ᠣᠷᠠᠨ ᠰᠣᠳᠣᠨ ᠦᠭᠡ ︵ᠠᠷᠪᠠ︶
ᠨᠡᠶᠢᠲᠡᠯᠡᠭᠰᠡᠨ ᠴᠠᠭ᠄
2023/11/21
      91. ᠵᠢᠭᠠᠬᠠᠨ ᠬᠤᠷᠠᠭ᠎ᠠ ᠠᠴᠠ ᠪᠢᠴᠢᠬᠠᠨ ᠭᠦᠯᠦᠭᠡ ᠶᠢ ᠵᠠᠯᠠᠵᠣ ᠬᠤᠭᠤᠯᠠ ᠢᠳᠡᠭᠦᠯᠬᠦ ᠪᠠᠷ ᠪᠣᠯᠵᠠᠢ᠃ ᠲᠡᠷᠡ ᠨᠢᠭᠡ ᠰᠢᠷᠡᠭᠡ ᠨᠢᠯᠬ᠎ᠠ ᠨᠣᠭᠤᠭ᠎ᠠ ᠪᠡᠯᠡᠳᠭᠡᠪᠡ᠃ ᠡᠴᠦᠰ ᠲᠤ ᠪᠢᠴᠢᠬᠠᠨ ᠭᠦᠯᠦᠭᠡ ᠠᠷᠭᠠᠯᠠᠵᠣ ᠬᠤᠶᠠᠷᠬᠠᠨ ᠠᠮᠠ ᠢᠳᠡᠮᠡᠭᠴᠡ ᠲᠠᠬᠢᠵᠣ ᠢᠳᠡᠵᠦ ᠲᠡᠶᠢᠯᠬᠦ ᠦᠭᠡᠢ ᠪᠣᠯᠵᠠᠢ᠃ ᠬᠡᠳᠦᠨ ᠡᠳᠦᠷ ᠦᠩᠭᠡᠷᠡᠭᠰᠡᠨ ᠤ ᠲᠠᠷᠠᠭ᠎ᠠ ᠪᠢᠴᠢᠬᠠᠨ ᠭᠦᠯᠦᠭᠡ ᠠᠴᠠ ᠵᠢᠭᠠᠬᠠᠨ ᠬᠤᠷᠠᠭ᠎ᠠ ᠶᠢ ᠵᠠᠯᠠᠵᠣ ᠬᠤᠭᠤᠯᠠ ᠢᠳᠡᠭᠦᠯᠬᠦ ᠪᠠᠷ ᠪᠣᠯᠪᠠ᠃ ᠲᠡᠷᠡ ᠪᠣᠳᠣᠭᠰᠠᠨ ᠨᠢ᠄ ᠪᠢ ᠵᠢᠭᠠᠬᠠᠨ ᠬᠤᠷᠠᠭ᠎ᠠ ᠶᠢᠨ ᠰᠢᠭ᠋ ᠨᠠᠷᠢᠨ ᠬᠠᠷᠠᠮᠴᠢ ᠪᠠᠶᠢᠵᠣ ᠪᠣᠯᠬᠤ ᠦᠭᠡᠢ᠂ ᠵᠠᠪᠠᠯ ᠡᠯᠪᠡᠭ ᠲᠡᠯᠪᠡᠭ ᠰᠢᠷᠡᠭᠡ ᠪᠡᠯᠡᠳᠭᠡᠵᠦ ᠵᠣᠴᠢᠯᠠᠬᠤ ᠬᠡᠷᠡᠭᠳᠡᠢ ᠭᠡᠵᠡᠢ᠃ ᠢᠩᠬᠢᠭᠡᠳ ᠰᠢᠷᠡᠭᠡ ᠲᠦᠭᠦᠷᠡᠩ ᠬᠠᠪᠢᠷᠭᠠᠨ ᠮᠢᠬ᠎ᠠ ᠪᠡᠯᠡᠳᠭᠡᠪᠡ᠃ ︵ᠦᠵᠡᠯᠳᠡ᠄ ᠲᠣᠷ᠎ᠠ ᠰᠣᠨᠢᠷᠬᠠᠯ ᠭᠡᠵᠦ ᠠᠳᠠᠯᠢ ᠪᠣᠰᠣ ᠪᠠᠶᠢᠳᠠᠭ᠃ ᠶᠠᠪᠣᠳᠠᠯ ᠪᠦᠬᠦᠨ ᠳᠤ ᠦᠪᠡᠷ ᠤᠨ ᠦᠵᠡᠯᠳᠡ᠂ ᠠᠷᠭ᠎ᠠ ᠬᠡᠯᠪᠡᠷᠢ ᠪᠠᠨ ᠠᠯᠪᠠ ᠪᠠᠷ ᠪᠣᠰᠣᠳ ᠢᠶᠠᠷ ᠬᠦᠯᠢᠶᠡᠯᠭᠡᠬᠦ ᠭᠡᠬᠦ ᠴᠢᠬᠤᠯᠠ ᠦᠭᠡᠢ᠃ ᠠᠰᠠᠭᠤᠳᠠᠯ ᠲᠣᠯᠭᠠᠷᠠᠪᠠᠯ ᠣᠷᠣᠨ ᠢᠶᠠᠨ ᠰᠣᠯᠢᠨ ᠰᠡᠳᠬᠢᠨ ᠪᠣᠳᠣᠯᠬᠢᠯᠠᠵᠣ᠂ ᠪᠣᠰᠣᠳ ᠤᠨ ᠵᠣᠭᠰᠣᠴᠠ ᠠᠴᠠ ᠪᠣᠳᠣᠯᠬᠢᠯᠠᠪᠠᠯ ᠰᠠᠶ᠋ᠢ ᠪᠣᠰᠣᠳ ᠢ ᠨᠡᠩ ᠰᠠᠶᠢᠨ ᠢᠶᠠᠷ ᠣᠶᠢᠯᠠᠭᠠᠵᠣ ᠴᠢᠳᠠᠨ᠎ᠠ᠃︶       92. ᠬᠠᠮᠤᠭ ᠰᠠᠶᠢᠨ ᠲᠠᠭᠠᠷᠢᠯᠳᠠ ᠪᠣᠯ ᠲᠠᠷᠣᠢ ᠦᠪᠡᠷ ᠢ ᠪᠠᠨ ᠲᠠᠭᠠᠷᠢᠬᠤ ᠪᠣᠯᠣᠨ᠎ᠠ᠃       93. ᠦᠷᠢᠰᠦᠯᠳᠦᠭᠡᠨ ᠪᠣᠯ ᠦᠨᠡᠨ ᠳᠤ ᠪᠠᠨ ᠨᠢᠭᠡ ᠵᠦᠢᠯ ᠤᠨ ᠨᠦᠬᠦᠷᠯᠡᠯ ᠪᠣᠯᠣᠨ᠎ᠠ᠃ ᠡᠰᠡᠷᠭᠦ ᠡᠳᠡᠭᠡᠳ  ᠤᠨ ᠢᠶᠠᠨ ᠬᠠᠪᠰᠣᠷᠣᠯᠭ᠎ᠠ ᠲᠣᠣᠷ᠎ᠠ ᠴᠢ ᠨᠡᠩ ᠰᠡᠴᠡᠨ ᠰᠡᠷᠭᠦᠯᠡᠩ ᠪᠣᠯᠳᠠᠭ᠃ ᠦᠷᠢᠰᠦᠯᠳᠦᠭᠡᠨ ᠠᠴᠠ ᠠᠶᠣᠳᠠᠭ ᠬᠦᠮᠦᠨ ᠨᠢᠭᠡᠨᠳᠡ ᠡᠰᠡᠷᠭᠦ ᠡᠳᠡᠭᠡᠳ ᠲᠤ ᠪᠠᠨ ᠲᠡᠶᠢᠯᠦᠭᠳᠡᠴᠢᠭᠡᠭᠰᠡᠨ ᠪᠠᠶᠢᠳᠠᠭ᠃       94. ᠬᠦᠮᠦᠨ ᠳᠤ ᠵᠣᠭᠤᠰ ᠦᠭᠬᠦ ᠪᠣᠯ ᠲᠣᠣᠷᠠᠳᠣ ᠪᠣᠳᠣᠯᠭ᠎ᠠ᠂ ᠴᠢᠳᠠᠪᠣᠷᠢ ᠦᠭᠬᠦ ᠪᠣᠯ ᠲᠣᠮᠳᠠ ᠪᠣᠳᠣᠯᠭ᠎ᠠ᠂ ᠦᠵᠡᠯ ᠰᠠᠨᠠᠭ᠎ᠠ ᠦᠭᠬᠦ ᠪᠣᠯ ᠲᠡᠭᠡᠳᠦ ᠪᠣᠳᠣᠯᠭ᠎ᠠ᠃ ᠡᠳ᠋ ᠬᠦᠷᠦᠩᠬᠡ ᠪᠠᠷ ᠦᠵᠡᠯ ᠰᠠᠨᠠᠭ᠎ᠠ ᠶᠢ ᠬᠤᠳᠠᠯᠳᠣᠨ ᠠᠪᠴᠢᠷᠠᠵᠣ ᠲᠡᠶᠢᠯᠬᠦ ᠦᠭᠡᠢ᠂ ᠬᠠᠷᠢᠨ ᠦᠵᠡᠯ ᠰᠠᠨᠠᠭ᠎ᠠ ᠪᠠᠷ ᠮᠣᠳᠤᠭ ᠡᠳ᠋ ᠬᠦᠷᠦᠩᠬᠡ ᠶᠢ ᠬᠤᠳᠠᠯᠳᠣᠨ ᠠᠪᠴᠢᠷᠠᠵᠣ ᠲᠡᠶᠢᠯᠦᠨ᠎ᠡ᠃ ᠲᠡᠯᠡᠬᠡᠢ ᠲᠡᠭᠡᠷᠡᠬᠢ ᠬᠠᠮᠤᠭ ᠶᠡᠭᠡ ᠵᠠᠬ᠎ᠠ ᠲᠡᠯᠭᠡᠭᠦᠷ ᠪᠣᠯ ᠬᠦᠮᠦᠨ ᠤ ᠲᠠᠷᠢᠬᠢᠨ ᠳᠤ ᠪᠠᠶᠢᠳᠠᠭ᠃       95. ᠬᠤᠪᠢ ᠵᠠᠶᠠᠭ᠎ᠠ ᠪᠣᠯ ᠲᠠᠶᠠᠭᠳᠠᠯ ᠪᠣᠰᠣ᠂ ᠬᠠᠷᠢᠨ ᠴᠢᠷᠮᠠᠶᠢᠯᠭ᠎ᠠ ᠮᠦᠨ᠃ ᠬᠤᠪᠢ ᠵᠠᠶᠠᠭ᠎ᠠ ᠪᠣᠯ ᠬᠡᠶᠢᠮᠣᠷᠢ ᠪᠢᠰᠢ᠂ ᠬᠠᠷᠢᠨ ᠰᠣᠩᠭᠤᠯᠳᠠ ᠮᠦᠨ᠃ ᠬᠤᠪᠢ ᠵᠠᠶᠠᠭ᠎ᠠ ᠪᠣᠯ ᠬᠦᠯᠢᠶᠡᠯᠳᠡ ᠪᠢᠰᠢ᠂ ᠬᠠᠷᠢᠨ ᠡᠵᠡᠮᠳᠡᠯ ᠮᠦᠨ᠃ ᠬᠤᠪᠢ ᠵᠠᠶᠠᠭ᠎ᠠ ᠪᠣᠯ ᠨᠡᠷ᠎ᠡ ᠦᠭᠡ ᠪᠢᠰᠢ᠂ ᠬᠠᠷᠢᠨ ᠦᠢᠯᠡ ᠦᠭᠡ ᠮᠦᠨ᠃ ᠬᠤᠪᠢ ᠵᠠᠶᠠᠭ᠎ᠠ ᠪᠠᠨ ᠦᠭᠡᠷᠡᠴᠢᠯᠡᠬᠦ ᠭᠡᠪᠡᠯ ᠣᠷᠢᠳ ᠢᠶᠠᠷ ᠣᠶᠢᠯᠠᠭᠠᠭᠳᠠᠬᠤᠨ ᠢᠶᠠᠨ ᠦᠭᠡᠷᠡᠴᠢᠯᠡᠬᠦ ᠬᠡᠷᠡᠭᠳᠡᠢ᠃       96. ᠬᠦᠮᠦᠨ ᠤ ᠠᠮᠢᠳᠣᠷᠠᠯ ᠤᠨ ᠴᠢᠬᠤᠯᠠ ᠨᠢ ᠴᠢ ᠬᠠᠮᠢᠭ᠎ᠠ ᠠᠴᠠ ᠢᠷᠡᠭᠰᠡᠨ ᠳᠤ ᠪᠠᠶᠢᠬᠤ ᠪᠢᠰᠢ᠂ ᠬᠠᠷᠢᠨ ᠬᠠᠮᠢᠭ᠎ᠠ ᠬᠦᠷᠬᠦ ᠪᠣᠢ︖ ᠭᠡᠳᠡᠭ ᠨᠢ ᠴᠢᠬᠤᠯᠠ ᠪᠣᠯᠠᠢ᠃ ᠲᠠ ᠲᠣᠯᠣᠭᠠᠢ ᠪᠦᠬᠦ᠋ᠢᠨ ᠰᠢᠷᠭᠠᠭᠤ ᠰᠣᠷᠣᠯᠴᠠᠬᠤ ᠶᠢᠨ ᠲᠠᠯᠢᠮ ᠪᠠᠰᠠ ᠲᠣᠯᠣᠭᠠᠢ ᠡᠷᠭᠦᠨ ᠬᠦᠷᠬᠦ ᠴᠢᠭᠯᠡᠯ ᠢᠶᠠᠨ ᠬᠠᠷᠠᠬᠤ ᠴᠢᠬᠤᠯᠠᠳᠠᠢ ᠰᠢᠦ︕ ᠬᠡᠷᠪᠡ ᠴᠢᠭᠯᠡᠯ ᠴᠢᠨᠢ ᠪᠣᠷᠣᠭᠤ ᠪᠣᠯ ᠴᠢᠷᠮᠠᠶᠢᠯᠭ᠎ᠠ ᠴᠢᠨᠢ ᠲᠠᠯᠠᠭᠠᠷ ᠪᠣᠯᠣᠨ᠎ᠠ ᠳ᠋ᠠ︕       97. ᠰᠢᠨ᠎ᠡ ᠶᠢ ᠡᠭᠦᠳᠬᠦ ᠭᠡᠵᠦ ᠰᠢᠨᠡᠳᠬᠦ ᠶᠢ ᠬᠡᠯᠡᠨ᠎ᠡ᠂ ᠦᠭᠡᠷᠡᠴᠢᠯᠡᠯᠳᠡ ᠭᠡᠵᠦ ᠬᠤᠪᠢᠷᠠᠯᠳᠠ ᠶᠢ ᠬᠡᠯᠡᠨ᠎ᠡ᠃ ᠰᠢᠨᠡᠳᠬᠦ ᠨᠢ ᠣᠯᠠᠮᠵᠢᠯᠠᠯ ᠢ ᠲᠠᠶᠠᠭᠳᠠᠬᠤ ᠪᠢᠰᠢ᠂ ᠬᠠᠷᠢᠨ ᠣᠯᠠᠮᠵᠢᠯᠠᠯ ᠢ ᠵᠠᠯᠭᠠᠮᠵᠢᠯᠠᠨ᠎ᠠ᠃ ᠰᠢᠨᠵᠢᠯᠡᠬᠦ ᠣᠬᠠᠭᠠᠨ ᠤ ᠮᠦᠨ ᠴᠢᠨᠠᠷ ᠪᠣᠯ ᠲᠠᠷᠣᠢ ᠰᠢᠨ᠎ᠡ ᠶᠢ ᠡᠭᠦᠳᠬᠦ ᠪᠣᠯᠣᠨ᠎ᠠ᠂ ᠬᠤᠪᠢᠷᠠᠯᠳᠠ ᠶᠢᠨ ᠮᠦᠨ ᠴᠢᠨᠠᠷ ᠨᠢ ᠬᠦᠭᠵᠢᠯᠳᠡ ᠪᠣᠯᠬᠤ ᠶᠣᠮ᠃       98. ᠠᠮᠢ ᠨᠠᠰᠣᠨ ᠤ ᠣᠳᠬ᠎ᠠ ᠠᠭᠤᠯᠭ᠎ᠠ ᠨᠢ ᠠᠮᠢᠳᠣᠷᠠᠬᠤ ᠶᠢᠨ ᠣᠷᠳᠣ ᠣᠬᠤᠷ ᠲᠤ ᠨᠢ ᠪᠠᠶᠢᠬᠤ ᠪᠢᠰᠢ᠂ ᠬᠠᠷᠢᠨ ᠡᠷᠳᠡ ᠪᠣᠶᠣ ᠣᠷᠣᠢ ᠣᠬᠠᠭᠠᠷᠠᠨ ᠰᠡᠭᠡᠭᠡᠷᠡᠭᠰᠡᠨ ᠳᠤ ᠪᠠᠶᠢᠳᠠᠭ᠃       99. ᠰᠣᠷᠣᠯᠭ᠎ᠠ ᠶᠢᠨ ᠨᠠᠮᠳᠠᠷ ᠦᠩᠭᠡᠷᠡᠭᠰᠡᠨ ᠢ ᠲᠦᠯᠦᠭᠡᠯᠡᠵᠦ᠂ ᠪᠣᠳᠠᠰ ᠤᠨ ᠬᠦᠴᠦ ᠣᠳᠣ ᠴᠠᠭ ᠢ ᠲᠦᠯᠦᠭᠡᠯᠡᠬᠦ ᠳᠤ ᠰᠣᠷᠣᠯᠴᠠᠯᠭ᠎ᠠ ᠶᠢᠨ ᠬᠦᠴᠦᠯᠡᠴᠡ ᠢᠷᠡᠭᠡᠳᠦᠢ ᠶᠢ ᠲᠦᠯᠦᠭᠡᠯᠡᠳᠡᠭ᠃  
ᠢᠷᠡᠯᠲᠡ᠄ ᠬᠤᠯᠪᠤᠭ᠎ᠠ ᠪᠦᠷᠭᠡ ᠰᠦᠯᠵᠢᠶ᠎ᠡ