ᠣᠷᠠᠨ ᠰᠣᠳᠣᠨ ᠦᠭᠡ ︵ᠳᠣᠯᠤᠭ᠎ᠠ︶
ᠨᠡᠶᠢᠲᠡᠯᠡᠭᠰᠡᠨ ᠴᠠᠭ᠄
2023/11/21
      61. ᠲᠣᠭᠤᠷᠢᠵᠣ ᠪᠣᠯᠳᠠᠭ ᠦᠭᠡᠢ᠂ ᠲᠠᠭᠠᠷᠢᠵᠣ ᠭᠠᠷᠳᠠᠭ ᠬᠤᠷᠸ᠎ᠠ ᠶᠢᠨ ᠵᠠᠮ ᠁ ᠣᠭᠤᠨᠣ ᠶᠢᠨ ᠬᠤᠶᠠᠷ ᠡᠪᠡᠷ ᠢ ᠣᠷᠢᠶᠠᠵᠣ ᠪᠠᠷᠢᠵᠣ ᠪᠣᠯᠳᠠᠭ ᠦᠭᠡᠢ᠂ ᠣᠷᠴᠢᠯᠠᠩ ᠬᠤᠷᠸ᠎ᠠ ᠶᠢᠨ ᠵᠠᠮ ᠢᠶᠠᠷ ᠣᠷᠣᠯ ᠦᠭᠡᠢ ᠲᠣᠭᠤᠷᠢᠵᠣ ᠪᠣᠯᠳᠠᠭ ᠦᠭᠡᠢ᠃       62. ᠨᠢᠳᠣᠨ ᠤ ᠬᠠᠷᠠᠴᠠ ᠲᠣᠰᠣ ᠲᠣᠰᠣᠭᠠᠭᠰᠠᠨ ᠭᠠᠯ ᠰᠢᠭ᠋ ᠰᠡᠷᠭᠦᠵᠦ       63. ᠨᠠᠰᠣ ᠦᠨᠳᠦᠷ ᠡᠵᠢ ᠶᠢ ᠪᠠᠨ ᠵᠣᠨ ᠳᠤ ᠨᠢ ᠪᠦᠭᠡᠬᠡᠨ ᠴᠠᠢ ᠲᠠᠢ᠂ ᠡᠪᠦᠯ ᠳᠤ ᠨᠢ ᠱᠦᠯᠦ ᠲᠠᠢ ᠪᠠᠶᠢᠯᠭᠠᠭᠰᠠᠭᠠᠷ ᠁       64. ᠬᠠᠷ᠎ᠠ ᠨᠢᠳᠦᠨ ᠠᠴᠠ ᠬᠦᠮᠦᠰᠭᠡ ᠭᠠᠳᠠᠭᠤᠷ᠃ ︵ᠬᠠᠷᠠᠵᠣ ᠪᠠᠶᠢᠭᠠᠳ ᠦᠯᠦ ᠬᠠᠶᠢᠬᠤᠷᠬᠤ ᠣᠪᠣᠷ︶       65. ᠪᠠᠶᠢᠭ᠎ᠠ ᠶᠠᠭᠤᠮ᠎ᠠ ᠢᠯᠡᠭᠦᠳᠡᠵᠦ᠂ ᠪᠠᠶᠢᠬᠤ ᠦᠭᠡᠢ ᠶᠠᠭᠤᠮ᠎ᠠ ᠦᠭᠡᠶᠢᠯᠡᠭᠳᠡᠳᠡᠭ ᠶᠢᠷᠳᠢᠨᠴᠣ ᠁       66. ᠬᠦᠮᠦᠨ ᠤ ᠵᠢᠷᠦᠭᠡ ᠬᠦᠯ ᠤᠨ ᠣᠯᠠ ᠳᠤ ᠪᠠᠨ ᠪᠠᠶᠢᠨ᠎ᠠ᠂ ᠬᠡᠵᠢᠶᠡᠳᠡ ᠨᠣᠳᠤᠭ ᠢᠶᠠᠨ ᠡᠷᠢᠭᠡᠳ ᠪᠠᠶᠢᠳᠠᠭ᠃       67. ᠦᠪᠡᠷ ᠤᠨ ᠢᠶᠠᠨ ᠦᠨᠳᠦᠰᠦᠳᠡᠨ ᠤ ᠪᠠᠨ ᠲᠣᠷᠦ᠋ᠢᠳᠠᠯ ᠢ ᠦᠵᠡᠵᠦ ᠰᠠᠭᠤᠬᠤ ᠨᠢ ᠬᠠᠮᠤᠭ ᠤᠨ ᠠᠵᠠ ᠪᠣᠰᠣ ᠶᠠᠪᠣᠳᠠᠯ ᠮᠦᠨ᠃ ᠶᠠᠭ ᠯᠡ ᠡᠵᠢ ᠶᠢᠨ ᠢᠶᠠᠨ ᠡᠪᠡᠳᠴᠢᠨ ᠳᠤ ᠲᠠᠷᠴᠢᠯᠭᠠᠭᠳᠠᠵᠣ ᠪᠠᠶᠢᠬᠤ ᠶᠢ ᠬᠠᠷᠠᠵᠣ ᠰᠠᠭᠤᠬᠤ ᠲᠠᠢ ᠠᠳᠠᠯᠢᠬᠠᠨ ᠭᠤᠨᠢᠭ ᠲᠠᠢ᠃ ︵ᠭᠤᠣ ᠢᠦᠢ ᠯᠢᠶᠠᠨ ᠤ ᠦᠭᠡ︶       68. ︽ᠴᠡᠴᠡᠭ ᠢ ᠪᠣᠣ ᠵᠣᠯᠭ᠎ᠠ᠂ ᠵᠢᠰᠦ ᠴᠢᠨᠢ ᠮᠠᠭᠤ ᠪᠣᠯᠣᠨ᠎ᠠ᠃ ᠣᠰᠣ ᠶᠢ ᠪᠣᠣ ᠪᠦᠷᠢᠯᠭᠡ᠂ ᠡᠷᠯᠢᠭ ᠲᠤ ᠣᠴᠢᠪᠠᠯ ᠦᠪᠡᠷ ᠢᠶᠠᠨ ᠣᠣᠭᠤᠨ᠎ᠠ︾ — ᠴᠡᠴᠡᠭ ᠡᠪᠡᠰᠦ᠂ ᠪᠠᠶᠢᠭᠠᠯᠢ ᠠᠬᠤᠢ ᠪᠠᠨ ᠬᠠᠶᠢᠷᠠᠯᠠ ᠭᠡᠰᠡᠨ ᠪᠣᠷᠣᠭᠵᠢᠭᠤᠨ ᠬᠦᠨ ᠣᠬᠠᠭᠠᠨ ᠮᠦᠨ᠃ ︵ᠭᠤᠣ ᠢᠦᠢ ᠯᠢᠶᠠᠨ ᠤ ᠦᠭᠡ︶       69. ᠭᠠᠷᠮᠠᠭᠠᠢ ᠬᠦᠮᠦᠨ ᠤ ᠴᠢᠬᠤᠯᠠ ᠨᠢᠭᠡᠨ ᠲᠠᠪᠠᠭᠤᠯᠢᠭ ᠲᠠᠯ᠎ᠠ ᠭᠡᠪᠡᠯ ᠠᠰᠢᠭ ᠦᠭᠡᠢ ᠪᠣᠶᠣ ᠬᠦᠴᠢᠷ ᠪᠡᠷᠬᠡ ᠲᠠᠢ ᠣᠷᠴᠢᠨ ᠳᠤ ᠴᠦᠭᠦᠷᠡᠰᠢ ᠦᠭᠡᠢ ᠪᠠᠶᠢᠬᠤ ᠳᠤ ᠣᠷᠣᠰᠢᠨ᠎ᠠ᠃ ︵ᠪᠧᠳ᠋ᠾᠣᠹᠧᠨ ᠤ ᠦᠭᠡ ᠠᠴᠠ︶       70. ᠬᠦᠰᠡᠯ ᠡᠷᠡᠮᠡᠯᠵᠡᠯ ᠬᠦᠮᠦᠨ ᠢ ᠵᠠᠯᠠᠭᠤᠵᠢᠭᠤᠯᠣᠨ᠎ᠠ᠃ ᠣᠴᠢᠷ ᠨᠢ ᠬᠦᠰᠡᠯ ᠡᠷᠡᠮᠡᠯᠵᠡᠯ ᠪᠠ ᠵᠠᠯᠠᠭᠤ ᠨᠠᠰᠣ ᠪᠣᠯ ᠢᠬᠢᠷ᠎ᠡ ᠬᠡᠦᠬᠡᠳ ᠮᠦᠨ᠃ ︵ᠱᠧᠯᠯᠢ ᠶᠢᠨ ᠦᠭᠡ ᠠᠴᠠ︶ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ