ᠣᠷᠠᠨ ᠰᠣᠳᠣᠨ ᠦᠭᠡ ︵ᠭᠤᠷᠪᠠ︶
ᠨᠡᠶᠢᠲᠡᠯᠡᠭᠰᠡᠨ ᠴᠠᠭ᠄
2023/11/21
      21. ᠰᠠᠶᠢᠬᠠᠨ ᠠᠴᠠ ᠬᠠᠶᠢᠷᠠᠯᠠᠯᠳᠠᠢ ᠪᠣᠯᠣᠭᠰᠠᠨ ᠪᠢᠰᠢ᠂ ᠬᠠᠷᠢᠨ ᠬᠠᠶᠢᠷᠠᠯᠠᠯᠳᠠᠢ ᠠᠴᠠ ᠰᠠᠶ᠋ᠢ ᠰᠠᠶᠢᠬᠠᠨ ᠪᠣᠯᠣᠭᠰᠠᠨ ᠶᠣᠮ᠃       22. ᠶᠢᠷᠳᠢᠨᠴᠦ ᠲᠡᠭᠡᠷᠡᠬᠢ ᠬᠠᠮᠤᠭ ᠤᠨ ᠭᠤᠶᠣ ᠴᠡᠴᠡᠭ ᠪᠣᠯ ᠬᠦᠮᠦᠨ ᠤ ᠬᠠᠴᠠᠷ ᠲᠡᠭᠡᠷ᠎ᠡ ᠲᠡᠯᠭᠡᠷᠡᠵᠦ ᠪᠠᠶᠢᠳᠠᠭ᠃ ᠲᠡᠷᠡ ᠪᠣᠯ ᠢᠨᠢᠶᠡᠮᠰᠦᠭᠯᠡᠯ ᠪᠣᠯᠣᠨ᠎ᠠ᠃       23. ᠠᠵᠠ ᠵᠠᠪᠰᠢᠶᠠᠨ — ᠪᠡᠯᠡᠳᠭᠡᠯ ᠲᠠᠢ ᠬᠦᠮᠦᠨ ᠳᠤ ᠰᠠᠶ᠋ᠢ ᠲᠣᠬᠢᠶᠠᠯᠳᠣᠳᠠᠭ᠃       24. ᠶᠠᠭᠠᠬᠢᠭᠠᠳ ᠮᠢᠨᠦ ᠨᠢᠳᠦᠨ ᠳᠤ ᠬᠡᠵᠢᠶᠡᠳᠡ ᠨᠢᠯᠪᠣᠰᠣ ᠲᠠᠢ ᠪᠠᠶᠢᠳᠠᠭ ᠪᠣᠢ︖ ᠣᠴᠢᠷ ᠨᠢ᠂ ᠪᠢ ᠡᠨᠡ ᠬᠦ ᠦᠯᠦᠭᠡᠢ ᠨᠣᠳᠤᠭ ᠲᠤ ᠪᠠᠨ ᠬᠢᠵᠠᠭᠠᠯᠠᠰᠢ ᠦᠭᠡᠢ ᠬᠠᠶᠢᠷᠠᠳᠠᠢ ᠠᠴᠠ ᠪᠣᠯᠵᠠᠢ᠃       25. ᠨᠢᠭᠡ ᠪᠦᠷᠢᠨ ᠪᠦᠳᠦᠨ ᠦᠨᠳᠦᠰᠦᠳᠡᠨ ᠤ ᠣᠷᠣᠰᠢᠨ ᠲᠣᠭᠳᠠᠨᠢᠬᠤ ᠶᠢᠨ ᠵᠠᠩᠬᠢᠯᠠᠭ᠎ᠠ ᠨᠢ ᠦᠨᠳᠦᠰᠦᠳᠡᠨ ᠤ ᠢᠳᠡᠭᠡᠯ ᠪᠢᠰᠢᠷᠡᠯ᠂ ᠰᠣᠶᠣᠯ ᠣᠳᠣᠮᠰᠢᠯ ᠪᠣᠯᠣᠨ᠎ᠠ᠃       26. ᠨᠢᠭᠡ ᠦᠨᠳᠦᠰᠦᠳᠡᠨ ᠮᠠᠨᠳᠣᠨ ᠲᠡᠭᠵᠢᠷᠡᠬᠦ ᠳᠤ ᠬᠠᠮᠤᠭ ᠤᠨ ᠴᠢᠬᠤᠯᠠ ᠱᠠᠭᠠᠷᠳᠠᠬᠤ ᠨᠢ ᠲᠡᠭᠦᠨ ᠤ ᠲᠣᠳᠣᠭᠠᠳᠣ ᠡᠯ᠎ᠡ ᠵᠦᠢᠯ ᠤᠨ ᠪᠦᠳᠦᠭᠡᠨ ᠪᠠᠶᠢᠭᠤᠯᠬᠤ ᠴᠢᠨᠠᠷᠳᠠᠢ ᠠᠵᠢᠯ ᠪᠣᠯᠣᠨ᠎ᠠ᠃ ︵ᠲᠧᠭᠤᠷ ᠤᠨ ᠦᠭᠡ︶       27. ᠮᠣᠩᠭᠤᠯ ᠬᠦᠮᠦᠨ᠄ ᠣᠷᠭ᠎ᠠ ᠣᠷᠣᠯᠠᠭᠰᠠᠨ ᠪᠢᠷ ᠨᠢ ᠪᠣᠰᠤᠭ᠎ᠠ᠂ ᠣᠷᠠᠯᠠᠵᠣ ᠪᠢᠴᠢᠬᠦ ᠦᠰᠦᠭ ᠨᠢ ᠵᠣᠭᠰᠤᠭ᠎ᠠ᠂ ᠣᠷᠣᠭᠰᠢ ᠲᠠᠪᠰᠢᠬᠤ ᠵᠠᠮ ᠨᠢ ᠰᠠᠷᠠᠭᠤᠯ᠂ ᠣᠷᠣᠯᠳᠣᠵᠣ ᠶᠠᠪᠣᠬᠤ ᠵᠣᠷᠢᠭ ᠨᠢ ᠬᠠᠳᠠᠭᠤ᠃ ︵ᠪᠠᠳᠮ᠎ᠠ ᠶᠢᠨ ᠰᠢᠯᠦᠭ︶       28. ᠦᠪᠦᠷ ᠮᠣᠩᠭᠤᠯ ᠤᠨ ᠨᠢᠭᠡ ᠮᠣᠩᠭᠤᠯ ᠬᠡᠯᠡᠨ ᠳᠤ ᠪᠠᠷᠣᠭᠳᠠᠢ ᠬᠡᠦᠬᠡᠨ ᠬᠤᠯᠠᠨᠳ᠋ ᠣᠯᠣᠰ ᠲᠤ ᠰᠣᠷᠣᠯᠴᠠᠬᠤ ᠬᠤᠭᠤᠴᠠᠭᠠᠨ ᠳᠤ ᠬᠤᠯᠠᠨᠳ᠋ ᠬᠦᠮᠦᠨ ᠲᠡᠭᠦᠨ ᠠᠴᠠ᠄ ︽ᠲᠠᠨ ᠤ ᠲᠡᠨᠳᠡᠬᠢ ᠮᠣᠩᠭᠤᠯᠴᠣᠳ ᠦᠪᠡᠷ ᠤᠨ ᠦᠭᠡ ᠬᠡᠯᠡ ᠪᠠᠨ ᠪᠦᠷ ᠴᠢᠮ᠎ᠠ ᠰᠢᠭ᠋ ᠮᠠᠭᠤᠬᠠᠨ ᠶᠠᠷᠢᠳᠠᠭ ᠦᠦ︖︾ ᠭᠡᠵᠦ ᠠᠰᠠᠭᠤᠵᠠᠢ᠃ ᠲᠡᠷᠡ ᠬᠡᠦᠬᠡᠨ᠄ ︽ᠦᠭᠡᠢ᠂ ᠮᠠᠨ ᠤ ᠲᠡᠨᠳᠡ ᠨᠠᠳᠠ ᠠᠴᠠ ᠰᠠᠶᠢᠬᠠᠨ ᠶᠠᠷᠢᠳᠠᠭ ᠮᠣᠩᠭᠤᠯᠴᠣᠳ ᠣᠯᠠᠨ ᠪᠠᠶᠢᠨ᠎ᠠ︾ ᠭᠡᠵᠡᠢ᠃ ᠲᠡᠭᠡᠬᠦ ᠳᠤ ᠲᠡᠷᠡ ᠬᠤᠯᠠᠨᠳ᠋ ᠬᠦᠮᠦᠨ ᠄ ︽ᠪᠢᠳᠡ ᠨᠠᠷ ᠪᠠᠶᠢᠳᠠᠯ᠎ᠠ ᠲᠠᠨ ᠤ ᠦᠨᠳᠦᠰᠦᠳᠡᠨ ᠢ ᠲᠦᠢᠯ ᠢᠶᠠᠷ ᠪᠢᠰᠢᠷᠡᠨ ᠬᠦᠨᠳᠦᠳᠭᠡᠵᠦ᠂ ᠲᠠᠨ  ᠤ ᠬᠡᠯᠡ ᠶᠢ ᠰᠣᠷᠣᠯᠴᠠᠶ᠎ᠠ ᠭᠡᠵᠦ ᠪᠣᠳᠣᠳᠠᠭ ᠪᠠᠶᠢᠬᠤ ᠳᠤ ᠲᠠ ᠨᠠᠷ ᠶᠠᠭᠤᠨ ᠤ ᠣᠴᠢᠷ ᠠᠴᠠ ᠦᠪᠡᠷ ᠤᠨ ᠲᠦᠷᠦᠯᠬᠢ ᠬᠡᠯᠡ ᠪᠠᠨ ᠰᠣᠷᠣᠯᠴᠠᠳᠠᠭ ᠦᠭᠡᠢ ᠪᠣᠢ︖ ᠨᠢᠭᠡ ᠬᠦᠮᠦᠨ ᠬᠡᠷᠪᠡ ᠦᠪᠡᠷ ᠤᠨ ᠲᠦᠷᠦᠯᠬᠢ ᠬᠡᠯᠡ ᠪᠠᠨ ᠬᠡᠯᠡᠵᠦ ᠴᠢᠳᠠᠬᠤ ᠦᠭᠡᠢ ᠪᠣᠯ ᠲᠡᠷᠡ ᠬᠦᠮᠦᠨ ᠪᠦᠷᠢᠨ ᠪᠦᠳᠦᠨ ᠬᠦᠮᠦᠨ ᠪᠢᠰᠢ︕︾ ᠭᠡᠵᠡᠢ᠃ ︵ᠬᠤᠣᠰᠪᠠᠶᠠᠷ ᠤᠨ ᠵᠣᠬᠢᠶᠠᠯ  ᠠᠴᠠ︶       29. ︽ᠲᠡᠯᠡᠬᠡᠢ ᠶᠢᠨ ᠡᠳ᠋ ᠪᠠᠶᠠᠯᠢᠭ ᠪᠦᠬᠦᠨ ᠢᠪᠷᠠᠶᠢᠴᠣᠳ ᠤᠨ ᠬᠠᠷᠮᠠᠨ ᠳᠤ ᠪᠣᠢ᠂ ᠢᠪᠷᠠᠶᠢᠴᠣᠳ ᠤᠨ ᠡᠳ᠋ ᠪᠠᠶᠠᠯᠢᠭ ᠪᠦᠬᠦᠨ ᠲᠡᠳᠡᠨ ᠤ ᠲᠠᠷᠢᠬᠢᠨ ᠳᠤ ᠪᠣᠢ︾ ᠭᠡᠳᠡᠭ ᠢ ︽ᠲᠡᠯᠡᠬᠡᠢ ᠶᠢᠨ ᠡᠳ᠋ ᠪᠠᠶᠠᠯᠢᠭ ᠪᠦᠬᠦᠨ ᠮᠣᠩᠭᠤᠯᠴᠣᠳ ᠤᠨ ᠬᠠᠷᠮᠠᠨ ᠳᠤ ᠪᠣᠢ᠂ ᠮᠣᠩᠭᠤᠯᠴᠣᠳ ᠤᠨ ᠡᠳ᠋ ᠪᠠᠶᠠᠯᠢᠭ ᠪᠦᠬᠦᠨ ᠲᠡᠳᠡᠨ ᠤ ᠲᠠᠷᠢᠬᠢᠨ ᠳᠤ ᠪᠣᠢ︾ ᠭᠡᠵᠦ ᠡᠷᠡᠰ ᠦᠭᠡᠷᠡᠴᠢᠯᠡᠬᠦ ᠪᠠᠷ ᠰᠡᠳᠬᠢᠯ ᠨᠢᠭᠡᠳᠦᠨ ᠮᠡᠷᠡᠶᠢᠵᠡᠭᠡᠶ᠎ᠡ︕ ︵ᠵᠢ᠊᠂ ᠠᠯᠳᠠᠨᠴᠢᠮᠡᠭ ᠤᠨ ᠵᠣᠬᠢᠶᠠᠯ ᠠᠴᠠ︶       30. ᠫᠸᠧᠯ ᠺᠣᠷᠴᠢᠬᠢᠨ ᠴᠦ ᠲᠡᠷᠡ᠂ ᠪᠧᠷᠺᠠᠶᠢᠼᠢ ᠴᠦ ᠪᠣᠯᠤᠭ᠂ ᠲᠡᠳᠡ ᠪᠦᠷ ᠬᠦᠮᠦᠨ ᠲᠦᠷᠦᠯᠬᠢᠳᠡᠨ ᠤ ᠬᠦᠭᠵᠢᠯ ᠲᠠᠪᠰᠢᠯᠳᠠ ᠳᠤ ᠬᠤᠪᠢ ᠵᠢᠳᠭᠦᠯ ᠭᠠᠷᠭᠠᠬᠤ ᠢᠳᠡᠭᠡᠯ ᠪᠢᠰᠢᠷᠡᠯ ᠲᠠᠢ ᠬᠦᠮᠦᠰ᠃ ᠪᠢᠳᠡ ᠪᠦᠷ ᠦᠪᠡᠷ ᠤᠨ ᠢᠳᠡᠭᠡᠯ ᠪᠢᠰᠢᠷᠡᠯ ᠤᠨ ᠢᠶᠠᠨ ᠲᠦᠯᠦᠭᠡ ᠬᠦᠭᠡᠭᠡᠴᠡᠯᠳᠦᠳᠡᠭ᠃ ᠶᠠᠭ ᠡᠶᠢᠮᠦᠷᠬᠦ ᠢᠳᠡᠭᠡᠯ ᠪᠢᠰᠢᠷᠡᠯ ᠤᠨ ᠲᠦᠯᠦᠭᠡ ᠨᠠᠰᠣ ᠪᠠᠷ ᠢᠶᠠᠨ ᠲᠡᠮᠡᠴᠡᠬᠦ ᠵᠣᠷᠢᠭ ᠰᠠᠨᠠᠭ᠎ᠠ ᠨᠢ ᠰᠠᠶ᠋ᠢ ᠲᠡᠳᠡᠨ ᠤ ᠣᠶᠣᠨ ᠰᠠᠨᠠᠭ᠎ᠠ ᠪᠦᠷ ᠠᠭᠤᠣ ᠶᠡᠭᠡ ᠬᠦᠮᠦᠰ ᠪᠣᠯᠬᠤ ᠶᠢ ᠲᠣᠭᠳᠠᠭᠠᠭᠰᠠᠨ ᠶᠣᠮ᠃ ︵ᠰᠠᠷᠠᠨᠪᠣᠯᠣᠷ ᠤᠨ ᠵᠣᠬᠢᠶᠠᠯ ᠠᠴᠠ︶ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ