ᠣᠷᠠᠨ ᠰᠣᠳᠣᠨ ᠦᠭᠡ ︵ᠨᠠᠶᠢᠮᠠ︶
ᠨᠡᠶᠢᠲᠡᠯᠡᠭᠰᠡᠨ ᠴᠠᠭ᠄
2023/11/21
      71. ᠴᠠᠭ ᠪᠣᠯ ᠠᠭᠤᠣ ᠶᠡᠭᠡ ᠵᠣᠬᠢᠶᠠᠯᠴᠢ᠂ ᠢᠷᠡᠭᠡᠳᠦᠢ ᠶᠢᠨ ᠳ᠋ᠦᠩ ᠢ ᠲᠡᠷᠡ ᠪᠢᠴᠢᠭᠯᠡᠳᠡᠭ᠃ ︵ᠽᠠᠪᠯᠢᠨ ᠤ ᠦᠭᠡ ᠠᠴᠠ︶       72. ᠬᠦᠮᠦᠨ ᠮᠠᠷᠳᠠᠮᠠᠳᠠᠭᠠᠢ ᠪᠣᠯᠬᠤᠷ ᠦᠩᠭᠡᠷᠡᠭᠰᠡᠨ ᠵᠣᠪᠠᠯᠠᠩ ᠠᠴᠠ ᠪᠠᠨ ᠠᠩᠬᠢᠵᠢᠷᠠᠳᠠᠭ᠃ ᠮᠦᠨ ᠮᠠᠷᠳᠠᠮᠠᠳᠠᠭᠠᠢ ᠪᠣᠯᠬᠤᠷ ᠣᠷᠢᠳᠣᠬᠢ ᠬᠦᠮᠦᠰ ᠤᠨ ᠠᠯᠳᠠᠭ᠎ᠠ ᠶᠢ ᠲᠠᠬᠢᠨ ᠭᠠᠷᠭᠠᠳᠠᠭ᠃       73. ᠬᠤᠪᠢ ᠵᠠᠶᠠᠭ᠎ᠠ ᠪᠣᠯ ᠴᠢᠨᠦ ᠦᠭᠡᠳᠡ ᠠᠴᠠ ᠬᠢᠳᠤᠭ᠎ᠠ ᠬᠠᠶᠠᠵᠣ ᠦᠭᠳᠡᠭ᠂ ᠵᠠᠷᠢᠮ ᠬᠦᠮᠦᠨ ᠢᠷ ᠠᠴᠠ  ᠨᠢ ᠠᠳᠬᠤᠳᠠᠭ᠂ ᠵᠠᠷᠢᠮ ᠬᠦᠮᠦᠨ ᠡᠰᠢ ᠠᠴᠠ ᠨᠢ ᠠᠳᠬᠤᠵᠣ ᠵᠠᠮ ᠨᠡᠭᠡᠭᠡᠵᠦ ᠭᠠᠷᠳᠠᠭ᠃       74. ᠰᠢᠨ᠎ᠡ ᠶᠢ ᠡᠭᠦᠳᠬᠦ ᠭᠡᠪᠡᠯ ᠡᠷᠬᠡᠪᠰᠢ ᠬᠠᠭᠤᠴᠢᠨ ᠠᠴᠠ ᠰᠢᠯᠢᠬᠦ ᠬᠡᠷᠡᠭᠳᠡᠢ᠃       75. ᠪᠠᠯᠴᠢᠷ ᠪᠠᠭ᠎ᠠ ᠨᠠᠰᠣᠨ ᠠᠴᠠ ᠪᠠᠨ ᠡᠬᠢᠯᠡᠨ ᠮᠦᠷᠦᠭᠡᠳᠦᠯ ᠲᠠᠢ ᠪᠣᠯᠬᠤ ᠰᠠᠶᠢᠬᠠᠨ᠂ ᠬᠦᠮᠦᠨ ᠤ ᠮᠦᠷᠦᠭᠡᠳᠦᠯ ᠬᠦᠮᠦᠨ ᠢ ᠬᠦᠳᠦᠯᠳᠡᠭ᠃ ᠮᠦᠷᠦᠭᠡᠳᠦᠯ ᠪᠡᠶᠡᠯᠡᠬᠦ ᠪᠣᠢ᠂ ᠦᠭᠡᠢ ᠴᠦ ᠪᠣᠢ᠂ ᠡᠴᠦᠰ ᠤᠨ ᠡᠴᠦᠰ ᠲᠤ ᠪᠠᠭ᠎ᠠ ᠨᠠᠰᠣᠨ ᠤ ᠶᠠᠮᠠᠷ ᠨᠢᠭᠡᠨ ᠬᠡᠮᠵᠢᠶ᠎ᠡ ᠪᠠᠷ ᠵᠠᠪᠠᠯ ᠪᠡᠶᠡᠯᠡᠭᠰᠡᠨ ᠪᠠᠶᠢᠳᠠᠭ᠃ ᠬᠤᠵᠢᠮ ᠡᠷᠬᠢᠵᠦ ᠰᠠᠨᠠᠬᠤ ᠳᠤ ᠬᠦᠮᠦᠨ  ᠤ ᠲᠣᠷᠠᠳᠬᠠᠯ ᠤᠨ ᠰᠡᠳᠦᠪ ᠪᠣᠯᠵᠣ ᠰᠠᠶᠢᠬᠠᠨ ᠵᠢᠷᠭᠠᠯ ᠡᠳ᠋ᠯᠡᠭᠦᠯᠳᠡᠭ᠃ ᠡᠶᠢᠮᠦ ᠣᠴᠢᠷ ᠠᠴᠠ ᠪᠢ ᠬᠡᠦᠬᠡᠳ ᠪᠠᠭᠠᠴᠣᠳ ᠲᠤ ᠬᠠᠨᠳᠣᠵᠣ᠄ ᠮᠦᠷᠦᠭᠡᠳᠴᠡᠭᠡ︕ ᠮᠦᠷᠦᠭᠡᠳᠦᠯ ᠭᠡᠳᠡᠭ ᠲᠡᠮᠡᠦᠯᠦᠯ᠂ ᠲᠡᠮᠡᠦᠯᠣᠯ ᠬᠦᠮᠦᠨ ᠢ ᠵᠠᠪᠠᠯ ᠣᠷᠣᠭᠰᠢ ᠨᠢ ᠬᠦᠳᠦᠯᠳᠡᠭ ᠶᠣᠮ᠃ ᠮᠦᠷᠦᠭᠡᠳᠴᠡᠭᠡ︕ ᠬᠡᠦᠬᠡᠳ ᠡ︕ ︵ᠪ᠊᠂ ᠶᠠᠪᠣᠭᠤᠬᠤᠯᠠᠨ ᠤ ᠦᠭᠡ ᠠᠴᠠ︶       76. ᠨᠢᠭᠡ ᠣᠯᠣᠰ ᠤᠨ GDP ᠬᠦᠮᠦᠨ ᠪᠦᠷᠢ ᠶᠢᠨ ᠨᠣᠭᠳᠠᠯ ᠨᠢ 1000 — 3000 ᠲᠦᠭᠦᠷᠢᠭ ᠬᠦᠷᠪᠡᠯ ᠬᠤᠶᠠᠷ ᠵᠦᠢᠯ ᠤᠨ ᠶᠠᠭᠤᠮ᠎ᠠ ᠶᠢ ᠠᠪᠴᠢᠷᠠᠨ᠎ᠠ᠄ ᠠᠵᠣ ᠠᠬᠤᠢ ᠶᠢᠨ ᠰᠠᠷᠠᠭᠤᠯ ᠵᠠᠮ ᠢ ᠨᠡᠭᠡᠭᠡᠨ᠎ᠡ᠃ ᠨᠡᠶᠢᠭᠡᠮ  ᠤᠨ ᠣᠯᠠᠨ ᠵᠦᠷᠢᠴᠡᠯ ᠢ ᠪᠣᠢ ᠪᠣᠯᠭᠠᠨ᠎ᠠ᠃ ︵ᠷᠠᠰᠢᠳᠣᠩᠷᠣᠪ ᠤᠨ ᠦᠭᠡ ᠠᠴᠠ︶       77. ᠬᠠᠷᠠᠭ᠎ᠠ ᠪᠠᠶᠢᠪᠠᠯ ᠬᠠᠷᠭᠤᠢ ᠪᠠᠶᠢᠨ᠎ᠠ᠃       78. ᠢᠷᠡᠭᠡᠳᠦᠢ ᠳᠤ ᠰᠣᠷᠭᠠᠭᠤᠯᠢ ᠨᠠᠳᠠ ᠪᠠᠷ ᠣᠮᠣᠭᠰᠢᠯ ᠪᠣᠯᠭᠠᠨ᠎ᠠ᠃       79. ᠬᠦᠰᠡᠯᠡᠩ ᠢᠶᠠᠨ ᠪᠡᠶᠡᠯᠡᠭᠦᠯᠬᠦ ᠶᠢᠨ ᠲᠦᠯᠦᠭᠡ ᠬᠦᠯᠦᠰᠦ ᠣᠷᠣᠰᠬᠠᠬᠤ ᠪᠣᠯ ᠲᠠᠶᠢᠨ ᠤ ᠲᠠᠯᠠᠪᠣᠷ ᠲᠤ ᠴᠢᠰᠣ ᠣᠷᠣᠰᠬᠠᠬᠤ ᠲᠠᠢ ᠡᠭᠡᠭᠡ ᠠᠳᠠᠯᠢᠬᠠᠨ ᠦᠨ᠎ᠡ ᠦᠷᠳᠡᠭ ᠲᠠᠢ ᠶᠣᠮ᠃       80. ᠨᠡᠶᠢᠭᠡᠮ ᠵᠦᠪᠬᠡᠨ ᠦᠷ᠎ᠡ ᠳ᠋ᠦᠩ ᠢ ᠴᠢᠨᠢ ᠦᠵᠡᠬᠦ ᠪᠣᠯᠪᠠᠴᠣ ᠦᠪᠡᠷ ᠲᠤ ᠪᠠᠨ ᠶᠠᠪᠣᠴᠠ ᠶᠢ ᠠᠩᠬᠠᠷᠬᠤ ᠬᠡᠷᠡᠭᠳᠡᠢ᠃ 
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ