ᠶᠢ ᠪᠣᠳᠣᠯᠬᠢᠯᠠᠬᠤ ᠬᠡᠷᠡᠭᠲᠡᠶ᠃ ᠰᠤᠷᠤᠭᠴᠢᠳ ᠲᠤ ᠠᠶᠠᠨᠳᠠᠭᠠᠨ ᠤ ᠬᠠᠪᠰᠤᠷᠤᠯᠭ᠎ᠠ ᠪᠠᠶᠢᠪᠠᠯ ᠬᠠᠮᠤᠭ ᠤᠨ ᠰᠠᠶᠢᠨ ᠶᠤᠮ᠃ ᠪᠠᠭᠰᠢ ᠪᠣᠯᠤᠭᠰᠠᠳ ᠰᠤᠷᠤᠭᠴᠢᠳ ᠲᠤ ᠪᠡᠶ᠎ᠡ ᠪᠠᠷ ᠢᠶᠠᠨ ᠬᠠᠨᠳᠤᠵᠤ᠂ ᠰᠤᠷᠤᠭᠴᠢᠳ ᠤᠨ ᠪᠠᠶᠢᠳᠠᠯ ᠢ ᠣᠶᠢᠯᠠᠭᠠᠵᠤ᠂ ᠰᠤᠷᠤᠭᠴᠢᠳ ᠤᠨ ᠶᠠᠭᠤ ᠪᠤᠳᠤᠵᠤ ᠪᠠᠶᠢᠬᠤ ᠶᠢ ᠲᠣᠳᠣᠷᠬᠠᠶ ᠮᠡᠳᠡᠬᠦ ᠬᠡᠷᠡᠭᠲᠡᠶ ᠪᠥᠭᠡᠳ ᠰᠤᠷᠤᠭᠴᠢᠳ ᠤᠨ ᠦᠪᠡᠷᠲᠡᠭᠡᠨ ᠣᠯᠵᠤ ᠮᠡᠳᠡᠬᠦ ᠠᠰᠠᠭᠤᠳᠠᠯ ᠢ ᠳᠤᠷᠠᠳᠬᠤ ᠪᠤᠶᠤ ᠰᠤᠷᠤᠭᠴᠢᠳ ᠤᠨ ᠦᠪᠡᠷᠲᠡᠭᠡᠨ ᠪᠤᠳᠤᠵᠤ ᠮᠡᠳᠡᠬᠦ ᠠᠯᠬᠤᠮ ᠲᠠᠷᠠᠭ᠎ᠠ ᠶᠢ ᠵᠢᠭᠠᠵᠤ ᠭᠠᠷᠭᠠᠬᠤ ᠬᠡᠷᠡᠭᠲᠡᠶ᠃
ᠢᠷᠡᠯᠲᠡ᠄ ᠤᠲᠤᠭ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠭᠡᠷ