ᠣᠷᠠᠨ ᠰᠣᠳᠣᠨ ᠦᠭᠡ ︵ᠲᠠᠪᠤ︶
ᠨᠡᠶᠢᠲᠡᠯᠡᠭᠰᠡᠨ ᠴᠠᠭ᠄
2023/11/21
      41. ᠬᠦᠮᠦᠨ ᠣᠷᠴᠢᠨ ᠲᠣᠭᠤᠷᠢᠨ ᠢᠶᠠᠨ ᠦᠭᠡᠷᠡᠴᠢᠯᠡᠵᠦ ᠲᠡᠶᠢᠯᠬᠦ ᠦᠭᠡᠢ ᠪᠣᠯᠪᠠᠴᠣ ᠦᠪᠡᠷ ᠢ ᠪᠠᠨ ᠦᠭᠡᠷᠡᠴᠢᠯᠡᠵᠦ ᠪᠣᠯᠣᠨ᠎ᠠ᠃ ᠬᠦᠮᠦᠨ ᠪᠣᠳᠠᠳᠣ ᠬᠡᠷᠡᠭ ᠢ ᠬᠤᠪᠢᠷᠠᠭᠤᠯᠵᠣ ᠲᠡᠶᠢᠯᠬᠦ ᠦᠭᠡᠢ ᠪᠣᠯᠪᠠᠴᠣ ᠣᠪᠣᠷ ᠢᠶᠠᠨ ᠬᠤᠪᠢᠷᠠᠭᠤᠯᠵᠣ ᠴᠢᠳᠠᠨ᠎ᠠ᠃ ᠬᠦᠮᠦᠨ ᠦᠩᠭᠡᠷᠡᠭᠰᠡᠨ ᠢᠶᠠᠨ ᠦᠭᠡᠷᠡᠴᠢᠯᠡᠵᠦ ᠲᠡᠶᠢᠯᠬᠦ ᠦᠭᠡᠢ ᠪᠣᠯᠪᠠᠴᠣ ᠣᠳᠣᠬᠢ ᠪᠠᠨ ᠦᠭᠡᠷᠡᠴᠢᠯᠡᠵᠦ ᠪᠣᠯᠣᠨ᠎ᠠ᠃ ᠬᠦᠮᠦᠨ ᠪᠣᠰᠣᠳ ᠢ ᠡᠷᠬᠡᠰᠢᠶᠡᠵᠦ ᠲᠡᠶᠢᠯᠬᠦ ᠦᠭᠡᠢ ᠪᠣᠯᠪᠠᠴᠣ ᠦᠪᠡᠷ ᠢ ᠪᠠᠨ ᠡᠵᠡᠮᠰᠢᠵᠦ ᠴᠢᠳᠠᠨ᠎ᠠ᠃ ᠬᠦᠮᠦᠨ ᠮᠠᠷᠭᠠᠰᠢ ᠪᠠᠨ ᠲᠦᠰᠦᠪᠯᠡᠵᠦ ᠲᠡᠶᠢᠯᠬᠦ ᠦᠭᠡᠢ ᠪᠣᠯᠪᠠᠴᠣ ᠦᠨᠦ ᠡᠳᠦᠷ ᠢᠶᠠᠨ ᠡᠵᠡᠮᠰᠢᠵᠦ ᠪᠣᠯᠣᠨ᠎ᠠ᠃ ᠬᠦᠮᠦᠨ ᠶᠠᠭᠤᠮ᠎ᠠ ᠪᠦᠬᠦᠨ ᠳᠤ ᠰᠢᠯᠣᠭᠤᠨ ᠪᠦᠳᠦᠮᠵᠢᠳᠡᠢ ᠪᠠᠶᠢᠵᠣ ᠲᠡᠶᠢᠯᠬᠦ ᠦᠭᠡᠢ ᠴᠦ ᠶᠠᠪᠣᠳᠠᠯ ᠪᠣᠯᠭᠠᠨ ᠳᠤ ᠪᠦᠬᠦ ᠬᠦᠴᠦᠨ ᠢᠶᠠᠷ ᠢᠶᠠᠨ ᠴᠢᠷᠮᠠᠶᠢᠵᠣ ᠪᠣᠯᠣᠨ᠎ᠠ᠃ ᠬᠦᠮᠦᠨ ᠴᠠᠭ ᠠᠭᠤᠷ ᠢ ᠬᠤᠪᠢᠷᠠᠭᠤᠯᠵᠣ ᠲᠡᠶᠢᠯᠬᠦ ᠦᠭᠡᠢ ᠴᠦ ᠣᠷᠮ᠎ᠠ ᠰᠡᠳᠬᠢᠯᠭᠡ ᠪᠠᠨ ᠬᠤᠪᠢᠷᠠᠭᠤᠯᠵᠣ ᠪᠣᠯᠣᠨ᠎ᠠ᠃ ᠬᠦᠮᠦᠨ ᠦᠩᠭᠡ ᠵᠢᠰᠦ ᠶᠢ ᠰᠣᠩᠭᠤᠵᠣ ᠲᠡᠶᠢᠯᠬᠦ ᠦᠭᠡᠢ ᠪᠣᠯᠪᠠᠴᠣ ᠢᠨᠢᠶᠡᠮᠰᠦᠩᠬᠦᠢ ᠴᠢᠷᠠᠢ ᠪᠠᠨ ᠢᠯᠡᠷᠡᠭᠦᠯᠵᠦ ᠪᠣᠯᠣᠨ᠎ᠠ᠃       42. ᠠᠮᠢᠳᠣᠷᠠᠯ ᠪᠣᠯ ᠵᠡᠭᠦᠳᠦ ᠪᠢᠰᠢ᠂ ᠬᠠᠷᠢᠨ ᠪᠢᠳᠡ ᠦᠪᠡᠷ ᠢᠶᠠᠨ ᠲᠣᠯᠣᠨ ᠪᠣᠰᠬᠠᠭᠰᠠᠨ ᠴᠡᠯᠮᠡᠭ ᠠᠭᠠᠷ ᠮᠦᠨ᠃ ᠠᠮᠢ ᠨᠠᠰᠣ ᠪᠣᠯ ᠲᠣᠭᠯᠠᠭᠠᠮ ᠪᠢᠰᠢ᠂ ᠬᠠᠷᠢᠨ ᠨᠢᠭᠡᠨ ᠣᠳᠠᠭᠠᠨ ᠤ ᠰᠦᠷ ᠵᠢᠪᠬᠤᠯᠠᠩᠳᠣ ᠠᠷᠢᠭᠤᠨ ᠲᠠᠷᠬᠠᠨ ᠠᠶᠠᠯᠠᠯ ᠪᠣᠯᠬᠤ ᠶᠣᠮ᠃       43. ᠡᠬᠡ ᠶᠢᠨ ᠬᠠᠶᠢᠷ᠎ᠠ ᠪᠣᠯ ᠮᠢᠨᠦ ᠨᠠᠰᠣᠨ ᠲᠣᠷᠰᠢ ᠣᠩᠰᠢᠨ ᠲᠠᠭᠤᠰᠣᠰᠢ ᠦᠭᠡᠢ ᠠᠪᠣᠷᠭᠤ ᠪᠦᠳᠦᠭᠡᠯ ᠪᠣᠯᠬᠤ ᠪᠦᠭᠡᠳ ᠮᠢᠨᠦ ᠦᠨᠢ ᠡᠭᠦᠷᠢᠳᠡ ᠨᠢᠰᠣᠨ ᠲᠣᠭᠤᠯᠣᠰᠢ ᠦᠭᠡᠢ ᠲᠡᠭᠷᠢ ᠮᠦᠨ᠃       44. ᠶᠣᠰᠣ ᠰᠣᠷᠳᠠᠬᠤᠨ ᠲᠠᠢ ᠬᠦᠮᠦᠨ ᠬᠡᠳᠦᠢ ᠪᠠᠷ ᠡᠳ᠋ ᠮᠦᠩᠬᠦ ᠦᠭᠡᠢ ᠪᠣᠯᠪᠠᠴᠣ ᠪᠣᠰᠣᠳ ᠲᠤ ᠮᠦᠨ ᠯᠡ ᠬᠠᠶᠢᠷᠠᠯᠠᠨ ᠬᠦᠨᠳᠦᠳᠭᠡᠭᠳᠡᠳᠡᠭ᠃ ᠨᠢᠭᠡᠨ ᠠᠪᠣᠷᠭᠤ ᠠᠷᠰᠯᠠᠨ ᠬᠡᠳᠦᠢ ᠪᠠᠷ ᠨᠠᠮ ᠲᠣᠭᠤᠢ ᠬᠦᠳᠡᠯᠦᠯ ᠦᠭᠡᠢ ᠣᠴᠦ᠋ᠢᠪᠠᠴᠣ ᠬᠦᠮᠦᠰ ᠮᠦᠨ ᠯᠡ ᠲᠡᠭᠦᠨ ᠠᠴᠠ ᠵᠢᠷᠦᠬᠡᠰᠢᠶᠡᠭᠡᠳ ᠪᠠᠶᠢᠳᠠᠭ᠃ ᠶᠣᠰᠣ ᠰᠣᠷᠳᠠᠬᠤᠨ ᠦᠭᠡᠢ ᠪᠠᠶᠠᠨ ᠬᠦᠮᠦᠨ ᠬᠡᠳᠦᠢ ᠪᠠᠷ ᠡᠳ᠋ ᠮᠦᠩᠬᠦ ᠬᠡᠳᠦᠨ ᠰᠠᠶ᠎ᠠ ᠪᠠᠶᠢᠭᠰᠠᠨ ᠴᠦ ᠬᠦᠮᠦᠰ ᠪᠠᠰᠣᠮᠵᠢᠯᠠᠨ ᠦᠵᠡᠬᠦ ᠠᠴᠠ ᠵᠠᠶᠢᠯᠠᠵᠣ ᠴᠢᠳᠠᠰᠢ ᠦᠭᠡᠢ ᠶᠣᠮ᠃ ᠨᠢᠭᠡᠨ ᠨᠣᠬᠠᠢ ᠳᠤ ᠠᠯᠳᠠ ᠮᠦᠩᠭᠦᠨ ᠤ ᠵᠢᠮᠰᠡᠭ ᠵᠡᠭᠦᠯᠭᠡᠭᠰᠡᠨ ᠴᠦ ᠶᠠᠭᠠᠬᠢᠭᠰᠠᠨ ᠴᠦ ᠬᠦᠮᠦᠨ ᠤ ᠬᠦᠨᠳᠦᠳᠭᠡᠯ ᠢ ᠣᠯᠵᠣ ᠲᠡᠶᠢᠯᠦᠰᠢ ᠦᠭᠡᠢ ᠶᠣᠮ᠃ ᠬᠦᠮᠦᠨ ᠵᠦᠪᠬᠡᠨ ᠵᠢᠳᠬᠦᠨ ᠴᠢᠷᠮᠠᠶᠢᠪᠠᠯ ᠰᠠᠶ᠋ᠢ ᠵᠣᠯ ᠵᠢᠷᠭᠠᠯ ᠠᠶᠠᠨᠳᠠᠭᠠᠨ ᠬᠦᠷᠴᠦ ᠢᠷᠡᠨ᠎ᠡ᠃ ᠶᠠᠭ ᠯᠡ ᠣᠰᠣ ᠣᠷᠣᠭᠤ ᠭᠠᠵᠠᠷ ᠠᠶᠠᠨᠳᠠᠭᠠᠨ ᠣᠷᠣᠰᠬᠤ ᠲᠠᠢ ᠠᠳᠠᠯᠢ ᠠᠵᠠᠢ᠃ ᠣᠶᠣᠨ ᠣᠬᠠᠭᠠᠨ᠂ ᠭᠠᠪᠢᠶ᠎ᠠ ᠵᠢᠳᠬᠦᠯ ᠰᠠᠶ᠋ᠢ ᠵᠢᠩᠬᠢᠨᠢ ᠡᠳ᠋ ᠬᠦᠷᠦᠩᠭᠡ ᠮᠦᠨ᠃       45. ᠬᠡᠷᠪᠡ ᠠᠮᠵᠢᠯᠳᠠ ᠣᠯᠣᠶ᠎ᠠ ᠭᠡᠪᠡᠯ ᠪᠠᠳᠣ ᠵᠣᠷᠢᠭ ᠢᠶᠠᠷ ᠬᠠᠨᠢ ᠪᠣᠯᠭᠠᠵᠣ᠂ ᠲᠣᠷᠰᠢᠯᠭ᠎ᠠ ᠪᠠᠷ ᠵᠦᠪᠯᠡᠭᠴᠢ ᠬᠢᠵᠦ᠂ ᠰᠡᠷᠡᠮᠵᠢ ᠪᠠᠷ ᠠᠬ᠎ᠠ ᠲᠡᠭᠦᠦ ᠪᠣᠯᠭᠠᠨ ᠂ ᠡᠷᠡᠮᠡᠯᠵᠡᠯ ᠢᠶᠠᠷ ᠬᠠᠷᠠᠭᠤᠯ ᠪᠣᠯᠭᠠᠬᠤ ᠬᠡᠷᠡᠭᠳᠡᠢ᠃       46. ᠨᠢᠭᠡᠨ ᠠᠮᠢᠳᠠᠨ ᠤ ᠰᠣᠳᠣᠯᠣᠭᠴᠢ ᠠᠹᠷᠢᠺᠠ ᠲᠢᠪ ᠤᠨ ᠨᠢᠭᠡᠨ ᠮᠦᠷᠡᠨ ᠤ ᠬᠤᠶᠠᠷ ᠬᠦᠪᠡᠭᠡ ᠪᠠᠷ ᠠᠮᠢᠳᠠᠨ ᠤ ᠰᠣᠳᠣᠯᠣᠯ ᠬᠢᠬᠦ ᠶᠠᠪᠣᠴᠠ ᠳᠤ ᠨᠢᠭᠡᠨ ᠬᠠᠴᠢᠨ ᠦᠵᠡᠭᠳᠡᠯ ᠢ ᠢᠯᠡᠷᠡᠭᠦᠯᠪᠡ᠄ ᠮᠦᠷᠡᠨ ᠤ ᠵᠡᠭᠦᠨ ᠲᠠᠯ᠎ᠠ  ᠳᠤ ᠠᠮᠢᠳᠣᠷᠠᠵᠣ ᠪᠠᠶᠢᠭ᠎ᠠ ᠪᠦᠭᠦᠩ ᠢ ᠮᠦᠷᠡᠨ ᠤ ᠪᠠᠷᠠᠭᠤᠨ ᠲᠠᠯ᠎ᠠ ᠳᠤ ᠠᠮᠢᠳᠣᠷᠠᠵᠣ ᠪᠠᠶᠢᠭ᠎ᠠ ᠪᠦᠭᠦᠩ ᠲᠠᠢ ᠬᠠᠷᠢᠴᠠᠭᠤᠯᠪᠠᠯ᠂ ᠦᠷᠡᠵᠢᠯ ᠤᠨ ᠴᠢᠳᠠᠪᠣᠷᠢ ᠰᠠᠶᠢᠨ ᠪᠦᠭᠡᠳ ᠭᠦᠶᠦᠬᠦ ᠴᠢᠳᠠᠪᠣᠷᠢ ᠨᠢ ᠴᠦ ᠴᠢᠩᠭ᠎ᠠ ᠪᠠᠶᠢᠳᠠᠭ᠃ ᠲᠡᠭᠡᠭᠡᠳ ᠲᠣᠰ ᠰᠣᠳᠣᠯᠣᠭᠴᠢ ᠠᠴᠠ ᠣᠴᠢᠷ ᠢ ᠨᠢ ᠣᠯᠬᠤ ᠪᠠᠷ ᠲᠣᠷᠰᠢᠯᠳᠠ ᠬᠢᠭᠰᠡᠨ ᠪᠠᠶᠢᠨ᠎ᠠ᠃ ᠮᠦᠷᠡᠨ ᠤ ᠬᠤᠶᠠᠷ ᠲᠠᠯ᠎ᠠ ᠶᠢᠨ ᠪᠦᠬᠦᠩ ᠢ ᠲᠣᠰ ᠲᠣᠰ ᠠᠷᠪᠠ ᠪᠠᠷᠢᠵᠣ ᠬᠠᠷᠢᠯᠴᠠᠨ ᠣᠷᠣᠨ ᠢ ᠨᠢ ᠰᠣᠯᠢᠭᠰᠠᠨ ᠪᠠᠶᠢᠨ᠎ᠠ᠃ ᠨᠢᠭᠡ ᠵᠢᠯ ᠤᠨ ᠲᠠᠷᠠᠭ᠎ᠠ ᠪᠠᠷᠠᠭᠤᠨ ᠲᠠᠯ᠎ᠠ ᠳᠤ ᠬᠦᠷᠭᠡᠭᠳᠡᠭᠰᠡᠨ ᠪᠦᠭᠦᠩ 14 ᠪᠣᠯᠣᠨ ᠦᠷᠡᠵᠢᠪᠡ᠃ ᠵᠡᠭᠦᠨ ᠲᠠᠯ᠎ᠠ ᠳᠤ ᠬᠦᠷᠭᠡᠭᠳᠡᠭᠰᠡᠨ ᠪᠦᠭᠦᠩ ᠬᠠᠷᠢᠨ ᠭᠤᠷᠪᠠᠭ᠋ᠠᠨ ᠲᠣᠯᠣᠭᠠᠢ ᠦᠯᠡᠳᠡᠵᠦ ᠪᠣᠰᠣᠳ ᠨᠢ ᠪᠦᠷ ᠴᠢᠨ᠋ᠸ᠎ᠠ ᠶᠢᠨ ᠢᠳᠡᠰᠢ ᠪᠣᠯᠣᠭᠰᠠᠨ ᠪᠠᠶᠢᠨ᠎ᠠ᠃ ᠣᠨᠢᠰᠤᠭ᠎ᠠ ᠢᠩᠬᠢᠭᠡᠳ ᠲᠠᠶᠢᠯᠣᠭᠳᠠᠪᠠ᠄ ᠮᠦᠷᠡᠨ ᠤ ᠵᠡᠭᠦᠨᠳᠡᠬᠢ ᠪᠦᠬᠦᠩ ᠴᠢᠬᠢᠷᠠᠭ ᠢᠳᠡᠷᠡᠬᠦᠨ ᠪᠠᠶᠢᠳᠠᠭ ᠨᠢ ᠲᠡᠳᠡᠨ ᠤ ᠬᠠᠪᠢ ᠪᠠᠷ ᠨᠢᠭᠡ ᠰᠦᠷᠦᠭ ᠴᠢᠨ᠋ᠸ᠎ᠠ ᠠᠮᠢᠳᠣᠷᠠᠵᠣ ᠪᠠᠶᠢᠳᠠᠭ᠃ ᠡᠶᠢᠮᠦ ᠠᠴᠠ ᠲᠡᠳᠡ ᠠᠮᠢ ᠵᠢᠭᠤᠬᠤ ᠭᠡᠪᠡᠯ ᠵᠠᠪᠠᠯ ᠴᠢᠨ᠋ᠸ᠎ᠠ ᠲᠠᠢ ᠦᠷᠢᠰᠦᠯᠳᠦᠬᠦ ᠬᠡᠷᠡᠭᠳᠡᠢ᠃ ᠢᠩᠬᠢᠬᠦ ᠪᠠᠷ ᠲᠡᠳᠡ ᠲᠡᠮᠡᠴᠡᠬᠦ ᠲᠣᠳᠣᠮ ᠠᠮᠢᠵᠢᠷᠠᠯ ᠤᠨ ᠬᠦᠴᠦᠨ ᠲᠠᠢ ᠪᠣᠯᠳᠠᠭ᠃ ᠮᠦᠷᠡᠨ ᠤ ᠪᠠᠷᠠᠭᠤᠨᠳᠡᠬᠢ ᠪᠦᠬᠦᠩ ᠶᠠᠭ ᠯᠡ ᠡᠰᠡᠷᠬᠦ ᠪᠠᠶᠢᠵᠣ ᠲᠠᠶᠢᠰᠣᠨ ᠡᠳᠡᠭᠡᠳ ᠲᠣᠳᠠᠭᠳᠠᠨ᠂ ᠣᠷᠣᠰᠢᠨ ᠲᠣᠭᠳᠠᠨᠢᠬᠤ ᠴᠢᠳᠠᠪᠣᠷᠢ ᠪᠠᠨ ᠠᠯᠳᠠᠨ ᠠᠮᠢᠳᠣᠷᠠᠬᠤ ᠲᠣᠳᠣᠮ ᠲᠣᠷᠣᠢ ᠪᠠᠭᠤᠷᠠᠢ ᠪᠣᠯᠳᠠᠭ ᠠᠵᠠᠢ᠃       47. ᠡᠩ ᠤᠨ ᠶᠠᠭᠤᠮᠠᠨ ᠳᠤ ᠭᠠᠶᠢᠬᠠᠮᠰᠢᠭᠳᠠᠢ ᠰᠢᠨᠵᠢ ᠴᠢᠨᠠᠷ ᠤᠨ ᠶᠠᠭᠤᠮ᠎ᠠ ᠠᠬᠤᠭᠤᠯᠵᠣ ᠪᠠᠶᠢᠳᠠᠭ᠃       48. ᠬᠦᠯ ᠤᠨ ᠴᠦᠪᠦᠷᠢᠭᠦᠦ ᠶᠢ ᠥᠪᠡᠷ ᠢᠶᠠᠨ ᠶᠠᠪᠣᠵᠣ ᠪᠠᠶᠢᠭᠠᠳ ᠣᠯᠣᠭᠰᠠᠨ ᠶᠣᠮ᠃ ︵ᠣᠰᠣᠯ ᠪᠣᠷᠣᠭᠤ  ᠶᠢ ᠥᠪᠡᠷ ᠢᠶᠠᠨ ᠰᠡᠳᠦᠭᠰᠡᠨ︶       49. ᠠᠷᠪᠢᠯᠠᠨ ᠭᠠᠮᠨᠠᠬᠤ ᠪᠣᠯ ᠦᠨᠢ ᠡᠭᠦᠷᠢᠳᠡ ᠶᠢᠨ ᠨᠢᠭᠡ ᠵᠦᠢᠯ ᠤᠨ ᠡᠷᠬᠢᠮ ᠰᠣᠷᠳᠠᠯ ᠪᠣᠯᠣᠨ᠎ᠠ᠃ ᠡᠨᠡ ᠪᠣᠯ ᠬᠤᠪᠢᠷᠠᠰᠢ ᠦᠭᠡᠢ ᠨᠣᠮ᠃            50. ᠪᠠᠷᠢᠮᠲᠠᠯᠠᠯ ᠪᠣᠯ ᠠᠮᠵᠢᠯᠳᠠ ᠶᠢᠨ ᠪᠠᠳᠣᠯᠠᠭ᠎ᠠ᠃ ︽ᠠᠭᠠᠯᠵᠢ ᠶᠠᠭᠠᠬᠢᠭᠠᠳ ᠨᠢᠰᠴᠣ ᠴᠢᠳᠠᠬᠤ ᠦᠭᠡᠢ ᠪᠠᠶᠢᠭᠠᠳ ᠬᠡᠢ ᠲᠡᠭᠡᠭᠦᠷ ᠲᠡᠭᠳᠡᠬᠦ ᠪᠣᠢ︖︾ ᠭᠡᠬᠦ ᠬᠦᠦ ᠶᠢᠨ ᠢᠶᠠᠨ ᠠᠰᠠᠭᠤᠯᠳᠠ ᠪᠠᠷ ᠣᠴᠢᠷᠯᠠᠨ ᠠᠵᠢᠭᠯᠠᠯᠳᠠ ᠬᠢᠵᠠᠢ᠃ ᠲᠡᠭᠡᠭᠰᠢ ᠲᠣᠭᠤᠭᠰᠢ ᠮᠦᠯᠬᠦᠵᠦ ᠬᠤᠶᠠᠷ ᠣᠳᠠᠰᠣ ᠲᠠᠳᠠᠳᠠᠯ᠎ᠠ ᠬᠠᠭᠠᠰ ᠴᠠᠭ ᠣᠷᠣᠨ᠎ᠠ ᠃ ᠮᠦᠯᠬᠦᠵᠦ ᠶᠠᠪᠣᠳᠠᠭ ᠠᠭᠠᠯᠵᠢ ᠪᠦᠳᠦᠭᠰᠡᠨ ᠲᠣᠣᠷ ᠤᠨ ᠢᠶᠠᠨ ᠲᠡᠭᠡᠭᠦᠷ ᠨᠢᠰᠬᠦ ᠮᠡᠳᠦ ᠪᠣᠯᠴᠢᠬᠠᠳᠠᠭ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ