︽ᠴᠢᠩᠬᠢᠰ ᠤᠨ ᠦᠭᠡ ᠶᠢᠨ ᠲᠡᠭᠦᠪᠦᠷᠢ︾ ︵ᠬᠤᠶᠠᠷ︶
ᠨᠡᠶᠢᠲᠡᠯᠡᠭᠰᠡᠨ ᠴᠠᠭ᠄
2023/11/20
      14. ᠪᠡᠶ᠎ᠡ ᠪᠠᠭᠠᠲᠤᠷ ᠪᠣᠯᠪᠠᠰᠤ ᠨᠢᠭᠡᠨ ᠦᠶ᠎ᠡ ᠶᠢᠨ ᠪᠠᠭᠠᠲᠤᠷ᠂ ᠪᠢᠯᠢᠭ ᠪᠠᠭᠠᠲᠤᠷ ᠪᠣᠯᠪᠠᠰᠤ ᠲᠥᠮᠡᠨ ᠦᠶ᠎ᠡ ᠶᠢᠨ ᠪᠠᠭᠠᠲᠤᠷ ᠪᠤᠶᠤ᠃           15. ᠡᠮᠡᠭᠡᠯ ᠶᠡᠬᠡᠳᠡᠪᠡᠯ ᠲᠣᠬᠤᠭᠰᠠᠨ ᠮᠣᠷᠢᠨ ᠳᠤ ᠵᠣᠪᠠᠯᠠᠩ ᠪᠣᠯᠣᠨ᠎ᠠ᠂ ᠶᠠᠩᠵᠤ ᠶᠡᠬᠡᠳᠡᠪᠡᠯ ᠤᠯᠤᠰ ᠤᠨ ᠲᠣᠲᠣᠷ᠎ᠠ ᠵᠦᠳᠡᠭᠦᠷᠢ ᠪᠣᠯᠣᠨ᠎ᠠ᠃ ᠡᠷᠬᠢᠮ ᠶᠡᠬᠡᠳᠡᠪᠡᠯ ᠬᠦᠮᠦᠨ ᠤ ᠰᠡᠳᠭᠢᠯ ᠣᠰᠣᠯᠳᠠᠬᠤ ᠪᠣᠯᠣᠨ᠎ᠠ᠃ ᠡᠶᠢᠮᠦ ᠠᠴᠠ ᠬᠤᠭᠤᠰᠣᠨ ᠰᠦᠷ᠂ ᠢᠯᠡᠭᠦᠦ ᠶᠠᠩᠵᠤ ᠮᠠᠶ᠋ᠢᠭ ᠶᠣᠰᠣᠯᠠᠯ ᠤᠨ ᠬᠡᠷᠡᠭ ᠭᠡᠵᠦ ᠦᠭᠡᠢ᠃       16. ᠬᠡᠲᠦᠷᠬᠡᠢ ᠶᠡᠭᠡ ᠶᠣᠰᠣᠯᠠᠯ ᠡᠭᠡᠯ ᠠᠷᠠᠳ ᠲᠤ ᠴᠢᠷᠦᠭᠳᠡᠯ ᠤᠴᠠᠷᠠᠭᠤᠯᠵᠤ᠂ ᠳᠡᠪᠡᠯ ᠭᠤᠶᠣᠯᠠᠯ ᠶᠡᠬᠡᠳᠡᠪᠡᠯ ᠡᠮᠦᠰᠦᠭᠰᠡᠨ ᠬᠦᠮᠦᠨ ᠳᠤ ᠢᠯᠡᠭᠦᠦ ᠠᠴᠢᠶ᠎ᠠ ᠪᠣᠯᠬᠤ ᠲᠠᠢ ᠠᠳᠠᠯᠢ ᠶᠣᠰᠤ ᠶᠤ᠋᠃       17. ᠲᠥᠷᠦ ᠶᠢᠨ ᠬᠡᠷᠡᠭ ᠲᠤ ᠬᠤᠭᠤᠰᠤᠨ ᠬᠤᠳᠠᠯ ᠶᠣᠰᠤ ᠲᠥᠷᠢᠮ ᠬᠡᠲᠦᠷᠡᠭᠰᠡᠨ ᠠᠴᠠ ᠠᠷᠠᠳ ᠢᠷᠭᠡᠳ ᠨᠢ ᠡᠵᠡᠨ ᠳᠡᠭᠡᠳᠦᠰ ᠯᠦᠭᠡ ᠨᠡᠪᠲᠡᠷᠡᠵᠦ ᠴᠢᠳᠠᠬᠤ ᠦᠭᠡᠢ ᠪᠣᠯᠵᠤ᠂ ᠵᠠᠯᠢᠬᠠᠢ ᠰᠠᠶᠢᠳ ᠲᠦᠰᠢᠮᠡᠳ ᠨᠢ ᠵᠠᠪᠰᠠᠷ ᠲᠤ ᠨᠢ ᠵᠠᠪᠰᠢᠵᠤ᠂ ᠲᠥᠷᠦ ᠤᠯᠤᠰ ᠢ ᠪᠤᠰᠠᠨᠢᠭᠤᠯᠤᠨ᠎ᠠ᠃       18. ᠵᠢᠳᠭᠦᠯ ᠲᠡᠮᠡᠴᠡᠯ ᠢ ᠦᠨᠡᠯᠡᠵᠦ ᠮᠡᠳᠡᠬᠦ ᠦᠭᠡᠢ ᠬᠠᠷᠠᠩᠭᠤᠢ ᠡᠵᠡᠨ ᠤ ᠡᠮᠦᠨ᠎ᠡ ᠪᠥᠬᠦ᠋ᠢᠬᠦ ᠬᠡᠷᠡᠭ ᠦᠭᠡᠢ᠃ 19. ᠵᠦᠪ ᠢ ᠪᠠᠷᠢᠮᠲᠠᠯᠠᠵᠤ᠂ ᠦᠨᠡᠨ ᠢ ᠳᠡᠮᠵᠢᠨ᠂ ᠲᠥᠷᠦ ᠤᠯᠤᠰ ᠢ ᠵᠠᠰᠠᠬᠤ ᠶᠢᠨ ᠲᠦᠯᠦᠭᠡ ᠲᠡᠮᠡᠴᠡᠭᠴᠢ ᠰᠠᠶᠢᠨ ᠬᠦᠮᠦᠨ ᠬᠠᠷᠠᠩᠭᠤᠢ ᠮᠠᠭᠤ ᠡᠵᠡᠨ ᠲᠠᠢ ᠪᠣᠯ ᠳᠠᠩᠴᠤ ᠬᠠᠶᠢᠷᠠᠨ ᠪᠣᠯᠣᠨ᠎ᠠ᠃       20. ᠬᠡᠷᠪᠡ ᠨᠢᠭᠤᠷ ᠳᠡᠭᠡᠷ᠎ᠡ ᠳᠠᠭᠠᠭᠰᠠᠨ ᠳᠥᠷᠢ ᠦᠵᠡᠭᠦᠯᠵᠦ᠂ ᠲᠣᠲᠣᠷ᠎ᠠ ᠪᠠᠨ ᠡᠰᠡᠷᠭᠦᠴᠡᠳᠡᠭ ᠬᠦᠮᠦᠨ᠂ ᠤᠰᠤᠨ ᠳᠤ ᠬᠠᠶᠠᠭᠰᠠᠨ ᠴᠢᠯᠠᠭᠤ᠂ ᠡᠪᠡᠰᠦᠨ ᠳᠤ ᠲᠤᠰᠤᠭᠰᠠᠨ ᠰᠤᠮᠤᠨ ᠤ ᠠᠳᠠᠯᠢ ᠲᠤᠯᠠ ᠲᠡᠶᠢᠮᠦ ᠬᠦᠮᠦᠨ ᠢᠶᠠᠷ ᠵᠠᠬᠢᠷᠤᠭᠴᠢ ᠲᠠᠯᠪᠢᠵᠤ᠂ ᠣᠯᠠᠨ ᠤ ᠳᠡᠭᠡᠷ᠎ᠡ ᠭᠠᠷᠭᠠᠵᠤ ᠪᠣᠯᠬᠤ ᠦᠭᠡᠢ᠃       21. ᠭᠡᠷ ᠢᠶᠠᠨ ᠵᠠᠰᠠᠵᠤ ᠴᠢᠳᠠᠭᠰᠠᠳ ᠤᠯᠤᠰ ᠢᠶᠠᠨ ᠵᠠᠰᠠᠵᠤ ᠴᠢᠳᠠᠨ᠎ᠠ᠂ ᠥᠪᠡᠷ ᠢ ᠪᠠᠨ ᠵᠠᠬᠢᠷᠴᠤ ᠴᠢᠳᠠᠳᠠᠭ ᠦᠭᠡᠢ ᠬᠦᠮᠦᠨ ᠪᠣᠰᠣᠳ ᠢ ᠵᠠᠬᠢᠷᠴᠤ ᠴᠢᠳᠠᠬᠤ ᠦᠭᠡᠢ᠃       22. ᠰᠠᠷᠠᠭᠤᠯ ᠤᠬᠠᠭᠠᠨ ᠠᠴᠠ ᠢᠯᠡᠭᠦᠦ ᠰᠠᠶᠢᠨ ᠨᠦᠬᠦᠷ ᠪᠠᠶᠢᠳᠠᠭ ᠦᠭᠡᠢ᠂ ᠮᠤᠩᠬᠠᠭ ᠬᠢᠯᠢᠩ ᠠᠴᠠ ᠢᠯᠡᠭᠦᠦ ᠮᠠᠭᠤ ᠳᠠᠶᠢᠰᠤᠨ ᠪᠠᠶᠢᠳᠠᠭ ᠦᠭᠡᠢ᠃       23. ᠬᠠᠶᠢᠷᠠᠯᠠᠬᠤ ᠶᠠᠭᠤᠮ᠎ᠠ ᠣᠯᠠᠨ ᠪᠣᠯᠪᠠᠴᠤ ᠬᠠᠯᠠᠭᠤᠨ ᠠᠮᠢ ᠶᠢ ᠬᠠᠮᠤᠭ ᠠᠴᠠ ᠢᠯᠡᠭᠦᠦ ᠬᠠᠶᠢᠷᠠᠯᠠ᠃       24. ᠬᠠᠲᠠᠭᠤᠵᠢᠵᠤ ᠶᠠᠪᠤᠪᠠᠯ ᠬᠠᠮᠤᠭ ᠠᠴᠠ ᠲᠤᠰᠠᠲᠠᠢ᠂ ᠠᠷᠢᠭᠤᠨ ᠶᠠᠪᠤᠪᠠᠯ ᠠᠰᠢᠳᠠ ᠲᠤᠰᠠᠲᠠᠢ᠃       25. ᠶᠠᠳᠠᠷᠠᠵᠤ ᠶᠠᠪᠤᠬᠤ ᠳᠤ ᠠᠰᠠᠷᠠᠵᠤ ᠲᠡᠳᠬᠦᠭᠰᠡᠨ᠂ ᠠᠪᠤᠷᠠᠵᠤ ᠦᠰᠭᠡᠭᠰᠡᠨ ᠬᠦᠮᠦᠨ ᠠᠴᠠ ᠶᠠᠭᠤ ᠪᠦᠬᠦᠨ ᠢᠶᠠᠨ ᠴᠦ ᠪᠢᠲᠡᠬᠡᠢ ᠬᠠᠷᠠᠮᠯᠠ᠂ ᠪᠢᠲᠡᠬᠡᠢ ᠬᠠᠶᠢᠷᠠᠯᠠ᠃       26. ᠰᠢᠯᠤᠭᠤᠨ ᠰᠢᠳᠤᠷᠭᠤ᠂ ᠰᠡᠴᠡᠨ ᠤᠬᠠᠭᠠᠨ ᠲᠠᠢ᠂ ᠴᠢᠳᠠᠯ ᠡᠷᠳᠡᠮ ᠲᠠᠢ ᠶᠢ ᠬᠦᠨᠳᠦᠯᠡᠵᠦ ᠪᠠᠢ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ