ᠣᠷᠠᠨ ᠰᠣᠳᠣᠨ ᠦᠭᠡ ︵ᠶᠢᠰᠦ︶
ᠨᠡᠶᠢᠲᠡᠯᠡᠭᠰᠡᠨ ᠴᠠᠭ᠄
2023/11/21
      81. ᠪᠢᠳᠡᠭᠡᠢ ᠲᠠᠬᠢᠵᠣ 0.5 ᠬᠤᠪᠢ ᠶᠢᠨ ᠰᠡᠳᠬᠢᠬᠦᠢ ᠪᠠᠷ 2.0 ᠬᠤᠪᠢ ᠶᠢᠨ ᠲᠡᠯᠡᠬᠡᠢ ᠶᠢᠷᠳᠢᠨᠴᠦ ᠶᠢ ᠬᠠᠮᠢᠶᠠᠷᠣᠭᠠᠳ ᠪᠠᠢ︕       82. ᠭᠠᠭᠴᠠᠭᠠᠷ ᠢᠶᠠᠨ ᠪᠠᠶᠢᠬᠤ ᠳᠤ ᠪᠡᠶ᠎ᠡ ᠳᠤ ᠪᠠᠨ ᠰᠠᠶᠢᠬᠠᠨ ᠬᠠᠨᠳᠣᠵᠣ᠂ ᠪᠣᠰᠣᠳ ᠲᠠᠢ ᠬᠠᠮᠳᠣ ᠪᠠᠶᠢᠪᠠᠯ ᠪᠣᠰᠣᠳ ᠲᠤ ᠰᠠᠶᠢᠬᠠᠨ ᠬᠠᠨᠳᠣᠭᠠᠷᠠᠢ︕       83. ᠪᠣᠰᠣᠳ ᠲᠤ ᠪᠣᠭᠤᠯ ᠪᠣᠯᠬᠤ ᠲᠣᠷ᠎ᠠ ᠦᠭᠡᠢ ᠪᠠᠶᠢᠳᠠᠯ᠎ᠠ ᠠᠷᠠᠳ ᠤᠨ ᠵᠣᠭᠤᠰ ᠲᠤ ᠪᠣᠭᠤᠯ ᠪᠣᠯᠬᠤ ᠲᠣᠷᠠᠳᠠᠢ ᠨᠢ ᠶᠠᠭᠤᠨ︖       84. ᠲᠡᠯᠡᠬᠡᠢ ᠶᠢᠨ ᠪᠦᠮᠪᠦᠷᠴᠡᠭ ᠪᠣᠯ ᠬᠦᠳᠡᠯᠭᠡᠭᠡᠨ ᠬᠢᠵᠦ ᠪᠠᠶᠢᠳᠠᠭ᠃ ᠨᠢᠭᠡ ᠬᠦᠮᠦᠨ ᠬᠡᠵᠢᠶᠡᠳᠡ ᠣᠷᠣᠭᠤᠳᠡᠯ ᠲᠣᠷᠦ᠋ᠢᠳᠡᠯ ᠤᠨ ᠪᠠᠶᠢᠷᠢᠨ ᠳᠤ ᠪᠠᠨ ᠣᠷᠣᠰᠢᠬᠤ ᠦᠭᠡᠢ ᠶᠣᠮ᠃       85. ᠰᠣᠷᠣᠯᠭ᠎ᠠ ᠶᠢᠨ ᠲᠣᠮᠳᠠ ᠲᠣᠳᠣᠷᠬᠠᠢ ᠡᠭᠦᠷᠭᠡ ᠲᠣᠭᠳᠠᠭᠠᠭᠰᠠᠨ ᠪᠠᠶᠢᠬᠤ ᠬᠡᠷᠡᠭᠳᠡᠢ᠃ ᠦᠨᠡᠨ ᠳᠤ  ᠪᠠᠨ ᠲᠡᠭᠡᠳᠦ ᠰᠢᠯᠭᠠᠯᠳᠠ ᠶᠢᠨ ᠬᠠᠮᠤᠭ ᠴᠢᠬᠤᠯᠠ ᠵᠦᠢᠯ ᠭᠡᠪᠡᠯ ᠦᠪᠡᠷ ᠤᠨ ᠲᠦᠯᠦᠪᠯᠡᠭᠡ ᠪᠠᠨ ᠪᠠᠷᠢᠮᠳᠠᠯᠠᠨ ᠪᠡᠶᠡᠯᠡᠭᠦᠯᠬᠦ ᠶᠠᠪᠣᠳᠠᠯ ᠪᠣᠯᠣᠨ᠎ᠠ᠃ ᠡᠨᠡ ᠨᠢ ᠶᠠᠭ ᠯᠡ ᠠᠭᠤᠯᠠ ᠮᠠᠴᠣᠬᠤ ᠶᠢᠨ ᠣᠷᠠᠨ ᠠᠷᠭ᠎ᠠ ᠨᠢ ᠲᠠᠰᠣᠷᠠᠯᠳᠠ ᠦᠭᠡᠢ ᠦᠭᠡᠳᠡ ᠪᠠᠨ ᠨᠢᠭᠡ ᠨᠢᠭᠡ ᠠᠯᠬᠤᠮ ᠢᠶᠠᠷ ᠣᠷᠣᠭᠰᠢᠯᠠᠬᠤ ᠲᠠᠢ ᠠᠳᠠᠯᠢ᠃ ᠡᠨᠡ ᠬᠦ ᠠᠷᠭ᠎ᠠ ᠶᠢ ᠬᠦᠮᠦᠨ ᠪᠦᠬᠦᠨ ᠮᠡᠳᠡᠳᠡᠭ ᠪᠣᠯᠪᠠᠴᠣ ᠬᠦᠮᠦᠨ ᠪᠦᠬᠦᠨ ᠪᠠᠷᠢᠮᠳᠠᠯᠠᠵᠣ ᠲᠡᠶᠢᠯᠬᠦ ᠦᠭᠡᠢ ᠨᠢ ᠬᠠᠷᠠᠮᠰᠠᠯᠳᠠᠢ᠃       86. ᠰᠠᠶᠢᠨ ᠰᠣᠷᠬᠤ ᠶᠢᠨ ᠲᠣᠮᠢᠶ᠎ᠠ᠄ ᠲᠣᠷ᠎ᠠ ᠪᠠᠬ᠎ᠠ + ᠴᠢᠷᠮᠠᠶᠢᠯᠭ᠎ᠠ + ᠰᠢᠨᠵᠢᠯᠡᠬᠦ ᠣᠬᠠᠭᠠᠨᠴᠢ ᠰᠣᠷᠣᠯᠴᠠᠬᠤ ᠠᠷᠭ᠎ᠠ = ᠠᠮᠵᠢᠯᠳᠠ ︵2004 ᠣᠨ ᠤ ᠪᠦᠬᠦ ᠣᠷᠣᠨ ᠤ ᠪᠠᠶᠢᠭᠠᠯᠢ ᠶᠢᠨ ᠰᠢᠨᠵᠢᠯᠡᠭᠡᠨ ᠤ ᠮᠣᠩᠭᠤᠯ  ᠢᠶᠠᠷ ᠰᠢᠯᠭᠠᠭᠤᠯᠣᠭᠰᠠᠳ ᠤᠨ ᠮᠠᠩᠯᠠᠢ ᠸᠧᠨ ᠹᠧᠩ ᠤᠨ ᠦᠭᠡ ᠠᠴᠠ︶       87. ᠰᠠᠶᠢᠨ ᠰᠠᠶᠢᠬᠠᠨ ᠵᠠᠩ ᠴᠢᠨᠠᠷ ᠬᠢᠭᠡᠳ ᠵᠦᠪ ᠰᠣᠩᠭᠤᠯᠳᠠ ᠲᠠᠢ ᠪᠠᠶᠢᠬᠤ ᠬᠡᠷᠡᠭᠳᠡᠢ᠃ ᠡᠶᠢᠮᠦ ᠬᠤᠶᠠᠷ ᠦᠯᠢᠭᠡᠷ ᠪᠠᠶᠢᠳᠠᠭ᠄ ᠬᠤᠭᠤᠴᠠᠭᠠᠨ ᠲᠣᠮᠳᠠᠬᠢ ᠰᠢᠯᠭᠠᠯᠳᠠ ᠳᠤ A ᠰᠣᠷᠣᠭᠴᠢ ᠲᠡᠳ᠋ᠯᠡᠭᠰᠡᠨ ᠣᠴᠢᠷ ᠢᠶᠠᠨ ᠭᠡᠷ ᠤᠨ ᠠᠬᠠᠮᠠᠳ ᠲᠤ ᠪᠠᠨ ᠮᠡᠳᠡᠭᠦᠯᠦᠨ ᠬᠤᠭᠤᠴᠠᠭᠠᠨ ᠰᠡᠭᠦᠯ ᠤᠨ ᠰᠢᠯᠭᠠᠯᠳᠠ ᠪᠣᠯᠳᠠᠯ᠎ᠠ ᠰᠣᠷᠣᠯᠭ᠎ᠠ ᠶᠢᠨ ᠲᠡᠷᠢᠭᠦᠨ ᠯᠦᠭᠡ  ᠪᠠᠨ ᠬᠡᠷᠬᠢᠨ ᠦᠷᠢᠰᠦᠯᠳᠦᠬᠦ ᠪᠠᠨ ᠵᠦᠪᠳᠡᠵᠡᠢ᠃ ᠭᠡᠷ ᠤᠨ ᠠᠬᠠᠮᠠᠳ ᠠᠴᠠ ᠨᠢ ᠬᠡᠦᠭᠡᠳ ᠤᠨ ᠢᠶᠠᠨ ᠰᠢᠯᠭᠠᠯᠳᠠ ᠶᠢᠨ ᠬᠠᠭᠤᠳᠠᠰᠣᠨ ᠦᠨᠴᠦᠭ ᠲᠡᠭᠡᠷ᠎ᠡ ︽— 1︾ ᠭᠡᠵᠦ ᠵᠢᠷᠣᠵᠠᠢ᠃ ᠡᠨᠡ ᠬᠦ ᠵᠢᠷᠣᠭᠠᠰᠣ ᠨᠢ ᠠᠷᠭ᠎ᠠ ᠪᠦᠬᠦᠨ ᠢ ᠰᠦᠪᠡᠭᠴᠢᠯᠡᠨ ᠲᠡᠷᠢᠭᠦᠯᠡᠭᠰᠡᠨ ᠬᠦᠮᠦᠨ ᠤ ᠬᠢᠴᠢᠶᠡᠯ ᠰᠣᠷᠣᠯᠭ᠎ᠠ ᠳᠤ ᠨᠢ ᠬᠠᠷᠰᠢ ᠰᠠᠭᠠᠳ ᠣᠴᠠᠷᠠᠭᠤᠯ ᠭᠡᠰᠡᠨ ᠲᠠᠯᠳᠠ ᠰᠠᠨᠠᠭ᠎ᠠ ᠲᠠᠢ ᠪᠠᠶᠢᠪᠠ᠃ B ᠰᠣᠷᠣᠭᠴᠢ ᠰᠣᠷᠣᠯᠭ᠎ᠠ ᠶᠢᠨ ᠣᠨ ᠳᠤ ᠪᠠᠨ ᠲᠡᠳ᠋ᠯᠡᠭᠰᠡᠨ ᠢᠶᠠᠨ ᠭᠡᠷ ᠤᠨ ᠠᠬᠠᠮᠠᠳ ᠲᠤ ᠪᠠᠨ ᠶᠠᠷᠢᠭᠰᠠᠨ ᠳᠤ᠂ ᠲᠡᠷᠡ ᠭᠡᠷ ᠤᠨ ᠠᠬᠠᠮᠠᠳ ᠠᠴᠠ ᠬᠡᠦᠭᠡᠳ ᠤᠨ ᠢᠶᠠᠨ ᠲᠡᠰᠬᠠᠯ ᠤᠨ ᠲᠡᠪᠳᠡᠷ  ᠤᠨ ᠠᠷᠣ ᠳᠤ ᠡᠶ᠎ᠡ ᠵᠣᠬᠢᠴᠠᠯᠳᠠᠢ ᠬᠠᠷᠢᠯᠴᠠᠨ ᠰᠣᠷᠣᠯᠴᠠᠵᠣ ᠮᠦᠷᠦ ᠵᠡᠷᠭᠡᠴᠡᠨ ᠣᠷᠣᠭᠰᠢᠯᠠᠬᠤ ᠶᠢ ᠢᠯᠡᠳᠭᠡᠭᠰᠡᠨ ︽=︾ ᠭᠡᠰᠡᠨ ᠬᠤᠶᠠᠷ ᠱᠣᠭᠤᠮ ᠲᠠᠳᠠᠭᠰᠠᠨ ᠭᠡᠨ᠎ᠡ᠃       88. ᠰᠣᠷᠣᠯᠭ᠎ᠠ ᠳᠤ ᠨᠢᠭᠡ ᠯᠡ ᠵᠢᠷᠣᠮ ᠤᠨ ᠲᠡᠪᠴᠢᠶᠡᠷᠢ ᠪᠠᠶᠢᠬᠤ ᠬᠡᠷᠡᠭᠳᠡᠢ᠃ ᠬᠠᠯᠠᠭᠤᠨ ᠬᠦᠢᠳᠡᠨ ᠵᠠᠩ ᠭᠠᠷᠭᠠᠬᠤ ᠪᠣᠯ ᠶᠡᠭᠡ ᠴᠡᠭᠡᠷ᠃ ᠨᠢᠭᠡ ᠦᠶ᠎ᠡ ᠰᠣᠯᠠ ᠵᠠᠳᠠᠭᠠᠶᠢᠷᠠᠭᠠᠳ ᠭᠡᠨᠡᠳᠳᠡ ᠨᠢᠭᠡᠨ ᠦᠶ᠎ᠡ ᠵᠣᠷᠢᠭᠵᠢᠨ ᠴᠢᠷᠮᠠᠶᠢᠳᠠᠭ ᠪᠣᠯᠪᠠᠴᠣ ᠲᠡᠷᠡ ᠴᠢᠨᠢ ᠦᠨᠡᠨ ᠳᠤ ᠪᠠᠨ ︽ᠬᠤᠨᠢ ᠪᠠᠨ ᠠᠯᠠᠭᠠᠳ ᠬᠠᠰᠢᠶ᠎ᠠ ᠪᠠᠨ ᠪᠠᠬᠢᠯᠡᠵᠦ ᠪᠠᠶᠢᠬᠤ︾  ᠲᠠᠢ ᠠᠳᠠᠯᠢ ᠬᠦᠴᠦ ᠪᠠᠨ ᠲᠠᠯᠠᠭᠠᠷ ᠪᠠᠷᠠᠵᠣ ᠪᠠᠶᠢᠬᠤ ᠬᠡᠷᠡᠭ᠃       89. ᠬᠤᠷᠴᠠ ᠰᠡᠷᠡᠯ ᠪᠣᠯ ᠣᠷᠳᠣ ᠬᠤᠭᠤᠴᠠᠭ᠎ᠠ ᠪᠣᠶᠣ ᠲᠡᠰᠪᠦᠷᠢ ᠬᠦᠯᠢᠴᠡᠯ ᠲᠠᠢ ᠰᠡᠳᠬᠢᠨ ᠪᠣᠳᠣᠯᠬᠢᠯᠠᠭᠰᠠᠨ ᠤ ᠦᠷ᠎ᠡ ᠳ᠋ᠦᠩ ᠮᠦᠨ᠃ ᠲᠡᠷᠡ ᠨᠢ ᠶᠠᠮᠠᠷ ᠨᠢᠭᠡᠨ ᠲᠣᠬᠢᠶᠠᠯᠳᠣᠯ ᠰᠡᠳᠦᠯᠳᠡ ᠪᠠᠷ ᠵᠢᠪᠠᠷ ᠲᠤ ᠦᠷᠪᠢᠰᠬᠦ ᠭᠠᠯ ᠤᠨ ᠰᠣᠷ ᠮᠡᠳᠦ ᠲᠦᠷᠡᠯᠵᠡᠭᠰᠡᠨ ᠪᠠᠶᠢᠭ᠎ᠠ ᠶᠣᠮ᠃ ᠬᠤᠷᠴᠠ ᠰᠡᠷᠡᠯ ᠪᠣᠯ ᠪᠡᠯᠡᠳᠭᠡᠯ ᠲᠠᠢ ᠬᠦᠮᠦᠨ ᠤ ᠲᠣᠰᠬᠠᠢ ᠠᠰᠢᠭ ᠪᠢᠯᠡ᠃ ︵ᠴᠢ ᠨᠠᠰᠣᠨ ᠪᠠᠭᠰᠢ ᠶᠢᠨ ︽ᠰᠣᠷᠬᠤ ᠠᠷᠭ᠎ᠠ ᠶᠢᠨ ᠵᠦᠭᠯᠡᠭᠦᠷ︾ ᠠᠴᠠ ᠡᠰᠢᠯᠡᠭᠰᠡᠨ ᠪᠠᠶᠢᠨ᠎ᠠ︶       90. ᠦᠪᠡᠷ ᠤᠨ ᠪᠡᠶ᠎ᠡ ᠪᠠᠨ ᠠᠵᠠ ᠵᠢᠷᠭᠠᠯᠳᠠᠨ ᠭᠡᠵᠦ ᠦᠯᠦ ᠵᠦᠪᠰᠢᠶᠡᠷᠡᠭᠰᠡᠳ ᠶᠡᠷᠦ ᠠᠵᠠ ᠵᠢᠷᠭᠠᠯᠳᠠᠢ ᠬᠦᠮᠦᠨ ᠪᠣᠯᠵᠣ ᠴᠢᠳᠠᠬᠤ ᠦᠭᠡᠢ ᠶᠣᠮ᠃ ᠵᠢᠩᠬᠢᠨᠢ ᠠᠵᠠ ᠵᠢᠷᠭᠠᠯ ᠭᠡᠭᠴᠢ᠄ ᠪᠦᠷᠢᠮᠦᠰᠦᠨ ᠪᠣᠳᠠᠳᠠᠢ ᠣᠷᠣᠰᠢᠯ ᠳᠤ ᠦᠪᠡᠷ ᠤᠨ ᠢᠶᠠᠨ ᠡᠷᠢᠯ ᠬᠦᠰᠡᠯ ᠢ ᠢᠯᠡᠷᠡᠭᠦᠯᠬᠦ ᠶᠠᠪᠣᠳᠠᠯ ᠪᠣᠯᠣᠨ᠎ᠠ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ