ᠣᠷᠠᠨ ᠰᠣᠳᠣᠨ ᠦᠭᠡ ︵ᠬᠤᠶᠠᠷ︶
ᠨᠡᠶᠢᠲᠡᠯᠡᠭᠰᠡᠨ ᠴᠠᠭ᠄
2023/11/21
      11. ᠠᠮᠵᠢᠯᠳᠠ ᠬᠢᠭᠡᠳ ᠢᠯᠠᠭᠳᠠᠯ ᠳᠤ ᠠᠳᠠᠯᠢᠬᠠᠨ ᠵᠦᠪ ᠢᠶᠠᠷ ᠬᠠᠨᠳᠣᠬᠤ ᠭᠡᠷᠡᠭᠳᠡᠢ᠃ ᠢᠯᠠᠭᠳᠠᠭᠰᠠᠨ ᠦᠶ᠎ᠡ ᠳᠤ ᠢᠷᠡᠭᠡᠳᠦᠢ ᠪᠠᠨ ᠠᠯᠳᠠᠭᠰᠠᠨ ᠦᠭᠡᠢ ᠶᠣᠮ ᠪᠣᠯ ᠠᠮᠵᠢᠯᠳᠠ ᠵᠠᠮ ᠲᠠᠬᠢᠨ ᠲᠣᠳᠣᠷᠠᠬᠤ ᠨᠢ ᠯᠠᠪ︕       12. ᠠᠮᠢᠳᠣᠷᠠᠯ ᠪᠣᠯ ᠲᠣᠯᠢ ᠮᠦᠨ᠃ ᠬᠡᠷᠪᠡ ᠴᠢ ᠲᠡᠭᠦᠨ ᠳᠤ ᠢᠨᠢᠶᠡᠪᠡᠯ ᠲᠡᠷᠡ ᠪᠠᠰᠠ ᠴᠢᠨᠦ ᠵᠦᠭ ᠢᠨᠢᠶᠡᠵᠦ᠂ ᠴᠢ ᠲᠡᠭᠦᠨ ᠤ ᠵᠦᠭ ᠣᠬᠢᠯᠠᠪᠠᠯ ᠲᠡᠷᠡ ᠪᠠᠰᠠ ᠴᠢᠨᠦ ᠵᠦᠭ ᠣᠬᠢᠯᠠᠵᠣ ᠦᠭᠳᠡᠭ᠃       14. ᠠᠮᠢᠳᠣᠷᠠᠯ ᠳᠤ ᠲᠠᠷᠣᠯᠳᠠ ᠪᠠᠶᠢᠮᠠᠨ ᠰᠠᠶ᠋ᠢ ᠬᠦᠳᠡᠯᠭᠡᠬᠦ ᠬᠦᠴᠦᠨ ᠲᠠᠢ᠃       15. ᠪᠢ ᠠᠮᠢᠳᠣᠷᠠᠯ ᠤᠨ ᠰᠢᠯᠭᠠᠯᠳᠠ ᠶᠢ ᠪᠠᠭᠰᠢ ᠭᠡᠵᠦ ᠦᠵᠡᠳᠡᠭ ᠪᠦᠭᠡᠳ ᠣᠳᠠᠭ᠎ᠠ ᠪᠦᠷᠢ ᠶᠢᠨ ᠰᠢᠯᠭᠠᠯᠳᠠ ᠶᠢ ᠵᠠᠪᠰᠢᠶᠠᠨ ᠢᠶᠠᠷ ᠪᠣᠳᠣᠵᠣ᠂ ᠲᠡᠭᠦᠨ ᠤ ᠠᠰᠢᠭ ᠰᠢᠮ᠎ᠡ ᠶᠢ ᠨᠢ ᠪᠦᠷᠢᠨ ᠬᠦᠷᠳᠡᠬᠦ ᠪᠠᠷ ᠭᠦᠭᠡᠭᠡᠴᠡᠯᠳᠦᠳᠡᠭ᠃       16. ᠰᠢᠯᠭᠠᠯᠳᠠ ᠶᠢᠨ ᠲᠣᠬᠠᠢ᠄ ᠰᠢᠯᠭᠠᠯᠳᠠ ᠪᠠᠷ ᠲᠠᠮᠵᠢᠨ ᠰᠠᠶ᠋ᠢ ᠦᠪᠡᠷ ᠤᠨ ᠲᠠᠪᠠᠭᠤᠯᠢᠭ᠂ ᠲᠣᠳᠠᠭᠳᠠᠯ  ᠢᠶᠠᠨ ᠲᠠᠨᠢᠵᠣ᠂ ᠪᠣᠰᠣᠳᠴᠢ ᠪᠠᠷ ᠪᠡᠶ᠎ᠡ ᠪᠠᠨ ᠦᠨᠡᠯᠡᠨ ᠨᠡᠩ ᠶᠡᠭᠡ ᠲᠠᠪᠰᠢᠯᠳᠠ ᠶᠢ ᠣᠯᠵᠣ ᠲᠡᠶᠢᠯᠦᠨ᠎ᠡ᠃ ᠮᠠᠭᠤ ᠰᠢᠯᠭᠠᠭᠤᠯᠣᠭᠰᠠᠨ ᠨᠢ ᠮᠢᠨᠦ ᠪᠠᠭᠤᠷᠠᠢ ᠭᠡᠳᠡᠭ ᠢ ᠢᠯᠡᠷᠡᠭᠦᠯᠬᠦ ᠪᠢᠰᠢ᠂ ᠬᠠᠷᠢᠨ ᠪᠣᠰᠣᠳ ᠤᠨ ᠨᠠᠳᠠ ᠠᠴᠠ ᠲᠠᠪᠠᠭᠤᠯᠢᠭ ᠭᠡᠳᠡᠭ ᠢ ᠭᠡᠷᠡᠴᠢᠯᠡᠨ᠎ᠡ᠃ ᠪᠢ ᠲᠡᠳᠡᠨ ᠰᠣᠷᠣᠯᠴᠠᠵᠣ ᠲᠣᠳᠠᠭᠳᠠᠯ ᠢᠶᠠᠨ ᠬᠢᠨᠠᠵᠣ ᠨᠦᠬᠦᠪᠦᠷᠢᠯᠡᠬᠦ ᠨᠢ ᠲᠠᠭᠠᠷᠠᠨ᠎ᠠ᠃ ᠰᠢᠯᠭᠠᠯᠳᠠ ᠪᠣᠯ ᠪᠢᠳᠡᠨ ᠤ ᠮᠡᠳᠡᠯᠭᠡ ᠴᠢᠳᠠᠪᠣᠷᠢ ᠶᠢ ᠬᠡᠮᠵᠢᠶᠡᠯᠡᠨ ᠪᠠᠷᠢᠮᠵᠢᠶᠠᠯᠠᠬᠤ ᠬᠡᠮᠵᠢᠭᠦᠷ ᠪᠢᠰᠢ᠂ ᠬᠠᠷᠢᠨ ᠪᠢᠳᠡᠨ ᠤ ᠬᠡᠪ ᠪᠣᠯᠪᠠᠰᠣᠷᠠᠯ ᠢ ᠲᠠᠪᠳᠠᠨ ᠪᠣᠯᠪᠠᠰᠣᠷᠠᠭᠤᠯᠬᠤ ᠬᠠᠮᠤᠭ ᠰᠠᠶᠢᠨ ᠲᠣᠬᠢᠶᠠᠯ ᠮᠦᠨ᠃       17. ᠬᠦᠮᠦᠨ ᠤ ᠠᠮᠢᠳᠣᠷᠠᠯ ᠤᠨ ᠣᠷᠳᠣᠬᠠᠨ ᠶᠠᠪᠣᠴᠠ ᠶᠢ ᠭᠤᠷᠪᠠᠨ ᠴᠠᠭ ᠲᠤ ᠬᠤᠷᠢᠶᠠᠩᠭᠤᠶᠢᠯᠠᠳᠠᠭ᠃ ᠦᠩᠭᠡᠷᠡᠭᠰᠡᠨ ᠪᠣᠯ ᠡᠨᠧᠷᠬᠢ ᠶᠢᠨ ᠴᠣᠭᠯᠠᠷᠠᠯ ᠮᠦᠨ᠂ ᠦᠨᠦ ᠡᠳᠦᠷ ᠪᠣᠯ ᠡᠨᠧᠷᠬᠢ ᠶᠢᠨ ᠠᠰᠢᠭᠯᠠᠮᠵᠢ᠂ ᠢᠷᠡᠭᠡᠳᠦᠢ  ᠶᠢᠨ ᠪᠠᠳᠣ ᠰᠠᠭᠤᠷᠢ ᠶᠢᠨ ᠴᠣᠭᠴᠠᠯᠠᠯ ᠮᠦᠨ᠃ ᠢᠷᠡᠭᠡᠳᠦᠢ ᠪᠣᠯ ᠡᠨᠧᠷᠬᠢ ᠶᠢᠨ ᠣᠷᠪᠠᠯ᠂ ᠬᠦᠳᠡᠯᠭᠡᠬᠦ ᠬᠦᠴᠦᠨ᠂ ᠪᠦᠳᠦᠭᠡᠨ ᠪᠠᠶᠢᠭᠤᠯᠵᠣ ᠪᠠᠶᠢᠭ᠎ᠠ ᠭᠡᠷᠡᠯ ᠰᠠᠴᠣᠷᠠᠩᠭᠤᠢ ᠦᠢᠯᠠᠰ ᠪᠣᠯᠣᠨ᠎ᠠ᠃ ᠦᠴᠦᠭᠡᠳᠦᠷ ᠢᠶᠠᠨ ᠲᠣᠳᠣᠷᠬᠠᠢ ᠬᠠᠷᠠᠵᠣ᠂ ᠦᠨᠦ ᠡᠳᠦᠷ ᠢᠶᠠᠨ ᠯᠠᠪᠳᠠᠭᠤᠨ ᠪᠠᠳᠣᠳᠠᠢ ᠪᠠᠷ ᠡᠵᠡᠮᠰᠢᠨ᠂ ᠮᠠᠷᠭᠠᠰᠢ ᠳᠤ ᠪᠠᠨ ᠪᠠᠶᠠᠷ ᠪᠠᠶᠠᠰᠬᠤᠯᠠᠩᠳᠠᠢ ᠪᠠᠷ ᠬᠠᠨᠳᠣᠨ᠎ᠠ᠃       18. ᠡᠳᠦᠷ ᠤᠨ ᠴᠠᠭ ᠢ ᠣᠷᠳᠣᠳᠬᠠᠬᠤ ᠬᠠᠮᠤᠭ ᠰᠠᠶᠢᠨ ᠠᠷᠭ᠎ᠠ ᠪᠣᠯ ᠣᠷᠣᠢ ᠶᠢᠨ ᠬᠡᠳᠦᠨ ᠴᠠᠭ ᠢ ᠬᠤᠯᠠᠭᠠᠶᠢᠯᠠᠵᠣ ᠬᠡᠷᠡᠭᠯᠡᠬᠦ ᠶᠠᠪᠣᠳᠠᠯ ᠪᠣᠯᠣᠨ᠎ᠠ᠃       19. ᠡᠷᠬᠡ ᠴᠢᠯᠦᠭᠡᠳᠡᠢ ᠪᠠᠶᠢᠬᠤ ᠲᠣᠷ᠎ᠠ ᠲᠠᠪᠠ ᠪᠠᠷ ᠢᠶᠠᠨ ᠶᠠᠪᠣᠬᠤ ᠲᠠᠢ ᠬᠡᠵᠢᠶᠡᠳᠡ ᠲᠡᠩᠴᠡᠭᠦᠦ ᠲᠡᠮᠳᠡᠭ ᠲᠠᠯᠪᠢᠳᠠᠭ ᠦᠭᠡᠢ᠃       20. ᠬᠦᠮᠦᠨ ᠭᠡᠵᠦ ᠲᠣᠰ ᠪᠡᠶ᠎ᠡ ᠪᠠᠷ ᠢᠶᠠᠨ ᠨᠢᠭᠡᠨ ᠨᠣᠮ ᠪᠠᠶᠢᠵᠣ ᠶᠠᠮᠠᠷ ᠨᠢᠭᠡᠨ ᠬᠦᠮᠦᠨ ᠤ ᠪᠡᠶ᠎ᠡ ᠠᠴᠠ ᠲᠡᠭᠦᠨ ᠤ ᠠᠮᠢᠳᠣᠷᠠᠯ᠂ ᠭᠡᠷ ᠪᠦᠯᠢ ᠶᠢ ᠣᠯᠵᠣ ᠬᠠᠷᠠᠵᠣ ᠪᠣᠯᠣᠨ᠎ᠠ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ