ᠮᠠᠷᠳᠠᠭᠳᠠᠨ ᠪᠠᠯᠠᠷᠠᠭᠰᠠᠨ ᠡᠷᠳᠡᠨ ᠤ ᠨᠢᠭᠤᠴᠠ ᠪᠤᠯᠪᠠᠰᠤᠨ ︵ᠨᠢᠭᠡ︶
ᠨᠡᠶᠢᠲᠡᠯᠡᠭᠰᠡᠨ ᠴᠠᠭ᠄
2023/11/21
      ᠬᠥᠮᠥᠨ ᠲᠥᠷᠥᠯᠬᠢᠲᠡᠨ ᠤ ᠤᠷᠳᠤ ᠬᠤᠭᠤᠴᠠᠭᠠᠨ ᠤ ᠬᠥᠭᠵᠢᠯᠲᠠ ᠶᠢᠨ ᠶᠠᠪᠤᠴᠠ ᠳᠤ᠂ ᠤᠯᠠᠨ ᠤᠳᠠᠭᠠᠨ ᠤ ᠰᠤᠶᠤᠯ ᠪᠤᠯᠪᠠᠰᠤᠨ ᠤ ᠴᠡᠴᠡᠭᠯᠡᠯᠲᠠ ᠶᠢᠨ ᠥᠶ᠎ᠡ ᠢᠯᠡᠷᠡᠵᠤ ᠥᠩᠭᠡᠷᠡᠵᠠᠢ᠃ ᠭᠡᠪᠡᠴᠤ ᠴᠠᠭ ᠥᠶ᠎ᠡ ᠶᠢᠨ ᠬᠤᠪᠢᠷᠠᠯᠲᠠ ᠳᠤ᠂ ᠶᠠᠮᠠᠷ ᠵᠡᠷᠭᠡ ᠶᠢᠨ ᠬᠥᠭᠵᠢᠨ ᠮᠠᠨᠳᠤᠭᠰᠠᠨ ᠲᠥᠷᠥ ᠬᠥᠷᠥᠨ ᠴᠦ ᠮᠥᠬᠦᠵᠤ ᠤᠰᠠᠳᠬᠤ ᠠᠴᠠ ᠵᠠᠶᠢᠯᠠᠰᠬᠢᠵᠤ ᠴᠢᠳᠠᠭᠰᠠᠨ ᠦᠬᠡᠢ᠂ ᠡᠨᠡ ᠨᠢ ᠬᠤᠶᠢᠴᠢ ᠥᠶ᠎ᠡ ᠳᠤ ᠰᠤᠨᠢᠨ ᠨᠢᠭᠤᠴᠠᠭᠠᠢ ᠥᠯᠢᠭᠡᠷ ᠲᠤᠮᠤᠭ ᠪᠤᠯᠵᠤ ᠬᠤᠴᠤᠷᠴᠠᠢ᠃ ᠠᠷᠠᠳ ᠤᠨ ᠠᠮᠠᠨ ᠳᠤ ᠤᠯᠠᠮᠵᠢᠯᠠᠭᠳᠠᠨ ᠲᠠᠮᠵᠢᠭᠰᠠᠨ ᠡᠷᠲᠡᠨ ᠤ ᠬᠤᠲᠠ ᠪᠠᠭᠤᠷᠢ ᠶᠢᠨ ᠲᠤᠬᠠᠢ ᠥᠯᠢᠭᠡᠷ ᠨᠢ ᠤᠳᠤ ᠵᠥᠪᠬᠡᠨ ᠲᠡᠥᠬᠡ ᠶᠢᠨ ᠤᠬᠠᠭᠠᠨᠲᠠᠳ ᠤᠨ ᠰᠣᠳᠣᠯᠣᠨ ᠢᠯᠡᠷᠡᠭᠦᠯᠬᠦ ᠵᠦᠢᠯ ᠪᠣᠯᠵᠠᠢ᠃       1. ᠢᠷᠠᠺ ᠤᠨ ᠰᠢᠲ᠋ᠠᠰᠢᠹᠧᠨ ︵Ctesiphon︶ ᠬᠤᠲᠠ᠃ ᠰᠢᠲ᠋ᠠᠰᠢᠹᠧᠨ ᠪᠤᠯ ᠢᠷᠠᠺ ᠤᠨ ᠨᠡᠷᠡᠳᠤ ᠡᠷᠳᠡᠨ ᠤ ᠥᠯᠡᠳᠡᠭᠳᠡᠯ ᠬᠤᠲᠠ ᠶᠤᠮ᠃ ᠰᠢᠲ᠋ᠠᠰᠢᠹᠧᠨ ᠬᠤᠲᠠ ᠨᠢ ᠨᠡᠶᠢᠰᠯᠡᠯ ᠪᠠᠭᠠᠳᠠᠳ᠋ ︵Baghdad︶ ᠠᠴᠠ ᠵᠡᠭᠦᠨ ᠡᠮᠥᠨᠡᠰᠢ 32 ᠺᠢᠯᠤᠮᠧᠳ᠋ᠷ ᠤᠨ ᠤᠷᠴᠢᠮ ᠪᠠᠶᠢᠷᠢᠯᠠᠨ᠂ ᠠᠩᠬ᠎ᠠ ᠡᠬᠢᠨ ᠳᠡᠭᠡᠨ ᠲᠤᠰ ᠭᠠᠵᠠᠷ ᠨᠢ ᠭᠧᠷᠢᠭ ᠤᠨ ᠰᠧᠯᠥᠰᠧᠳ᠋ ︵Seleucid︶ ᠬᠠᠭᠠᠨᠳᠤ ᠲᠥᠷᠥ ᠶᠢᠨ ᠲᠥᠷᠢᠮᠡᠬᠡᠶᠢᠯᠡᠯ ᠢ ᠡᠰᠡᠷᠬᠦᠴᠡᠬᠦ ᠴᠢᠬᠤᠯᠠ ᠰᠠᠭᠤᠷᠢᠨ ᠭᠠᠵᠠᠷ ᠪᠠᠶᠢᠵᠤ᠂ ᠬᠤᠵᠢᠮ ᠨᠢ ᠠᠭᠠᠵᠢᠮ ᠢᠶᠠᠷ ᠬᠤᠲᠠ ᠪᠤᠯᠵᠤ ᠬᠥᠭᠵᠢᠵᠡᠢ᠃       2. ᠶᠡᠭᠡ ᠽᠢᠮᠪᠠᠪᠥᠸᠧᠢ ᠬᠤᠲᠠ᠃ ᠶᠡᠭᠡ ᠽᠢᠮᠪᠠᠪᠥᠸᠧᠢ ᠬᠤᠲᠠ ᠪᠤᠯ ᠠᠹᠷᠢᠺᠠ ᠶᠢᠨ ᠡᠮᠥᠨᠡᠳᠤ ᠬᠡᠰᠡᠭ ᠲᠠᠬᠢ ᠽᠢᠮᠪᠠᠪᠥᠸᠧᠢ ᠬᠤᠲᠠ ᠶᠢᠨ ᠪᠠᠭᠤᠷᠢ ᠪᠠᠶᠢᠵᠤ᠂ ᠡᠨᠡ ᠨᠢ ᠨᠢᠭᠡ ᠪᠥᠯᠥᠭ ᠡᠷᠲᠡᠨ ᠤ ᠲᠤᠮᠤ ᠴᠢᠯᠠᠭᠤᠨ ᠤ ᠪᠠᠭᠤᠷᠢ ᠠᠴᠠ ᠨᠡᠷ᠎ᠡ ᠠᠪᠴᠠᠢ᠃ ᠬᠠᠭᠤᠴᠢ ᠰᠤᠳᠤᠯᠤᠯ ᠤᠨ ᠡᠷᠲᠡᠮᠲᠡᠨ ᠤ ᠵᠢᠱᠢᠯᠳᠠ ᠪᠠᠷ᠂ ᠲᠤᠰ ᠬᠤᠲᠠ ᠶᠢ 1130 ᠤᠨ ᠳᠤ ᠪᠠᠶᠢᠭᠤᠯᠵᠤ᠂ ᠡᠭᠦᠨ ᠤ ᠲᠠᠷᠠᠭᠠᠬᠢ 3 ᠵᠠᠭᠤᠨ ᠵᠢᠯ ᠤᠨ ᠤᠷᠳᠤ ᠬᠤᠭᠤᠴᠠᠭᠠᠨ ᠳᠤ᠂ ᠱᠸᠤᠨᠠᠰ ︵Shonas︶ ᠬᠥᠮᠥᠨ ᠠᠴᠠ ᠡᠬᠦᠨ ᠢ ᠬᠤᠷᠭᠤᠳᠠᠬᠤ ᠭᠠᠵᠠᠷ ᠪᠤᠯᠭᠠᠭᠰᠠᠨ ᠪᠠᠶᠢᠵᠠᠢ᠃       3. ᠫᠠᠺᠢᠰᠲ᠋ᠠᠨ ᠤ ᠮᠥᠧᠾᠧᠨ · ᠳᠠᠷᠤᠤ ︵Mohen Darrow︶ ᠬᠤᠲᠠ᠃ 4500 ᠵᠢᠯ ᠤᠨ ᠡᠮᠥᠨ᠎ᠡ ᠪᠠᠶᠢᠭᠤᠯᠤᠭᠳᠠᠭᠰᠠᠨ ᠮᠥᠧᠾᠧᠨ · ᠳᠠᠷᠤᠤ ᠶᠢ ᠪᠠᠰᠠ ︽ᠥᠬᠦᠯ ᠤᠨ ᠲᠤᠪᠤᠴᠠᠭ︾ ᠬᠡᠳᠡᠭ᠂ ᠡᠨᠡ ᠨᠢ ᠡᠨᠡᠳᠭᠡᠭ ᠮᠥᠷᠡᠨ ᠤ ᠰᠤᠶᠤᠯ ᠪᠤᠯᠪᠠᠰᠤᠨ ᠤ ᠴᠢᠬᠤᠯᠠ ᠬᠤᠲᠠ ᠪᠠᠶᠢᠵᠤ᠂ ᠡᠨᠡ ᠨᠢ ᠠᠽᠢᠶ᠎ᠠ ᠲᠢᠪ ᠤᠨ ᠡᠮᠥᠨ᠎ᠡ ᠬᠡᠰᠡᠭ ᠲᠤ ᠠᠩᠬ᠎ᠠ ᠢᠯᠡᠷᠡᠭᠰᠡᠨ ᠤᠯᠠᠨ ᠬᠤᠲᠠ ᠶᠢᠨ ᠲᠤᠮᠳᠠᠬᠢ ᠨᠢᠭᠡ ᠬᠤᠲᠠ ᠮᠥᠨ᠃ ᠬᠠᠭᠤᠴᠢ ᠰᠤᠳᠤᠯᠤᠯ ᠤᠨ ᠡᠷᠲᠡᠮᠲᠡᠨ ᠤ ᠲᠠᠭᠠᠮᠠᠭᠯᠠᠭᠰᠠᠨ ᠢᠶᠠᠷ᠂ ᠠᠷᠢᠶᠠᠰ ︵Aryans︶ ᠬᠥᠮᠥᠨ ᠤ ᠲᠥᠷᠢᠮᠡᠬᠡᠶᠢᠯᠡᠯ ᠳᠤᠤᠷ᠎ᠠ ᠡ᠊ᠨᠳᠡᠬᠢ ᠰᠠᠭᠤᠭᠠᠯᠢ ᠠᠷᠠᠳ ᠬᠤᠲᠠ ᠪᠠᠨ ᠤᠷᠬᠢᠨ ᠶᠠᠪᠤᠭᠰᠠᠨ ᠭᠡᠵᠠᠢ᠃       4. ᠪᠧᠩᠭᠠᠯ ᠤᠨ ᠪᠡᠭᠧᠷᠬᠠᠢ ᠬᠤᠲᠠ᠃ ᠲᠤᠰ ᠬᠤᠲᠠ ᠶᠢ 15 ᠳ᠋ᠤᠭᠠᠷ ᠵᠠᠭᠤᠨ ᠳᠤ ᠪᠠᠶᠢᠭᠤᠯᠵᠤ᠂ ᠭᠠᠩᠭ᠎ᠠ ᠮᠥᠷᠡᠨ ᠪᠤᠯᠤᠨ ᠪᠷᠧᠮᠠᠫᠢᠤᠳ᠋ᠷᠠ ︵Brahmaputra︶ ᠮᠥᠷᠡᠨ ᠤ ᠠᠭᠤᠯᠵᠠᠷ ᠲᠤ ᠪᠠᠶᠢᠷᠢᠯᠠᠵᠠᠢ᠃ ᠪᠡᠭᠧᠷᠬᠠᠢ ᠬᠤᠲᠠ ᠶᠢᠨ ᠬᠥᠭᠵᠢᠯ ᠪᠠᠳᠠᠷᠠᠯ ᠤᠨ ᠥᠶ᠎ᠡ ᠳᠤ 360 ᠯᠠᠯᠤ ᠶᠢᠨ ᠰᠥᠮ᠎ᠡ ᠪᠠᠶᠢᠭᠤᠯᠵᠤ᠂ ᠬᠤᠵᠢᠮ ᠨᠢ ᠭᠠᠵᠠᠷ ᠤᠨ ᠭᠠᠳᠠᠷᠭᠤ ᠲᠤᠷᠤᠭᠰᠢᠯᠠᠭᠰᠠᠨ ᠠᠴᠠ ᠪᠥᠬᠦ᠋ᠢᠯᠡ ᠬᠤᠲᠠ ᠠᠭᠠᠵᠢᠮ ᠢᠶᠠᠷ ᠤᠢ ᠰᠢᠭᠤᠢ ᠳᠤ ᠬᠥᠷᠢᠶᠡᠯᠡᠭᠳᠡᠨ᠂ ᠡᠴᠥᠰ ᠲᠡᠭᠡᠨ ᠭᠠᠵᠠᠷ ᠲᠤᠤᠷ᠎ᠠ ᠪᠤᠯᠠᠭᠳᠠᠵᠠᠢ᠃ ᠤᠳᠤᠬᠠᠨ ᠳᠤ᠂ ᠪᠡᠭᠧᠷᠬᠠᠢ ᠬᠤᠲᠠ ᠶᠢᠨ ᠵᠠᠷᠢᠮ ᠬᠡᠰᠡᠭ ᠭᠠᠵᠠᠷ ᠢ ᠨᠢ ᠴᠡᠪᠡᠷᠯᠡᠨ ᠭᠠᠷᠭᠠᠵᠤ᠂ ᠵᠢᠭᠤᠯᠴᠢᠯᠠᠭᠴᠢᠳ ᠲᠤ ᠲᠡᠯᠭᠡᠨ ᠥᠵᠡᠭᠦᠯᠵᠣ ᠪᠠᠶᠢᠨ᠎ᠠ᠃       5. ᠠᠮᠧᠷᠢᠺᠠ ᠶᠢᠨ ᠮᠸᠡᠰᠠᠸᠢᠳ᠋ ︵MesaVerde︶ ᠴᠡᠴᠡᠷᠯᠢᠭ᠃ ᠮᠸᠡᠰᠠᠸᠢᠳ᠋ ᠴᠡᠴᠡᠷᠯᠢᠭ ᠪᠤᠯ ᠤᠮᠠᠷᠠᠳᠤ ᠠᠮᠧᠷᠢᠺᠠ ᠶᠢᠨ ᠢᠨᠳᠢᠶᠠᠨᠴᠣᠳ ᠤᠨ ᠰᠤᠶᠤᠯ ᠪᠤᠯᠪᠠᠰᠤᠨ ᠤ ᠥᠯᠡᠳᠡᠭᠳᠡᠯ ᠤᠷᠤᠨ ᠪᠣᠯᠣᠨ᠎ᠠ᠂ ᠠᠮᠧᠷᠢᠺᠠ ᠶᠢᠨ ᠺᠤᠯᠤᠷᠤᠳᠣ᠋ ︵Colorado︶ ᠵᠸᠤ ᠶᠢᠨ ᠪᠠᠷᠠᠭᠤᠨ ᠡᠮᠥᠨᠡᠳᠤ ᠬᠡᠰᠡᠭ ᠲᠤ ᠪᠠᠶᠢᠷᠢᠯᠠᠨ᠎ᠠ᠃ ᠠᠷᠪᠠᠨ ᠲᠥᠷᠪᠡᠳᠥᠭᠡᠷ ᠵᠠᠭᠤᠨ ᠤ ᠥᠶ᠎ᠡ ᠪᠠᠷ᠂ ᠲᠤᠬᠠᠢ ᠶᠢᠨ ᠭᠠᠵᠠᠷ ᠤᠨ ᠬᠥᠮᠥᠰ ᠰᠠᠭᠤᠷᠢᠰᠢᠭᠰᠠᠨ ᠤᠷᠤᠨ ᠢᠶᠠᠨ ᠤᠷᠬᠢᠨ ᠶᠠᠪᠤᠵᠠᠢ᠃ ᠤᠷᠳᠤ ᠬᠤᠭᠤᠴᠠᠭᠠᠨ ᠤ ᠭᠠᠩ ᠬᠠᠭᠰᠠᠷᠠᠭᠠᠨ ᠨᠢ ᠰᠠᠭᠤᠭᠠᠯᠢ ᠠᠷᠠᠳ ᠤᠨ ᠨᠡᠭᠦᠨ ᠰᠢᠯᠵᠢᠭᠰᠡᠨ ᠴᠢᠬᠤᠯᠠ ᠰᠢᠯᠳᠠᠭᠠᠨ ᠭᠡᠵᠤ ᠵᠠᠷᠢᠮ ᠡᠷᠲᠡᠮᠳᠡᠳ ᠥᠵᠡᠵᠤ ᠪᠤᠢ᠃       6. ᠡᠨᠡᠳᠭᠡᠭ ᠤᠨ ᠸᠧᠶᠢᠵᠧᠨᠭᠠᠷ ︵Vijayanagar︶ ᠬᠤᠲᠠ᠃ ᠸᠧᠶᠢᠵᠧᠨᠭᠠᠷ ᠬᠤᠲᠠ ᠨᠢ 1336 ᠤᠨ ᠳᠤ ᠪᠠᠶᠢᠭᠤᠯᠤᠭᠳᠠᠵᠤ᠂ 1986 ᠤᠨ ᠳᠤ ᠲᠡᠯᠡᠬᠡᠢ ᠶᠢᠨ ᠰᠤᠶᠤᠯ ᠤᠨ ᠥᠪ ᠤᠨ ᠴᠠᠳᠢᠭ ᠲᠤ ᠣᠷᠣᠵᠠᠢ᠃       7. ᠲᠥᠷᠺ ᠤᠨ ᠠᠨᠢ ︵Ani︶ ᠬᠤᠲᠠ᠃ ᠠᠨᠢ ᠬᠤᠲᠠ ᠪᠤᠯ ᠡᠷᠲᠡᠨ ᠤ ᠠᠷᠮᠧᠨᠢᠶ᠎ᠠ ︵Armenia︶ ᠬᠤᠲᠠ ᠶᠢᠨ ᠨᠡᠶᠢᠰᠯᠡᠯ ᠪᠠᠶᠢᠵᠤ᠂ ᠠᠷᠪᠠᠨ ᠲᠥᠮᠡᠨ ᠰᠠᠭᠤᠭᠠᠯᠢ ᠠᠷᠠᠳ ᠲᠠᠢ ᠪᠠᠶᠢᠭᠰᠠᠨ᠃ ᠰᠥᠮ᠎ᠡ ᠲᠤᠭᠠᠩ ᠤᠯᠠᠨᠳᠠᠢ ᠪᠠᠷ ᠢᠶᠠᠨ ᠠᠯᠳᠠᠷᠰᠢᠵᠤ᠂ ᠡᠭᠦᠨ ᠳᠤ 11 ᠳ᠋ᠦ᠋ᠭᠡᠷ ᠵᠠᠭᠤᠨ ᠠᠴᠠ 13 ᠳ᠋ᠤᠭᠠᠷ ᠵᠠᠭᠤᠨ ᠤ ᠥᠶ᠎ᠡ ᠳᠤ ᠪᠠᠶᠢᠭᠤᠯᠤᠭᠰᠠᠨ ᠱᠠᠰᠢᠨ ᠤ ᠲᠤᠭᠠᠩ ᠤᠳᠤ ᠪᠤᠯᠲᠠᠯ᠎ᠠ ᠬᠠᠳᠠᠭᠠᠯᠠᠭᠳᠠᠭᠰᠠᠭᠠᠷ᠃       8. ᠶᠧᠵᠢᠫᠲ ᠤᠨ ᠲᠾᠪᠢᠰ ︵Thebes︶ ᠬᠤᠲᠠ᠃ ᠲᠾᠪᠢᠰ ᠬᠤᠲᠠ ᠨᠡᠶᠢᠳᠡ ᠶᠢᠨ ᠤᠨ ᠲᠤᠭᠠᠯᠠᠯ ᠠᠴᠠ ᠡᠮᠥᠨ᠎ᠡ 3200 ᠤᠨ ᠳᠤ ᠪᠠᠶᠢᠭᠤᠯᠤᠭᠳᠠᠨ᠂ ᠨᠡᠶᠢᠳᠡ ᠶᠢᠨ ᠤᠨ ᠲᠤᠭᠠᠯᠠᠯ ᠠᠴᠠ ᠡᠮᠥᠨ᠎ᠡ 2000 ᠤᠨ ᠪᠤᠯᠬᠤ ᠳᠤ ᠲᠤᠰ ᠬᠤᠲᠠ ᠶᠢᠨ ᠬᠥᠮᠥᠨ ᠠᠮᠠ ᠲᠥᠷᠪᠡᠨ ᠲᠥᠮᠡ ᠳᠤ ᠬᠥᠷᠴᠤ᠂ ᠲᠤᠬᠠᠢ ᠶᠢᠨ ᠥᠶ᠎ᠡ ᠶᠢᠨ ᠬᠠᠮᠤᠭ ᠤᠨ ᠲᠤᠮᠤ ᠬᠤᠲᠠ ᠪᠤᠯᠵᠠᠢ᠃ ᠨᠡᠶᠢᠳᠡ ᠶᠢᠨ ᠤᠨ ᠲᠤᠭᠠᠯᠠᠯ ᠠᠴᠠ ᠡᠮᠥᠨ᠎ᠡ 1000 ᠤᠨ ᠬᠥᠷᠲᠡᠯ᠎ᠡ᠂ ᠲᠾᠪᠢᠰ ᠬᠤᠲᠠ ᠲᠡᠯᠡᠬᠡᠢ ᠲᠡᠭᠡᠷᠡᠬᠢ ᠬᠠᠮᠤᠭ ᠤᠨ ᠲᠤᠮᠤ ᠬᠤᠲᠠ ᠪᠤᠯᠤᠭᠰᠠᠨ ᠶᠤᠮ᠃       9. ᠲᠥᠨᠢᠰ ᠤᠨ ᠺᠠᠷᠳ᠋ᠾᠵ ︵Carthage︶ ᠬᠤᠲᠠ᠃ ᠺᠠᠷᠳ᠋ᠾᠵ ᠬᠤᠲᠠ ᠲᠥᠨᠢᠰ ᠤᠨ ᠨᠡᠶᠢᠰᠯᠡᠯ ᠠᠴᠠ ᠵᠡᠭᠦᠨ ᠡᠮᠥᠨᠡᠰᠢ 17 ᠺᠢᠯᠤᠮᠧᠳ᠋ᠷ ᠤᠨ ᠤᠷᠴᠢᠮ ᠪᠠᠶᠢᠷᠢᠯᠠᠵᠠᠢ᠃ ᠲᠠᠣᠬᠡᠨ ᠲᠡᠮᠲᠡᠭᠯᠡᠯ ᠢ ᠥᠨᠳᠥᠰᠥᠯᠡᠪᠡᠯ᠂ ᠺᠠᠷᠳ᠋ᠾᠵ ᠬᠤᠲᠠ ᠨᠢ ᠨᠡᠶᠢᠳᠡ ᠶᠢᠨ ᠤᠨ ᠲᠤᠭᠠᠯᠠᠯ ᠠᠴᠠ ᠡᠮᠥᠨ᠎ᠡ 9 ᠳ᠋ᠦ᠋ᠭᠡᠷ ᠵᠠᠭᠤᠨ ᠳᠤ ᠪᠠᠶᠢᠭᠤᠯᠤᠭᠳᠠᠵᠠᠢ᠃ ᠺᠠᠷᠳ᠋ᠾᠵ ᠬᠤᠲᠠ ᠪᠠᠶᠢᠭᠤᠯᠤᠭᠳᠠᠭᠰᠠᠨ ᠤ ᠲᠠᠷᠠᠭ᠎ᠠ᠂ ᠤᠯᠤᠰ ᠤᠨ ᠬᠥᠴᠥᠨ ᠴᠢᠩᠭᠠᠷᠠᠵᠤ᠂ ᠨᠤᠳᠤᠭ ᠲᠡᠪᠢᠰᠭᠡᠷ ᠲᠠᠰᠤᠷᠠᠯᠲᠠ ᠦᠬᠡᠢ ᠥᠷᠭᠡᠵᠢᠨ᠂ ᠲᠤᠬᠠᠢ ᠶᠢᠨ ᠥᠶ᠎ᠡ ᠶᠢᠨ ᠭᠠᠵᠠᠷ ᠤᠨ ᠲᠤᠮᠳᠠᠳᠤ ᠲᠠᠩᠬᠢᠰ ᠤᠷᠤᠨ ᠤ ᠤᠯᠤᠰ ᠲᠥᠷᠤ᠂ ᠠᠵᠤ ᠠᠬᠤᠢ᠂ ᠬᠤᠳᠠᠯᠳᠤᠭ᠎ᠠ ᠪᠤᠯᠤᠨ ᠲᠠᠷᠢᠶᠠᠯᠠᠩ ᠤᠨ ᠲᠥᠪ ᠤᠨ ᠨᠢᠭᠡ ᠪᠤᠯᠵᠠᠢ᠃       10. ᠢᠷᠠᠨ ᠤ ᠫᠧᠷᠰᠧᠪᠤᠯᠢᠰ ︵Persepolis︶ ᠬᠤᠲᠠ᠃ ᠫᠧᠷᠰᠧᠪᠤᠯᠢᠰ ᠬᠤᠲᠠ ᠶᠢ ᠪᠠᠶᠢᠭᠤᠯᠤᠭᠰᠠᠨ ᠬᠥᠮᠥᠨ ᠪᠤᠯ ᠫᠧᠷᠰ ᠸᠠᠩᠳᠤ ᠲᠥᠷᠥ ᠶᠢᠨ ᠰᠠᠶᠢᠷᠧᠰ ︵Cyrus︶ ᠶᠡᠭᠡ ᠬᠠᠭᠠᠨ ᠮᠥᠨ᠃ ᠲᠤᠰ ᠬᠤᠲᠠ ᠶᠢ ᠨᠡᠶᠢᠳᠡ ᠶᠢᠨ ᠤᠨ ᠲᠤᠭᠠᠯᠠᠯ ᠠᠴᠠ ᠡᠮᠥᠨ᠎ᠡ 560 ᠤᠨ ᠤ ᠦᠶ᠎ᠡ ᠳᠤ ᠪᠠᠶᠢᠭᠤᠯᠵᠤ᠂ ᠬᠡᠳᠤᠨ ᠵᠠᠭᠤᠨ ᠵᠢᠯ ᠤᠨ ᠲᠤᠷᠰᠢᠲᠠ᠂ ᠫᠧᠷᠰᠧᠪᠤᠯᠢᠰ ᠬᠤᠲᠠ ᠨᠢ ᠤᠯᠤᠰ ᠤᠨ ᠨᠡᠶᠢᠰᠯᠡᠯ ᠤᠨ ᠬᠤᠪᠢ ᠪᠠᠷ ᠥᠶ᠎ᠡ ᠥᠶ᠎ᠡ ᠪᠠᠶᠢᠭᠤᠯᠣᠭᠳᠠᠵᠣ ᠢᠷᠡᠵᠠᠢ᠃ ᠠᠷᠠᠪᠴᠤᠳ ᠤᠨ ᠫᠧᠷᠰ ᠢ ᠲᠥᠷᠢᠮᠡᠬᠡᠶᠢᠯᠡᠬᠦ ᠲᠠᠶᠢᠨ ᠤ ᠲᠤᠮᠲᠠ ᠫᠧᠷᠰᠧᠪᠤᠯᠢᠰ ᠬᠤᠲᠠ ᠤᠰᠠᠳᠴᠤ᠂ ᠠᠫᠠᠳᠠᠨᠠ ︵Apadana Palace︶ ᠤᠷᠳᠤᠨ ᠪᠤᠯ ᠲᠤᠰ ᠬᠤᠲᠠ ᠶᠢᠨ ᠬᠠᠮᠤᠭ ᠤᠨ ᠨᠡᠷᠡᠲᠡᠢ ᠲᠤᠷᠠᠰᠬᠠᠯ ᠤᠨ ᠬᠤᠲᠠ ᠪᠤᠯᠤᠨ᠎ᠠ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ