ᠣᠷᠠᠨ ᠰᠣᠳᠣᠨ ᠦᠭᠡ ︵ᠵᠢᠷᠭᠤᠭ᠎ᠠ︶
ᠨᠡᠶᠢᠲᠡᠯᠡᠭᠰᠡᠨ ᠴᠠᠭ᠄
2023/11/21
      51. ᠮᠣᠩᠭᠤᠯ ᠤᠨ ᠦᠭᠡᠨ ᠳᠤ ︽ᠪᠣᠰᠴᠣ ᠬᠦᠨᠳᠦᠯᠡᠬᠦ ᠪᠠᠷ ᠪᠣᠳᠣᠵᠣ ᠬᠦᠨᠳᠦᠯᠡ︾ ᠭᠡᠳᠡᠭ᠃       52. ᠠᠬᠠᠮᠠᠳ ᠨᠢ ᠲᠣᠯᠢ ᠪᠣᠯᠵᠣ ᠭᠦᠶᠦᠬᠦ ᠳᠤ ᠵᠠᠯᠠᠭᠤ ᠨᠢ ᠲᠠᠷᠢᠬᠢ ᠪᠣᠯᠵᠣ ᠭᠦᠶᠦ᠃       53. ᠠᠩᠭ᠍ᠯᠢ ᠶᠢᠨ ᠰᠡᠴᠡᠨ ᠦᠭᠡᠨ ᠳᠤ᠄ ︽ᠴᠡᠷᠢᠭ ᠠᠩᠬᠢ ᠳᠤ ᠨᠢᠭᠡ ᠪᠠᠶᠢᠯᠳᠣᠭᠴᠢ ᠶᠢᠨ ᠮᠣᠷᠢ ᠰᠢᠷᠬᠠᠳᠣᠪᠠᠯ ᠨᠢᠭᠡ ᠪᠠᠶᠢᠯᠳᠣᠭᠴᠢ ᠶᠢ ᠢᠯᠠᠭᠳᠠᠭᠤᠯᠣᠨ᠎ᠠ᠂ ᠨᠢᠭᠡ ᠪᠠᠶᠢᠯᠳᠣᠭᠴᠢ ᠢᠯᠠᠭᠳᠠᠪᠠᠯ ᠨᠢᠭᠡ ᠠᠩᠬᠢ ᠴᠡᠷᠢᠭ ᠢ ᠢᠯᠠᠭᠳᠠᠭᠤᠯᠣᠨ᠎ᠠ᠃ ᠨᠢᠭᠡ ᠠᠩᠬᠢ ᠴᠡᠷᠢᠭ ᠢᠯᠠᠭᠳᠠᠪᠠᠯ ᠨᠢᠭᠡ ᠣᠳᠠᠭᠠᠨ ᠤ ᠪᠠᠶᠢᠯᠳᠣᠭᠠᠨ ᠢ ᠢᠯᠠᠭᠳᠠᠭᠤᠯᠣᠨ᠎ᠠ᠂ ᠨᠢᠭᠡ ᠣᠳᠠᠭᠠᠨ ᠤ ᠪᠠᠶᠢᠯᠳᠣᠭᠠᠨ ᠤ ᠢᠯᠠᠭᠳᠠᠯ ᠨᠢ ᠨᠢᠭᠡ ᠣᠯᠣᠰ ᠦᠨᠳᠦᠰᠦᠳᠡᠨ ᠢ ᠮᠦᠬᠦᠯ ᠳᠤ ᠬᠦᠷᠭᠡᠵᠦ ᠮᠡᠳᠡᠨ᠎ᠡ︾᠃       54. ᠬᠦᠷᠦᠰᠦ ᠨᠢᠮᠭᠡᠨ ᠪᠣᠯ ᠦᠨᠳᠦᠷ ᠮᠣᠳᠣ ᠣᠷᠭᠤᠬᠤ ᠦᠭᠡᠢ᠂ ᠣᠰᠣ ᠭᠦᠢᠬᠡᠨ ᠪᠣᠯ ᠲᠣᠮᠣ ᠵᠢᠭᠠᠰᠣ ᠱᠣᠩᠪᠠᠭ᠋ᠣ ᠦᠭᠡᠢ᠃       55. ᠮᠣᠩᠭᠤᠯ ᠬᠦᠮᠦᠨ ᠪᠣᠯ ᠲᠡᠭᠡᠳᠦ ᠨᠢᠭᠡ᠂ ᠰᠠᠨᠠᠭ᠎ᠠ ᠨᠢᠭᠡ᠂ ᠬᠠᠨᠳᠣᠯᠭ᠎ᠠ ᠨᠢᠭᠡ ︵ᠨᠠ᠊᠂ ᠲᠠᠯᠠᠨᠳᠠᠢ ᠶᠢᠨ ᠦᠭᠡ ᠠᠴᠠ︶       56. ᠬᠦᠮᠦᠨ ᠤ ᠠᠮᠵᠢᠯᠳᠠ ᠣᠯᠳᠠᠭ ᠨᠢ ᠲᠡᠭᠦᠨ ᠤ ᠲᠠᠪᠠᠭᠤᠯᠢᠭ ᠲᠠᠯ᠎ᠠ ᠠᠷᠪᠢᠨ ᠠᠴᠠ ᠪᠣᠯᠵᠠᠢ᠃ ᠬᠦᠮᠦᠨ  ᠤ ᠢᠯᠠᠭᠳᠠᠳᠠᠭ ᠨᠢ ᠲᠡᠭᠦᠨ ᠤ ᠲᠣᠳᠠᠭᠳᠠᠯ ᠲᠠᠢ ᠲᠠᠯ᠎ᠠ ᠣᠯᠠᠨ ᠪᠠᠶᠢᠳᠠᠭ ᠠᠴᠠ ᠪᠣᠯᠳᠠᠭ᠃ ᠬᠠᠯᠬ᠎ᠠ ᠶᠢᠨ ᠬᠡᠯᠡᠯᠭᠡ ᠶᠢ ᠠᠰᠢᠭᠯᠠᠭᠰᠠᠨ ᠵᠢᠱᠢᠶ᠎ᠡ᠄ ︵57 — 65︶       57. ᠡᠯᠪᠡᠷᠢᠯ ᠡᠩᠭᠦᠷᠡᠶᠢᠯᠡᠯ ᠭᠡᠭᠴᠢ ᠬᠢᠵᠠᠭᠠᠷ ᠦᠭᠡᠢ ᠦᠨᠳᠦᠷ ᠶᠣᠮ ᠪᠣᠯ ᠣᠷᠣᠢ ᠳᠤ ᠨᠢ ᠭᠠᠷᠬᠤ ᠶᠢᠨ ᠬᠦᠰᠡᠯ᠂ ᠬᠡᠮᠵᠢᠶᠡᠯᠡᠰᠢ ᠦᠭᠡᠢ ᠭᠦᠨ ᠶᠣᠮ ᠪᠣᠯ ᠢᠷᠣᠭᠠᠷ ᠲᠤ ᠨᠢ ᠬᠦᠷᠬᠦ ᠶᠢᠨ ᠲᠡᠮᠡᠦᠯᠦᠯ ᠪᠠᠶᠢᠬᠤ ᠰᠠᠨ︕       58. ᠨᠢᠳᠣᠨ ᠤ ᠲᠣᠳᠣᠷ᠎ᠠ ᠣᠷᠣᠴᠢᠬᠠᠬᠤ ᠰᠢᠣᠬᠠᠨ ᠰᠢᠷᠳᠡᠪᠡ᠃ ︵ᠨᠢᠳᠣᠨ ᠳᠤ ᠪᠠᠨ ᠰᠢᠩᠭᠡᠭᠡᠮᠡᠷ︶       59. ᠵᠣᠷᠠᠮᠠᠨ ᠳᠤ ᠰᠢᠳᠠᠮ       60. ᠡᠨᠡ ᠵᠡᠯᠢᠭᠦᠳ ᠭᠤᠪᠢ ᠳᠤ ᠰᠣᠷᠮᠣᠣᠰᠣ ᠪᠠᠨ ᠭᠠᠩᠳᠠᠳᠠᠯ᠎ᠠ ᠲᠦᠯᠡᠭᠳᠡᠵᠦ ᠪᠠᠶᠢᠬᠤ ᠭᠡᠭᠴᠢ ᠁  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ