ᠭᠡᠥᠭᠡᠳ ᠢ ᠬᠦᠮᠦᠵᠢᠭᠦᠯᠬᠦ ᠦᠨᠳᠦᠰᠤᠨ 16 ᠠᠷᠭ᠎ᠠ
ᠨᠡᠶᠢᠲᠡᠯᠡᠭᠰᠡᠨ ᠴᠠᠭ᠄
2023/11/20
      ᠮᠠᠨ ᠤ ᠮᠤᠩᠭᠤᠯ ᠦᠨᠳᠦᠰᠦᠳᠡᠨ ᠪᠤᠯ ᠠᠯᠢ ᠡᠷᠳᠡᠨ ᠠᠴᠠ ᠠᠪᠤᠭᠠᠳ ᠭᠡᠷ ᠤᠨ ᠰᠤᠷᠭᠠᠯ ᠴᠢᠩᠭ᠎ᠠ ᠪᠠᠶᠢᠬᠤ ᠤᠯᠠᠮᠵᠢᠯᠠᠯᠳᠤ ᠰᠠᠶᠢᠬᠠᠨ ᠵᠠᠩ ᠰᠤᠳᠠᠬᠤᠨ ᠲᠠᠢ ᠦᠨᠳᠦᠰᠦᠳᠡᠨ ᠶᠤᠮ᠂ ᠡᠭᠡ ᠡᠴᠢᠭᠡ ᠪᠤᠯ ᠭᠡᠥᠭᠡᠳ ᠤᠨ ᠬᠠᠮᠤᠭ ᠲᠡᠷᠢᠭᠦᠨ ᠤ ᠪᠠᠭᠰᠢ ᠪᠦᠭᠡᠳ ᠭᠡᠷ ᠪᠦᠯᠢ ᠪᠤᠯ ᠭᠡᠥᠭᠡᠳ ᠤᠨ ᠬᠠᠮᠤᠭ ᠡᠬᠢᠨ ᠤ ᠰᠤᠷᠭᠠᠭᠤᠯᠢ ᠪᠤᠯᠬᠤ ᠶᠤᠮ᠃       ᠶᠡᠷᠦ ᠳᠡᠭᠡᠨ ᠲᠤᠥᠷᠠᠬᠢ ᠮᠡᠳᠦ ᠬᠡᠳᠦᠨ ᠵᠦᠢᠯ ᠤᠨ ᠠᠷᠭ᠎ᠠ ᠪᠠᠶᠢᠳᠠᠭ᠄ ︵1︶ ᠭᠡᠥᠭᠡᠳ ᠤᠨ ᠲᠤᠷᠠᠳᠤᠭᠰᠠᠨ ᠠᠰᠠᠭᠤᠳᠠᠯ ᠳᠤ ᠬᠦᠯᠢᠴᠡᠩᠭᠦᠢ ᠪᠦᠭᠡᠳ ᠵᠦᠪ ᠬᠠᠷᠢᠭᠤᠯᠳᠠ ᠶᠢ ᠦᠭᠬᠦ ᠬᠡᠷᠡᠭᠳᠠᠢ᠃ ︵2︶ ᠭᠡᠥᠭᠡᠳ ᠢ ᠬᠠᠨᠳᠠᠯ᠎ᠠ ᠨᠠᠭᠠᠳᠤᠭᠤᠯᠬᠤ ᠭᠡᠷᠡᠭᠳᠡᠢ᠃ ︵3︶ ᠭᠡᠥᠭᠡᠳ ᠢ ᠵᠢᠯᠤᠭᠤᠳᠤᠨ ᠦᠪᠡᠷ ᠤᠨ ᠬᠢᠨᠢ ᠬᠢᠪᠡᠰᠦ ᠵᠤᠬᠢᠬᠤ ᠲᠤᠰᠬᠠᠢ ᠠᠵᠢᠯ ᠢ ᠬᠢᠯᠭᠡᠭᠦ ᠭᠡᠷᠡᠭᠳᠡᠢ᠃ ︵4︶ ᠭᠡᠥᠭᠡᠳ ᠢ ᠬᠠᠪᠰᠤᠷᠴᠤ ᠲᠡᠭᠦᠨ ᠤ ᠪᠡᠶ᠎ᠡ ᠳᠤᠨᠢ ᠲᠤᠬᠢᠷᠠᠬᠤ ᠲᠦᠯᠪᠡᠯᠭᠡ ᠵᠤᠬᠢᠶᠠᠵᠤ ᠦᠭᠬᠦ ᠪᠦᠭᠡᠳ ᠡᠨᠡᠬᠦ ᠲᠦᠯᠪᠡᠯᠭᠡ ᠪᠠᠨ ᠪᠡᠶᠡᠯᠡᠭᠦᠯᠬᠦ ᠶᠢ ᠱᠠᠭᠠᠷᠳᠠᠬᠤ ᠭᠡᠷᠡᠭᠳᠡᠢ᠃ ︵5︶ ᠭᠡᠥᠭᠡᠳ ᠢ ᠬᠠᠪᠰᠤᠷᠴᠤ ᠲᠡᠭᠦᠨ ᠤ ᠲᠦᠢᠯ ᠤᠨ ᠤᠷᠮ᠎ᠠ ᠪᠠᠬ᠎ᠠ ᠲᠠᠢ ᠭᠠᠵᠠᠷ ᠲᠤᠨᠢ ᠤᠴᠢᠭᠤᠯᠵᠤ ᠨᠠᠭᠠᠳᠤᠭᠤᠯᠬᠤ ᠬᠡᠷᠡᠭᠳᠡᠢ᠃ ︵6︶ ᠭᠡᠥᠭᠡᠳ ᠢ ᠬᠠᠪᠰᠤᠷᠴᠤ ᠪᠡᠶ᠎ᠡ ᠪᠠᠨ ᠲᠠᠭᠠᠭᠠᠨ ᠪᠤᠳᠤᠯᠬᠢᠯᠠᠭᠤᠯᠬᠤ ᠭᠡᠷᠡᠭᠳᠡᠢ᠃ ︵7︶ ᠭᠡᠥᠭᠡᠳ ᠢ ᠬᠠᠪᠰᠤᠷᠴᠤ ᠂ ᠲᠡᠭᠦᠨ ᠤ ᠲᠠᠰᠬᠠᠯ ᠬᠢᠭᠦ ᠴᠢᠳᠠᠪᠤᠷᠢ ᠶᠢ ᠨᠢ ᠲᠡᠭᠡᠭᠰᠢᠯᠡᠭᠦᠯᠦᠨ᠎ᠡ᠃ ︵8︶ ᠭᠡᠥᠭᠡᠳ ᠢ ᠬᠠᠪᠰᠤᠷᠴᠤ ᠬᠠᠷᠬᠠᠨ ᠪᠠᠭ᠎ᠠ ᠠᠴᠠ ᠨᠢ ᠨᠤᠮ ᠤᠩᠰᠢᠬᠤ ᠰᠠᠶᠢᠨ ᠲᠠᠳᠬᠠᠯ ᠲᠠᠢ ᠪᠤᠯᠭᠠᠬᠤ ᠭᠡᠷᠡᠭᠳᠡᠢ᠃ ︵9︶ ᠭᠡᠥᠭᠡᠳ ᠲᠤ ᠰᠠᠶᠢᠨ ᠰᠠᠶᠢᠬᠠᠨ ᠲᠠᠪᠰᠢᠭᠰᠠᠨ ᠨᠤᠮ ᠰᠡᠳᠭᠦᠯ ᠢ ᠬᠠᠩᠭᠠᠬᠤ ᠭᠡᠷᠡᠭᠳᠡᠢ᠃ ︵10︶ ᠭᠡᠥᠭᠡᠳ ᠤᠨ ᠦᠵᠡᠯ ᠰᠠᠨᠠᠭᠠᠨ ᠳᠤ ᠠᠰᠢᠭᠳᠠᠢ ᠪᠦᠭᠡᠳ ᠤᠬᠠᠮᠰᠠᠷ ᠢ ᠨᠢ ᠲᠡᠭᠡᠭᠰᠢᠯᠡᠭᠦᠯᠬᠦ ᠦᠯᠢᠭᠡᠷ ᠶᠠᠷᠢᠵᠤ ᠦᠭᠭᠦᠨ᠂ ᠲᠡᠭᠦᠨ ᠤ ᠬᠡᠢ ᠬᠦᠰᠡᠯ ᠢ ᠨᠢ ᠤᠷᠭᠢᠯᠠᠭᠤᠯᠵᠤ ᠬᠤᠯᠪᠤᠨ ᠪᠤᠳᠤᠬᠤ ᠴᠢᠳᠠᠪᠤᠷᠢ ᠶᠢ ᠨᠢ ᠨᠡᠮᠡᠭᠳᠡᠭᠦᠯᠬᠦ ᠬᠡᠷᠡᠭᠳᠡᠢ᠃ ︵11︶ ᠭᠡᠥᠭᠡᠳ ᠤᠨ ᠬᠤᠪᠢ ᠶᠢᠨ ᠱᠠᠭᠠᠷᠳᠠᠯᠭ᠎ᠠ ᠳᠤ ᠨᠠᠷᠢᠨ ᠨᠢᠭᠳᠠ ᠬᠠᠨᠳᠤᠵᠤ᠂ ᠲᠤᠬᠢᠷᠠᠮᠵᠢᠳᠠᠢ ᠪᠠᠷ ᠬᠠᠩᠭᠠᠵᠤ ᠪᠠᠶᠢᠬᠤ ᠬᠡᠷᠡᠭᠳᠡᠢ᠃ ︵12︶ ᠡᠳᠦᠷ ᠪᠦᠷᠢ ᠲᠤᠭᠳᠠᠭᠰᠠᠨ ᠬᠡᠮᠵᠢᠶᠡᠨ ᠤ ᠴᠠᠭ ᠢ ᠰᠢᠬᠠᠨ ᠭᠠᠷᠭᠠᠵᠤ᠂ ᠭᠡᠥᠭᠡᠳ ᠲᠠᠢ ᠪᠠᠨ ᠬᠠᠮᠳᠤ ᠪᠠᠶᠢᠬᠤ ᠭᠡᠷᠡᠭᠳᠡᠢ᠃ ︵13︶ ᠭᠡᠥᠭᠡᠳ ᠢ ᠬᠠᠪᠰᠤᠷᠠᠨ ᠬᠦᠷ ᠬᠦᠭᠵᠢᠶᠡᠨ ᠲᠠᠢ᠂ ᠡᠷᠡᠭᠦᠯ ᠴᠠᠬᠢᠷᠠᠭ ᠲᠤᠷᠠᠰᠬᠠᠯᠳᠤ ᠡᠳᠦᠷ ᠢ ᠰᠤᠩᠭᠤᠨ ᠤᠷᠤᠯᠴᠠᠬᠤ ᠭᠡᠷᠡᠭᠳᠡᠢ᠃ ︵14︶ ᠭᠡᠥᠭᠡᠳ ᠢ ᠵᠤᠷᠢᠭᠵᠢᠭᠤᠯᠤᠨ ᠠᠰᠠᠭᠤᠳᠠᠯ ᠢ ᠰᠡᠷᠡᠵᠤ ᠮᠡᠳᠡᠪᠡᠯ᠂ ᠲᠡᠷᠡᠬᠦ ᠠᠰᠠᠭᠤᠳᠠᠯ ᠢ ᠨᠢ ᠬᠠᠪᠰᠤᠷᠠᠨ ᠰᠢᠳᠪᠦᠷᠢᠯᠡᠬᠦ ᠭᠡᠷᠡᠭᠳᠡᠢ᠃ ︵15︶ ᠭᠡᠥᠭᠡᠳ ᠤᠨ ᠤᠨᠴᠠ ᠴᠢᠳᠠᠪᠤᠷᠢ ᠶᠢ ᠨᠢ ᠢᠳᠡᠭᠡᠨ᠂ ᠭᠡᠥᠭᠡᠳ ᠢᠶᠠᠨ ᠢᠳᠡᠭᠡᠬᠦ ᠭᠡᠷᠡᠭᠳᠡᠢ᠃ ︵16︶ ᠭᠡᠥᠭᠡᠳ ᠢ ᠵᠤᠷᠢᠭᠵᠢᠭᠤᠯᠤᠨ ᠰᠢᠨᠵᠢᠯᠡᠬᠦ ᠤᠬᠠᠭᠠᠨ ᠢ ᠢᠯᠡᠭᠦᠥ ᠰᠤᠷᠤᠯᠴᠠᠭᠤᠯᠤᠨ᠂ ᠪᠡᠶ᠎ᠡ ᠪᠠᠨ ᠲᠠᠭᠠᠭᠠᠨ ᠠᠰᠠᠭᠤᠳᠠᠯ ᠢ ᠰᠢᠳᠪᠦᠷᠢᠯᠡᠭᠦᠯᠵᠤ᠂ ᠲᠤᠮᠤ ᠬᠦᠮᠦᠨ ᠢ ᠶᠡᠷᠦ ᠳᠡᠭᠡᠨ ᠲᠦᠰᠢᠭᠯᠡᠬᠦ ᠠᠴᠠ ᠰᠠᠯᠭᠠᠬᠤ ᠭᠡᠷᠡᠭᠳᠡᠢ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ