ᠣᠷᠠᠨ ᠰᠣᠳᠣᠨ ᠦᠭᠡ ︵ᠳᠥᠷᠪᠡ︶
ᠨᠡᠶᠢᠲᠡᠯᠡᠭᠰᠡᠨ ᠴᠠᠭ᠄
2023/11/21
      31. ᠦᠷᠢᠰᠦᠯᠳᠦᠬᠦ ᠶᠢᠨ ᠬᠠᠮᠤᠭ ᠶᠡᠭᠡ ᠠᠮᠵᠢᠯᠳᠠ ᠨᠢ ᠦᠪᠡᠷ ᠢ ᠪᠠᠨ ᠢᠯᠠᠬᠤ ᠪᠣᠯᠣᠨ᠎ᠠ᠃       32. ᠨᠢᠭᠡᠨᠳᠡ ᠰᠣᠩᠭᠤᠴᠢᠬᠠᠭᠰᠠᠨ ᠵᠠᠮ ᠪᠣᠯ ᠪᠢᠳᠡᠭᠡᠢ ᠣᠬᠤᠷᠢᠭᠠᠴᠢ︕ ᠠᠮᠢᠳᠣᠷᠠᠯ ᠣᠳᠠᠭ᠎ᠠ ᠪᠦᠷᠢ ᠴᠢᠮ᠎ᠠ ᠳᠤ ᠬᠤᠶᠠᠳᠣᠭᠠᠷ ᠰᠣᠩᠭᠤᠯᠳᠠ ᠦᠭᠬᠦ ᠦᠭᠡᠢ ᠶᠣᠮ᠃       33. ᠪᠢ ᠢᠳᠡᠭᠡᠯ ᠲᠠᠢ᠂ ᠭᠡᠪᠡᠴᠦ ᠣᠮᠣᠷᠬᠠᠭ ᠪᠢᠰᠢ᠂ ᠪᠢ ᠵᠣᠷᠢᠭ ᠲᠠᠢ᠂ ᠭᠡᠪᠡᠴᠦ ᠪᠠᠯᠠᠢ ᠪᠢᠰᠢ᠃       34. ᠲᠡᠯᠡᠬᠡᠢ ᠲᠡᠭᠡᠷ᠎ᠡ ᠢᠵᠢᠯ ᠨᠢᠭᠡᠨ ᠮᠣᠳᠣᠨ ᠨᠠᠪᠴᠢ ᠦᠭᠡᠢ ᠲᠠᠢ ᠠᠳᠠᠯᠢ ᠪᠠᠷ ᠪᠢ ᠪᠠᠰᠠ ᠣᠯᠠᠨ ᠠᠴᠠ ᠣᠨᠳᠣᠣ ᠠᠭᠠᠰᠢ ᠵᠠᠩ᠂ ᠲᠠᠳᠬᠠᠯ ᠪᠠᠶᠢᠳᠠᠭ᠃ ᠮᠢᠨᠦ ᠬᠠᠮᠤᠭ ᠲᠣᠭᠤᠳᠠᠭ ᠦᠭᠡ ᠪᠣᠯ ︽ᠡᠳᠦᠷ ᠪᠦᠷᠢ ᠲᠠᠰᠣᠷᠠᠯᠳᠠ ᠦᠭᠡᠢ ᠴᠢᠷᠮᠠᠶᠢᠨ᠎ᠠ︕︾       35. ᠣᠳᠠᠭᠠᠨ ᠠᠴᠠ ᠠᠶᠣᠬᠤ ᠦᠭᠡᠢ᠂ ᠵᠣᠭᠰᠣᠬᠤ ᠠᠴᠠ ᠯᠡ ᠠᠶᠣᠨ᠎ᠠ᠃       36. ᠰᠣᠷᠣᠯᠴᠠᠯᠭ᠎ᠠ ᠪᠣᠯ ᠣᠷᠣᠰᠬᠠᠯ ᠰᠦᠷᠬᠦ ᠣᠩᠭᠤᠴᠠ ᠮᠡᠳᠦ᠂ ᠣᠷᠣᠭᠰᠢᠯᠠᠬᠤ ᠦᠭᠡᠢ ᠪᠣᠯ ᠲᠠᠷᠣᠢ ᠣᠬᠤᠷᠢᠮᠣᠢ᠃       37. ᠬᠦᠮᠦᠰ ᠨᠠᠳᠠ ᠠᠴᠠ᠄ ︽ᠴᠢ ᠶᠠᠭᠠᠬᠢᠭᠠᠳ ᠵᠠᠰᠠᠵᠣ ᠭᠤᠶᠣᠯᠠᠬᠤ ᠦᠭᠡᠢ ᠪᠣᠢ︖︾ ᠭᠡᠵᠦ ᠠᠰᠠᠭᠤᠳᠠᠭ᠃ ᠪᠢ ᠦᠵᠡᠪᠡᠯ ᠵᠠᠯᠠᠭᠤ ᠨᠠᠰᠣ ᠪᠣᠯ ᠬᠠᠮᠤᠭ ᠰᠠᠶᠢᠬᠠᠨ ᠵᠠᠰᠠᠵᠣ ᠭᠤᠶᠣᠯᠠᠬᠤ ᠡᠳ᠋ ᠮᠦᠨ᠃       38. ᠪᠢ ᠬᠡᠵᠢᠶᠡᠳᠡ ᠪᠣᠰᠣᠳ ᠬᠦᠮᠦᠨ ᠤ ᠨᠠᠳᠠ ᠳᠤ ᠣᠯᠭᠤᠭᠰᠠᠨ ᠪᠡᠯᠡᠨ ᠵᠠᠮ ᠢᠶᠠᠷ ᠠᠶᠠᠯᠠᠳᠠᠭ ᠦᠭᠡᠢ᠂ ᠮᠢᠨᠦ ᠪᠣᠳᠣᠬᠤ ᠪᠠᠷ᠂ ᠪᠢ ᠦᠪᠡᠷ ᠤᠨ ᠵᠠᠮ ᠢᠶᠠᠨ ᠦᠪᠡᠷ ᠢᠶᠠᠨ ᠣᠯᠬᠤ ᠬᠡᠷᠡᠭᠳᠡᠢ᠃ ᠪᠢ ᠬᠡᠵᠢᠶᠡᠳᠡ ᠪᠣᠰᠣᠳ ᠤᠨ ᠰᠠᠨᠠᠯ ᠢᠶᠠᠷ ᠣᠷᠣᠳᠠᠭ ᠦᠭᠡᠢ᠂ ᠮᠢᠨᠦ ᠪᠣᠳᠣᠬᠤ ᠪᠠᠷ᠂ ᠪᠢ ᠦᠪᠡᠷ ᠤᠨ ᠰᠠᠨᠠᠭ᠎ᠠ ᠵᠣᠷᠢᠯᠳᠠ ᠪᠠᠷ ᠢᠶᠠᠨ ᠴᠢᠷᠮᠠᠶᠢᠨ᠂ ᠠᠮᠵᠢᠯᠳᠠ ᠣᠯᠪᠠᠯ ᠲᠡᠭᠦᠨ ᠢᠶᠠᠨ ᠪᠠᠷᠢᠮᠳᠠᠯᠠᠨ᠂ ᠢᠯᠠᠭᠳᠠᠪᠠᠯ ᠲᠠᠬᠢᠨ ᠪᠣᠰᠣᠳ ᠠᠷᠭ᠎ᠠ ᠪᠠᠷ ᠬᠢᠳᠡᠭ᠃ ᠪᠢ ᠬᠡᠵᠢᠶᠡᠳᠡ ᠢᠨᠢᠶᠡᠮᠰᠦᠩᠭᠦᠢ ᠴᠢᠷᠠᠢ ᠪᠠᠷ ᠪᠣᠰᠣᠳ ᠲᠤ ᠬᠠᠨᠳᠣᠳᠠᠭ᠂ ᠮᠢᠨᠦ ᠦᠵᠡᠬᠦ ᠪᠠᠷ ᠶᠠᠭᠠᠬᠢᠭᠰᠠᠨ ᠴᠦ ᠦᠪᠡᠷ ᠤᠨ ᠵᠣᠪᠠᠨᠢᠩᠭᠤᠢ ᠪᠣᠶᠣ ᠣᠴᠠᠭᠠᠷᠯᠠᠩᠭᠤᠢ ᠰᠡᠳᠬᠢᠯᠭᠡ ᠪᠠᠷ ᠪᠣᠰᠣᠳ ᠲᠤ ᠬᠠᠨᠳᠣᠵᠣ ᠪᠣᠰᠣᠳ ᠢ ᠨᠦᠯᠦᠭᠡᠯᠡᠵᠦ ᠪᠣᠯᠬᠤ ᠦᠭᠡᠢ᠃ ᠪᠢ ᠬᠡᠵᠢᠶᠡᠳᠡ ᠦᠪᠡᠷ ᠤᠨ ᠵᠣᠪᠠᠯ ᠵᠦᠳᠡᠭᠦᠷᠢ ᠪᠠᠨ ᠰᠡᠳᠬᠢᠯ ᠳᠤ ᠪᠠᠨ ᠠᠭᠤᠯᠵᠣ ᠦᠪᠡᠷ ᠢᠶᠠᠨ ᠲᠡᠭᠦᠨ  ᠢᠶᠠᠨ ᠡᠭᠦᠷᠭᠡᠯᠡᠨ ᠶᠠᠪᠣᠵᠣ ᠵᠣᠪᠠᠯ ᠵᠦᠳᠡᠭᠦᠷᠢ ᠶᠢ ᠲᠡᠰᠪᠦᠷᠢᠯᠡᠬᠦ ᠴᠢᠳᠠᠪᠣᠷᠢ ᠪᠠᠨ ᠲᠡᠭᠡᠭᠰᠢᠯᠡᠬᠦᠯᠳᠡᠭ᠃ ᠪᠢ ᠬᠡᠵᠢᠶᠡᠳᠡ ᠵᠦᠷᠢᠭᠦᠦ ᠪᠠᠶᠢᠳᠠᠭ᠂ ᠦᠪᠡᠷ ᠤᠨ ᠲᠣᠷ᠎ᠠ ᠦᠭᠡᠢ ᠶᠠᠭᠤᠮ᠎ᠠ ᠪᠠᠨ ᠬᠢᠳᠡᠭ ᠦᠭᠡᠢ᠂ ᠲᠡᠷᠡ ᠴᠢᠨᠢ ᠦᠪᠡᠷ ᠤᠨ ᠴᠠᠭ  ᠢᠶᠠᠨ ᠪᠦᠷᠢᠯᠭᠡᠵᠦ ᠪᠠᠶᠢᠭ᠎ᠠ ᠬᠡᠷᠡᠭ᠃ ᠪᠢ ᠬᠡᠵᠢᠶᠡᠳᠡ ᠮᠡᠷᠡᠶᠢᠨ ᠴᠢᠷᠮᠠᠶᠢᠳᠠᠭ᠂ ᠣᠴᠢᠷ ᠨᠢ ᠭᠠᠭᠴᠠ ᠬᠦ ᠮᠡᠷᠡᠶᠢᠨ ᠴᠢᠷᠮᠠᠶᠢᠪᠠᠯ ᠰᠠᠶ᠋ᠢ ᠦᠪᠡᠷ ᠤᠨ ᠬᠤᠪᠢ ᠲᠠᠪᠢᠯᠠᠩ ᠢᠶᠠᠨ ᠦᠭᠡᠷᠡᠴᠢᠯᠡᠵᠦ ᠴᠢᠳᠠᠨ᠎ᠠ᠃       39. ᠪᠢ ᠡᠷᠡᠭᠦᠯ ᠴᠢᠬᠢᠷᠠᠭ ᠬᠤᠶᠠᠷ ᠬᠦᠯ ᠣᠢ ᠪᠢᠯᠢᠭ ᠲᠠᠢ ᠶᠡᠭᠡ ᠲᠠᠷᠢᠬᠢ ᠲᠠᠢ ᠪᠠᠶᠢᠬᠤ ᠶᠢ ᠬᠦᠰᠡᠨ᠎ᠡ᠃       40. ᠣᠮᠣᠷᠬᠠᠭ ᠵᠠᠩ ᠪᠣᠯ ᠣᠷᠭ᠎ᠠ ᠪᠠᠨ ᠬᠤᠭᠤᠯᠣᠭᠤᠯᠣᠭᠰᠠᠨ ᠡᠮᠨᠢᠭᠴᠢᠨ ᠰᠢᠭ ᠣᠯᠠᠨ ᠤ ᠲᠣᠭᠤᠰᠣᠨ  ᠠᠴᠠ ᠬᠤᠴᠣᠷᠣᠨ᠎ᠠ᠃ ᠭᠤᠳᠣᠷᠠᠩᠭᠤᠢ ᠵᠠᠩ ᠪᠣᠯ ᠲᠠᠯᠠᠪᠴᠢ ᠪᠠᠨ ᠬᠠᠶᠢᠴᠢᠯᠠᠭᠤᠯᠣᠭᠰᠠᠨ ᠪᠦᠷᠭᠦᠳ ᠰᠢᠭ ᠲᠡᠭᠷᠢ ᠳᠤ ᠭᠠᠷᠴᠣ ᠲᠡᠶᠢᠯᠬᠦ ᠦᠭᠡᠢ᠃ ᠡᠨᠡ ᠬᠤᠶᠠᠷ ᠪᠣᠯ ᠴᠢᠳᠠᠪᠣᠷᠢᠳᠠᠨ ᠪᠣᠯᠬᠤ ᠵᠠᠮ ᠳᠠᠬᠢ ᠶᠡᠭᠡ ᠴᠡᠭᠡᠷ ᠶᠣᠮ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ